☆ ᠥᠭᠡᠯᠡᠳ ᠭᠠᠯᠳᠠᠨ
ᠴᠡᠭᠡᠷ ᠤᠨ ᠳᠤᠬᠠᠢ ᠳᠤᠯᠢᠬᠠᠨ ᠮᠦᠷᠳᠠᠯ
ᠴᠡᠭᠡᠷ ᠪᠣᠯ ᠱᠠᠰᠢᠨ ᠤ ᠰᠤᠶᠤᠯ ᠤᠨ ᠭᠦᠷᠢᠶ᠎ᠡ ᠭᠡᠪᠴᠢᠶᠡᠨ ᠳᠤ ᠬᠠᠷᠢᠶᠠᠯᠠᠭᠳᠠᠬᠤ᠂ ᠪᠣᠳᠠᠰ ᠤᠨ ᠪᠣᠰᠤ ᠰᠤᠶᠤᠯ ᠤᠨ ᠨᠢᠭᠡ ᠪᠣᠯᠬᠤ ᠶᠤᠮ᠃ ᠳᠠᠷᠤᠢ ᠣᠷᠳᠤ ᠣᠳᠠᠭᠠᠨ ᠵᠢᠯ ᠤᠨ ᠳᠤᠷᠰᠢᠳᠠ ᠠᠷᠠᠤᠨ ᠲᠦᠮᠡᠨ ᠤ ᠠᠮᠠᠨ ᠶᠠᠷᠢᠶ᠎ᠠ ᠪᠠᠷ ᠣᠯᠠᠮᠵᠢᠯᠠᠭᠳᠠᠵᠤ᠂ ᠰᠢᠨᠡᠴᠢᠯᠡᠭ᠍ᠳᠡᠵᠤ ᠢᠷᠡᠭ᠍ᠰᠡᠨ 《ᠪᠢᠴᠢᠭ᠍ᠳᠡᠭᠡ ᠦᠭᠡᠶ ᠬᠠᠤᠯᠢ ᠴᠠᠭᠠᠵᠠ᠂ ᠳᠦᠷᠢᠮ ᠳᠤᠭᠳᠠᠭᠠᠯ᠂ ᠰᠠᠭᠢᠯᠭ᠎ᠠ ᠰᠠᠠᠸᠠᠷ᠂ ᠶᠤᠰᠤ ᠵᠢᠷᠤᠮ》 ᠪᠣᠶᠤ ᠳᠡᠭᠡᠳᠦᠰ ᠤᠨ ᠣᠯᠠᠮᠵᠢᠯᠠᠯᠳᠤ ᠰᠤᠷᠭᠠᠯ ᠮᠦᠨ ᠭᠡᠵᠤ ᠣᠳᠤ ᠦᠶ᠎ᠡ ᠳᠤ ᠭᠦᠮᠦᠰ ᠨᠢᠭᠡᠨ ᠳᠠᠯ᠎ᠠ ᠡᠴᠡ ᠨᠢ ᠣᠢ᠌ᠯᠠᠭᠠᠵᠤ ᠪᠣᠯᠬᠤ ᠶᠤᠮ᠃
ᠪᠠᠢ᠌ᠭᠠᠯᠢ ᠶᠢᠨ ᠥᠵᠡᠭ᠍ᠳᠡᠯ ᠡᠷᠳᠡᠨ ᠡᠴᠡ ᠠᠪᠣᠭᠠᠤᠨ ᠡᠳᠦᠭᠡ ᠪᠣᠯᠳᠠᠯ᠎ᠠ ᠪᠠᠢ᠌ᠵᠤ ᠪᠠᠢ᠌ᠬᠤ ᠮᠥᠷᠳᠡᠭᠡᠨ ᠢᠷᠡᠭᠡᠳᠦᠢ ᠳᠤ ᠮᠦᠨ ᠪᠠᠢ᠌ᠬᠤ ᠪᠣᠯᠤᠨ᠎ᠠ᠃ ᠬᠠᠷᠢᠨ ᠪᠠᠢ᠌ᠭᠠᠯᠢ ᠶᠢᠨ ᠥᠵᠡᠭ᠍ᠳᠡᠯ ᠶᠠᠭᠠᠭᠢᠵᠤ ᠬᠤᠪᠢᠷᠠᠵᠤ᠂ ᠰᠢᠨ᠎ᠠ ᠰᠢᠨ᠎ᠠ ᠪᠠᠢ᠌ᠭᠠᠯᠢ ᠶᠢᠨ ᠭᠠᠮᠰᠢᠭ ᠭᠠᠷᠬᠤ ᠨᠢ ᠭᠦᠮᠤᠨ ᠤ ᠣᠢ᠌ᠯᠠᠳᠤᠯ ᠡᠴᠡ ᠰᠢᠯᠳᠠᠭᠯᠠᠭᠳᠠᠳᠠᠭ ᠪᠠᠢ᠌ᠨ᠎ᠠ᠃ ᠮᠤᠩᠭ᠋ᠤᠯᠴᠤᠳ ᠡᠭᠡ ᠪᠠᠢ᠌ᠭᠠᠯᠢ ᠶᠢᠨ ᠵᠢᠮ᠎ᠠ ᠶᠤᠰᠤ ᠶᠢ ᠳᠠᠨᠢᠵᠤ᠂ ᠡᠭᠡ ᠪᠠᠢ᠌ᠭᠠᠯᠢ ᠲᠡᠶ ᠪᠠᠨ ᠵᠤᠭᠢᠴᠠᠬᠤ ᠶᠠᠪᠣᠴᠠ ᠳᠠᠭᠠᠨ ᠮᠠᠰᠢ ᠣᠯᠠᠨ ᠠᠷᠭ᠎ᠠ ᠪᠠᠷᠢᠯ᠂ ᠳᠤᠷᠰᠢᠯᠭ᠎ᠠ ᠶᠢ ᠬᠤᠷᠠᠮᠳᠤᠭᠤᠯᠵᠤ᠂ ᠣᠯᠠᠨ ᠠᠷᠪᠢᠨ ᠰᠤᠶᠤᠯ ᠢ ᠪᠦᠳᠦᠭᠡᠭ᠍ᠰᠡᠨ ᠦᠨᠳᠦᠰᠦᠳᠠᠨ ᠪᠣᠯᠬᠤ ᠶᠤᠮ᠃ ᠳᠠᠳᠠ ᠡᠳᠡᠭᠡᠷ ᠪᠦᠳᠦᠭᠡᠯ ᠶᠢᠡᠨ ᠨᠡᠢ᠌ᠭᠡᠮ ᠨᠠᠢ᠌ᠳᠠ ᠳᠤ ᠳᠠᠨᠢᠯᠴᠠᠭᠤᠯᠬᠤ᠂ ᠣᠯᠠᠮᠵᠢᠯᠠᠬᠤ ᠳᠠᠭᠠᠨ ᠪᠠᠰᠠ ᠴᠤ ᠣᠯᠠᠨ ᠵᠣᠢ᠌ᠯ ᠤᠨ ᠠᠷᠭ᠎ᠠ ᠪᠠᠷᠢᠯ ᠢ ᠭᠡᠷᠡᠭᠯᠡᠵᠤ ᠪᠠᠢ᠌ᠵᠠᠢ᠃ ᠡᠳᠡᠭᠡᠷ ᠠᠷᠭ᠎ᠠ ᠪᠠᠷᠢᠯ ᠢ ᠪᠣᠳᠠᠳᠠᠢ᠌ᠵᠢᠭᠤᠯᠬᠤ ᠳᠤ᠂ ᠮᠤᠩᠭ᠋ᠤᠯᠴᠤᠳ ᠤᠨ ᠨᠡᠭᠦᠳᠡᠯ ᠮᠠᠯᠵᠢᠯ ᠰᠤᠶᠤᠯ ᠪᠣᠯᠤᠨ ᠱᠠᠰᠢᠨ ᠤ ᠰᠤᠶᠤᠯ ᠭᠤᠤᠯ ᠣᠢ᠌ᠯᠠᠳᠤᠯ ᠥᠵᠡᠭᠦᠯᠵᠤ ᠪᠠᠢ᠌ᠭᠰᠠᠨ ᠶᠤᠮ᠃ ᠨᠡᠭᠦᠳᠡᠯ ᠮᠠᠯᠵᠢᠯ ᠰᠤᠶᠤᠯ ᠤᠨ ᠭᠤᠤᠯ ᠴᠦᠮ᠎ᠡ ᠨᠢ ᠪᠣᠯ : ᠡᠭᠡ ᠪᠠᠢ᠌ᠭᠠᠯᠢ ᠶᠢᠨ ᠳᠡᠩᠴᠡᠭᠦᠷᠢ ᠶᠢ ᠬᠠᠮᠭᠠᠯᠠᠬᠤ ᠣᠷᠢᠳᠠᠯ ᠤᠨ ᠳᠤᠤᠷ᠎ᠠ ᠭᠦᠮᠤᠨ᠂ ᠪᠠᠢ᠌ᠭᠠᠯᠢ᠂ ᠮᠠᠯ ᠰᠥᠷᠦᠭ᠌ ᠲᠡᠶ ᠪᠠᠨ ᠨᠢᠭᠡ ᠨᠢᠭᠡᠨ ᠶᠢᠡᠨ ᠲᠦᠰᠢᠯᠴᠠᠨ᠂ ᠣᠷᠭᠠᠨᠢᠭ ᠶᠢᠡᠷ ᠵᠤᠭᠢᠴᠠᠯᠳᠤᠵᠤ᠂ ᠠᠵᠤ ᠲᠦᠷᠦᠨ ᠪᠦᠳᠦᠭᠡᠨ ᠪᠠᠢ᠌ᠭᠤᠯᠬᠤ ᠠᠭᠤᠤ ᠣᠢ᠌ᠯᠠᠰ ᠪᠣᠯᠬᠤ ᠶᠤᠮ᠃ ᠭᠡᠳᠤᠨ ᠮᠢᠩᠭ᠋ᠠᠨ ᠵᠢᠯ ᠤᠨ ᠳᠤᠷᠰᠢᠳᠠ᠂ ᠭᠡᠴᠢᠨᠡᠨ ᠳᠦᠴᠢᠨᠠᠨ ᠣᠳᠠᠭ᠎ᠠ ᠡᠭᠡ ᠪᠠᠢ᠌ᠭᠠᠯᠢ ᠶᠢᠨ ᠬᠠᠳᠠᠭᠤ ᠰᠢᠦᠡᠭᠡᠯ ᠢ ᠣᠯᠵᠤ ᠶᠠᠪᠣᠭ᠎ᠠ ᠣᠯᠤᠰ ᠦᠨᠳᠦᠰᠦᠳᠠᠨ ᠤᠳ ᠣᠳᠤ ᠯᠠ ᠰᠠᠶᠢ᠂ ᠮᠤᠩᠭ᠋ᠤᠯᠴᠤᠳ ᠤᠨ ᠨᠡᠭᠦᠳᠡᠯ ᠮᠠᠯᠵᠢᠯ ᠰᠤᠶᠤᠯ ᠢ ᠵᠦᠪ ᠶᠢᠠᠷ ᠳᠠᠨᠢᠵᠤ᠂ ᠣᠢ᠌ᠯᠭᠠᠵᠤ ᠡᠭᠢᠯᠡᠵᠤ ᠪᠠᠢ᠌ᠭ᠎ᠠ ᠠᠵᠢ᠃
ᠱᠠᠰᠢᠨ ᠭᠡᠳᠡᠭ᠌ ᠪᠣᠯ 《ᠳᠡᠭᠡᠳᠦᠰ ᠤᠨ ᠰᠤᠷᠭᠠᠯ》 ᠭᠡᠰᠡᠨ ᠰᠠᠠᠰᠺᠢᠷᠢᠲ᠋ ᠥᠭᠡ ᠶᠤᠮ᠃ ᠮᠤᠩᠭ᠋ᠤᠯᠴᠤᠳ ᠪᠣᠯ ᠳᠡᠭᠡᠳᠤ ᠳᠡᠭ᠍ᠷᠢ ᠶᠢᠨ ᠵᠠᠶᠠᠭ᠎ᠠ ᠲᠡᠶ ᠪᠦᠷᠳᠡ ᠴᠢᠨ᠋ᠸ᠎ᠠ ᠶᠢᠨ ᠣᠳᠤᠮ ᠬᠣᠢ᠌ᠴᠢᠰ ᠶᠤᠮ᠃ ᠮᠥᠩᠭᠡ ᠳᠡᠭ᠍ᠷᠢ ᠶᠢᠨ ᠭᠦᠴᠤᠨ ᠳᠤ ᠰᠢᠳᠤᠵᠤ᠂ ᠢᠪᠠᠭᠡᠯ ᠳᠤ ᠨᠢ ᠶᠡᠭᠡ ᠰᠤᠤ ᠵᠠᠯᠢ᠂ ᠠᠷᠭ᠎ᠠ ᠪᠢᠯᠢᠭ᠌ ᠶᠢᠡᠷ ᠭᠦᠷᠭᠦ ᠭᠡᠰᠡᠨ ᠳᠡᠭᠡᠨ ᠭᠦᠷᠳᠡᠭ᠌᠂ ᠴᠢᠳᠠᠬᠤ ᠦᠭᠡᠶ ᠵᠣᠢ᠌ᠯ ᠭᠡᠵᠤ ᠦᠭᠡᠶ᠂ ᠪᠦᠳᠦᠭᠦ ᠦᠭᠡᠶ ᠶᠠᠭᠤᠮ᠎ᠠ ᠭᠡᠵᠤ ᠪᠠᠢ᠌ᠬᠤ ᠦᠭᠡᠶ ᠭᠡᠢ᠌ᠮᠦᠷᠢ ᠲᠡᠶ ᠦᠨᠳᠦᠰᠦᠳᠠᠨ ᠶᠤᠮ᠃ ᠱᠠᠰᠢᠨ ᠤ ᠰᠤᠶᠤᠯ ᠤᠨ 《ᠶᠢᠰᠤᠨ ᠴᠠᠭᠠᠨ ᠪᠣᠶᠠᠨ᠂ ᠠᠷᠪᠠᠨ ᠬᠠᠷ᠎ᠠ ᠨᠢᠭᠦᠯ》᠂ ᠰᠠᠠᠸᠠᠷ᠂ ᠴᠡᠭᠡᠷ ᠵᠡᠷᠭᠡ ᠪᠢᠴᠢᠭ᠍ᠳᠡᠭ᠍ᠰᠡᠨ ᠪᠠ ᠪᠢᠴᠢᠭ᠍ᠳᠡᠭᠡ ᠦᠭᠡᠶ ᠬᠠᠤᠯᠢ ᠴᠠᠭᠠᠵᠠ᠂ ᠳᠦᠷᠢᠮ ᠳᠤᠭᠳᠠᠭᠠᠯ᠂ ᠰᠠᠭᠢᠯ ᠵᠢᠷᠤᠮ ᠤᠳ ᠨᠢ ᠡᠷᠳᠡ ᠦᠶ᠎ᠡ ᠡᠴᠡ ᠳᠡᠭᠡᠳᠦᠰ ᠤᠨ ᠰᠤᠷᠭᠠᠯ ᠤᠨ ᠭᠡᠯᠪᠠᠷᠢ ᠪᠠᠷ ᠭᠦᠮᠦᠵᠢᠯ ᠭᠢᠴᠢᠶᠠᠯ ᠪᠣᠯᠵᠤ᠂ ᠮᠤᠩᠭ᠋ᠤᠯ ᠦᠨᠳᠦᠰᠦᠳᠠᠨ ᠢ ᠡᠷᠳᠡ ᠢᠵᠠᠭᠤᠷ ᠡᠴᠡ ᠡᠭᠢᠯᠡᠨ ᠰᠡᠩᠭᠡᠷᠡᠭᠦᠯᠤᠨ ᠣᠬᠠᠭᠠᠷᠠᠭᠤᠯᠵᠤ᠂ ᠬᠠᠳᠠᠭᠤ ᠴᠢᠩᠭ᠋᠎ᠠ ᠪᠠᠷ ᠰᠤᠷᠭᠠᠨ ᠭᠦᠮᠦᠵᠢᠭᠦᠯᠵᠤ᠂ ᠪᠣᠯᠪᠠᠰᠤᠨ ᠰᠤᠶᠤᠯ ᠲᠡᠶ᠂ ᠶᠡᠷᠦᠩᠭᠡᠢ᠌ᠯᠡᠭ᠍ᠰᠡᠨ ᠭᠡᠪ ᠴᠢᠨᠠᠷ ᠶᠢᠡᠷ ᠦᠨᠳᠦᠷ ᠪᠦᠭᠦᠢ ᠭᠦᠴᠦᠷᠭᠡᠭ᠌ ᠰᠢᠯᠢᠳᠡᠭ᠌ ᠦᠨᠳᠦᠰᠦᠳᠠᠨ ᠪᠣᠯᠭᠠᠨ ᠭᠦᠭ᠍ᠵᠢᠭᠦ ᠳᠤ ᠨᠢ ᠮᠠᠰᠢ ᠴᠢᠬᠤᠯᠠ ᠣᠢ᠌ᠯᠠᠳᠤᠯ ᠥᠵᠡᠭᠦᠯᠦᠭ᠍ᠰᠡᠨ ᠪᠠᠢ᠌ᠨ᠎ᠠ ᠭᠡᠵᠤ ᠦᠵᠡᠵᠤ ᠪᠣᠯᠤᠨ᠎ᠠ᠃
ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7509
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ