ᠨᠡᠪᠲᠡᠷᠡᠨ ᠤᠷᠤᠬᠤ
ᠮᠢᠨᠤ ᠮᠤᠩᠭ᠋ᠤᠯ ᠰᠦᠯᠵᠢᠶ᠎ᠠ

ᠣᠳᠤᠳᠤ ᠳᠠᠯ᠎ᠠ ᠡᠴᠡ ᠳᠡᠭᠦᠯᠢᠭ᠍ᠴᠢ

ᠣᠩᠭ᠋ᠤᠨ ᠰᠠᠷᠠᠯ ᠭᠦᠯᠦᠭ᠌

ᠣᠷᠴᠢᠯᠠᠩ ᠬᠤᠷᠸ᠎ᠠ ᠪᠠᠷ ᠰᠠᠴᠤᠷᠠᠭᠴᠢ

ᠣᠪᠠᠳᠢᠰᠳᠤ ᠡᠷᠳᠡᠨᠢ ᠶᠢᠨ ᠭᠡᠷᠡᠯ

ᠮᠢᠨᠤ ᠮᠤᠩᠭ᠋ᠤᠯ ᠰᠦᠯᠵᠢᠶ᠎ᠠ

ᠮᠢᠨᠤ ᠪᠠᠬᠠᠷᠬᠠᠯ ᠤᠨ ᠳᠠᠠᠵᠢ︕

ᠰᠠᠠᠰᠠᠷ ᠳᠡᠭ᠍ᠷᠢ ᠪᠠᠷ ᠴᠠᠭᠢᠯᠵᠠᠭᠴᠢ

ᠰᠠᠢ᠌ᠬᠠᠨ ᠮᠤᠩᠭ᠋ᠤᠯ ᠡᠭᠡᠰᠢᠭ᠌

ᠰᠠᠨᠠᠭ᠎ᠠ ᠰᠡᠳᠭᠢᠯ ᠢ ᠮᠢᠨᠢ ᠳᠡᠵᠢᠭᠡᠯᠰᠢᠭᠦᠯᠦᠭ᠍ᠴᠢ

ᠰᠠᠷᠠᠭᠤᠯ ᠴᠡᠭᠡᠨ ᠣᠬᠠᠭᠠᠨ

ᠮᠢᠨᠤ ᠮᠤᠩᠭ᠋ᠤᠯ ᠰᠦᠯᠵᠢᠶ᠎ᠠ

ᠮᠢᠨᠤ ᠬᠠᠢ᠌ᠷ᠎ᠠ ᠶᠢᠨ ᠳᠠᠭᠤᠨ ︕

ᠳᠡᠯᠡᠭᠡᠢ ᠶᠢᠨ ᠰᠤᠨᠢᠨ ᠢ ᠰᠤᠨᠤᠷᠳᠠᠭᠤᠯᠤᠭᠴᠢ

ᠳᠡᠭᠡᠳᠤ ᠳᠡᠷᠢᠭᠦᠨ ᠵᠡᠪᠰᠡᠭ᠌

ᠳᠡᠯᠭᠡᠷ ᠮᠡᠳᠡᠯᠭᠡ ᠶᠢ ᠣᠯᠠᠮᠵᠢᠯᠠᠭᠴᠢ

ᠳᠡᠯᠭᠡᠴᠡ ᠠᠭᠤᠳᠠᠮ ᠵᠠᠢ

ᠮᠢᠨᠤ ᠮᠤᠩᠭ᠋ᠤᠯ ᠰᠦᠯᠵᠢᠶ᠎ᠠ

ᠮᠢᠨᠤ ᠠᠮᠢᠵᠢᠷᠠᠯ ᠤᠨ ᠵᠢᠭᠦᠷ︕


2009.09.23. ᠬᠦᠬᠡᠬᠤᠲᠠᠨ᠎ᠡ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 03 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ