ᠨᠡᠪᠲᠡᠷᠡᠨ ᠤᠷᠤᠬᠤ
ᠰᠢᠨ᠎ᠡ ᠵᠢᠯ ᠤᠨ ᠢᠷᠦᠭᠡᠯ

ᠢᠷᠦᠭᠡᠯ ᠤᠨ ᠴᠠᠭᠠᠨ ᠰᠠᠷᠠ ᠪᠠᠷ ᠰᠡᠳᠭᠢᠯ ᠳᠦᠭᠦᠷᠡᠩ

ᠢᠪᠠᠭᠡᠯᠳᠤ ᠠᠯᠳᠠᠨ ᠨᠠᠷᠠ ᠪᠠᠷ ᠬᠠᠢ᠌ᠷ᠎ᠠ ᠳᠦᠭᠦᠷᠡᠩ

ᠡᠭᠡᠯᠵᠢᠳᠤ ᠣᠨ ᠤ ᠭᠦᠷᠳᠤᠨ ᠳᠤ ᠡᠩᠭᠡ ᠳᠦᠭᠦᠷᠡᠩ

ᠡᠷᠳᠡᠨᠢᠳᠤ ᠪᠠᠶ᠎ᠠ ᠴᠤᠭᠴᠠᠰ ᠮᠠᠠᠳᠤ ᠳᠦᠭᠦᠷᠡᠩ


ᠥᠰᠭᠦ ᠬᠡᠦᠬᠡᠳ ᠦᠯᠵᠡᠢ ᠳᠦᠭᠦᠷᠡᠩ

ᠡᠪᠦᠭᠡᠳ ᠡᠮᠡᠭᠡᠳ ᠪᠣᠶᠠᠨ ᠳᠦᠭᠦᠷᠡᠩ

ᠣᠢ᠌ᠯᠠᠰᠴᠢ ᠵᠠᠯᠠᠭᠤᠰ ᠪᠦᠳᠦᠭᠡᠯ ᠳᠦᠭᠦᠷᠡᠩ

ᠦᠶ᠎ᠡ ᠶᠢᠨ ᠨᠥᠭᠦᠤᠨ ᠨᠠᠢ᠌ᠷ ᠶᠢᠡᠷ ᠳᠦᠭᠦᠷᠡᠩ


ᠳᠤᠯᠭ᠎ᠠ ᠶᠢᠨ ᠭᠠᠯ ᠡᠷᠴᠢ ᠳᠦᠭᠦᠷᠡᠩ

ᠳᠤᠭᠤᠯᠬᠤ ᠠᠮᠢᠳᠤᠷᠠᠯ ᠢᠳᠡᠭᠡᠯ ᠳᠦᠭᠦᠷᠡᠩ

ᠳᠤᠷᠠᠰᠬᠤ ᠬᠠᠭᠤᠴᠢ ᠣᠬᠠᠭᠠᠷᠠᠯ ᠳᠦᠭᠦᠷᠡᠩ

ᠳᠤᠭᠤᠯᠬᠤ ᠴᠢᠮᠡᠭᠡ ᠪᠠᠶᠠᠷ ᠳᠦᠭᠦᠷᠡᠩ


ᠦᠷᠦᠭᠡ ᠭᠡᠷ ᠢᠨᠢᠶᠠᠳᠤ ᠳᠦᠭᠦᠷᠡᠩ

ᠡᠳᠦᠷ ᠤᠨ ᠠᠵᠢᠯ ᠠᠮᠵᠢᠯᠳᠠ ᠳᠦᠭᠦᠷᠡᠩ

ᠦᠨᠢᠷ ᠰᠦᠷᠦᠭ᠌ ᠳᠠᠷᠭᠤ ᠳᠦᠭᠦᠷᠡᠩ

ᠦᠪ ᠭᠦᠷᠦᠩᠭᠡ ᠭᠦᠷᠳᠡᠭᠡᠯ ᠳᠦᠭᠦᠷᠡᠩ


ᠠᠢ᠌ᠯ ᠰᠠᠭᠠᠬᠠᠯᠳᠠ ᠠᠵᠠ ᠳᠦᠭᠦᠷᠡᠩ

ᠣᠰᠤ ᠨᠤᠳᠤᠭ ᠣᠷᠭᠤᠮᠠᠯ ᠳᠦᠭᠦᠷᠡᠩ

ᠣᠤᠭᠠᠯ ᠰᠤᠶᠤᠯ ᠪᠠᠬᠠᠷᠬᠠᠯ ᠳᠦᠭᠦᠷᠡᠩ

ᠣᠳᠤᠮᠳᠤ ᠮᠤᠩᠭ᠋ᠤᠯ ᠵᠠᠶᠠᠭ᠎ᠠ ᠳᠦᠭᠦᠷᠡᠩ ᠪᠣᠯᠳᠤᠭᠠᠢ


ᠵᠤᠬᠢᠶᠠᠭᠴᠢ ᠶᠢᠨ ᠬᠠ‍‌ᠶᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3212
ᠴᠠᠭ᠄ 2011 ᠤᠨ ᠤ 02 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ