ᠨᠡᠪᠲᠡᠷᠡᠨ ᠤᠷᠤᠬᠤ
ᠪᠢ ᠰᠠᠢ᠌ᠬᠠᠨ ᠪᠦᠰᠡᠭᠦᠢ

ᠬᠠᠢ᠌ᠷ᠎ᠠ ᠶᠢᠨ ᠭᠡᠭᠡᠨ ᠪᠣᠳᠤᠯ ᠶᠢᠡᠷ ᠪᠢᠯᠬᠠᠭᠰᠠᠨ

ᠬᠠᠯᠠᠭᠤᠬᠠᠨ ᠳᠤᠷᠤᠰᠤᠮᠵᠢ ᠲᠡᠶ ᠵᠠᠯᠠᠭᠤ ᠨᠠᠰᠤ ᠮᠢᠨᠢ

ᠣᠨ ᠵᠢᠯ ᠤᠳ ᠢ ᠠᠯᠠᠭᠠᠨ ᠳᠠᠭᠠᠨ ᠡᠷᠴᠢᠯᠡᠭ᠍ᠰᠡᠨ

ᠣᠮᠤᠭ ᠪᠠᠷᠳᠠᠮ ᠭᠡᠭᠡᠭᠡᠨ ᠦᠶ᠎ᠡ ᠮᠢᠨᠢ

ᠪᠢ ᠴᠢᠨᠢ ᠶᠠᠭᠤᠨ ᠳᠤ ᠢᠩᠭᠢᠳᠠᠯ᠎ᠠ ᠪᠠᠨ ᠳᠠᠳᠠᠭᠳᠠᠨ

ᠪᠠᠰᠠ ᠶᠠᠭᠤᠨ ᠳᠤ ᠢᠩᠭᠢᠳᠠᠯ᠎ᠠ ᠪᠠᠨ ᠰᠢᠨᠤᠨ ᠳᠤᠷᠠᠯᠠᠨᠠᠮ ᠪᠣᠢ

ᠪᠠᠷᠳᠠᠮᠬᠠᠨ ᠪᠠᠢ ᠪᠦᠰᠡᠭᠦᠢ ᠮᠢᠨᠢ ᠶᠠᠭ ᠯᠠ ᠬᠠᠪᠣᠷ ᠤᠨ ᠳᠠᠩᠭᠢᠯ ᠴᠡᠴᠡᠭ᠌ ᠰᠢᠭ᠌

ᠪᠠᠶᠠᠰᠤᠨ ᠮᠦᠰᠢᠶᠠ ᠪᠦᠰᠡᠭᠦᠢ ᠮᠢᠨᠢ ᠶᠠᠭ ᠯᠠ ᠥᠷᠯᠦᠭᠡᠨ ᠤ ᠨᠠᠷᠠᠨ ᠰᠢᠭ᠌ ᠭᠡᠵᠤ

ᠴᠢ ᠨᠠᠳᠠ ᠳᠤ ᠰᠢᠪᠠᠨᠡᠭᠡ ᠦᠭᠡᠶ ᠭᠡᠵᠢ ᠤᠤ

ᠴᠢᠮᠡᠭᠡ ᠦᠭᠡᠶ ᠰᠠᠯᠭᠢᠨ ᠶᠢᠡᠷ ᠳᠠᠮᠵᠢᠭᠤᠯᠤᠭ᠎ᠠ ᠦᠭᠡᠶ ᠭᠡᠵᠢ ᠦᠦ

ᠣᠳᠤ ᠴᠢ ᠳᠡᠭᠡᠭᠡᠳ ᠨᠠᠳᠠ ᠡᠴᠡ ᠬᠤᠯᠠᠳᠠᠨ᠎ᠠ ᠭᠡᠪᠡ ᠦᠦ

ᠣᠨ ᠵᠢᠯ ᠤᠳ ᠠᠯᠠᠭᠠᠨ ᠭᠡ ᠰᠢᠭ᠌ ᠭᠡᠪᠡ ᠦᠦ

ᠳᠡᠭᠡᠭ᠍ᠰᠡᠨ ᠴᠤ ᠪᠢ ᠴᠢᠨᠤ ᠠᠶᠠᠰ ᠶᠢᠡᠷ ᠭᠠᠩᠬᠠᠬᠤ ᠳᠤᠷ᠎ᠠ ᠲᠡᠶ

ᠳᠡᠭᠡᠭᠡᠳ ᠪᠢ ᠴᠢᠨᠤ ᠳᠤᠳᠤᠷ᠎ᠠ ᠴᠤ ᠦᠪᠡᠷ ᠤᠨ ᠵᠢᠷᠦᠭᠡᠨ ᠳᠡᠭᠡᠨ

ᠴᠠᠯ ᠵᠠᠯᠠᠭᠤ ᠪᠠᠷ ᠶᠢᠡᠨ ᠦᠨᠢ ᠮᠥᠩᠭᠡᠳᠡ ᠪᠢ ᠰᠠᠢ᠌ᠬᠠᠨ ᠪᠦᠰᠡᠭᠦᠢ᠃

ᠵᠤᠬᠢᠶᠠᠭᠴᠢ᠄ ᠯ·ᠪᠠᠢ᠌ᠭᠠᠯᠢᠮ᠎ᠠ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ