☆ ᠤᠷᠲᠤᠮᠦ᠋ᠷᠡᠨ
ᠪᠣᠯᠵᠤᠮᠤᠷ ᠤᠨ ᠵᠢᠷᠭᠢᠭᠡ ᠪᠣᠳᠤᠯ ᠠᠷᠴᠢᠨ᠎ᠠ
ᠪᠣᠳᠤᠬᠤ ᠡᠴᠡ ᠮᠢᠨᠢ
ᠣᠯᠠᠨ ᠣᠴᠢᠷ ᠰᠡᠳᠭᠢᠯ ᠳᠤ ᠣᠷᠭᠤᠨ᠎ᠠ
ᠪᠣᠷᠤ ᠭᠦᠳᠡᠭᠡ ᠪᠣᠶᠤ
ᠪᠣᠷᠬᠠᠨ ᠪᠣᠯᠤᠭᠰᠠᠨ ᠡᠮᠡᠭᠡ ᠮᠢᠨᠢ ᠪᠦᠷᠳᠦᠯᠵᠡᠨ᠎ᠡ
ᠪᠣᠶᠠᠠᠰᠠᠭ ᠮᠠᠯᠴᠢᠨ ᠡᠵᠢ ᠮᠢᠨᠢ ᠡᠷᠢᠭ᠍ᠳᠡᠨ᠎ᠡ
ᠪᠣᠷᠤᠭᠤ ᠡᠩᠭᠡᠷ ᠲᠡᠶ ᠬᠤᠪᠴᠠᠰᠤ ᠡᠮᠦᠰᠴᠢᠭᠡᠳ
ᠪᠣᠷᠤᠩᠬᠣᠢ᠌ᠯᠠᠵᠤ ᠳᠤᠭᠯᠠᠭᠰᠠᠨ ᠣᠨᠠᠭᠠᠨ ᠨᠠᠰᠤ ᠮᠢᠨᠢ ᠳᠤᠷᠠᠰᠤᠭᠳᠠᠨ᠎ᠠ
ᠪᠣᠷᠬᠠᠨ ᠳᠡᠭ᠍ᠷᠢ ᠪᠠᠰᠠ ᠯᠠ ᠪᠣᠷᠤᠭᠠᠨ ᠣᠷᠤᠭᠠᠳᠤᠢ
ᠪᠣᠯᠤ ᠨᠢ ᠥᠭᠡᠢ᠌ᠷᠡᠭ᠍ᠰᠡᠨ ᠥᠭᠡᠷ ᠬᠠᠰᠠᠭ ᠳᠤᠷᠠᠢ᠌ᠵᠤ ᠬᠠᠷᠠᠭᠳᠠᠨ᠎ᠠ
ᠪᠣᠳᠤᠯ ᠴᠡᠯᠮᠡᠳᠡᠭ᠌ ᠨᠤᠳᠤᠭ ᠤᠨ ᠳᠡᠭ᠍ᠷᠢ
ᠪᠠᠷᠣᠢ᠌ᠵᠤ ᠬᠠᠷᠠᠭᠳᠠᠨ᠎ᠠ
ᠪᠣᠭᠤᠷᠤᠯ ᠦᠨᠳᠦᠷ ᠬᠠᠨ ᠮᠢᠨᠢ
ᠪᠣᠷᠤᠭᠠᠨ ᠤ ᠳᠤᠮᠳᠠ ᠪᠠᠨ ᠳᠤᠮᠤᠭᠰᠢᠨᠠ
ᠪᠣᠯᠵᠤᠮᠤᠷ ᠤᠨ ᠵᠢᠷᠭᠢᠭᠡ ᠯᠠ
ᠪᠣᠳᠤᠯ ᠠᠷᠴᠢᠨ᠎ᠠ ᠁
ᠵᠤᠬᠢᠶᠠᠭᠴᠢ ᠶᠢᠨ ᠬᠠᠶᠢᠭ ᠄ ᠣᠷᠠᠤᠨ ᠤᠨ ᠬᠣᠢ᠌ᠳᠤ ᠬᠤᠰᠢᠭᠤ
ᠵᠤᠬᠢᠶᠠᠭᠴᠢ᠄ ᠤᠷᠲᠤᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 05 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ