ᠮᠤᠩᠭᠤᠯ ᠦᠰᠦᠭ ᠤᠨ ᠬᠤᠷᠭᠤᠯᠵᠢᠨ ᠪᠠᠷ ᠢ ᠡᠭᠦᠳᠦᠨ ᠨᠡᠭᠡᠭᠡᠭᠴᠢ ᠊᠊᠊᠊᠊᠊᠊᠊᠊᠊᠊᠊ ᠲᠡᠮᠡᠭᠡᠲᠦ
ᠳᠡᠮᠡᠭᠡᠳᠤ ᠪᠣᠯ ᠮᠤᠩᠭ᠋ᠤᠯ ᠥᠰᠦᠭ᠌ ᠤᠨ ᠬᠤᠷᠭᠤᠯᠵᠢᠨ ᠪᠠᠷ ᠤᠨ ᠮᠡᠷᠭᠡᠵᠢᠯ ᠢ ᠡᠭᠦᠳᠤᠨ ᠨᠡᠭᠡᠭᠡᠭ᠍ᠴᠢ ᠪᠣᠯᠬᠤ ᠪᠠᠷ ᠦᠯᠦ ᠪᠠᠷᠠᠨ᠂ ᠮᠤᠩᠭ᠋ᠤᠯ ᠤᠨ ᠣᠢ᠌ᠷ᠎ᠠ᠂ ᠣᠷᠴᠢᠨ ᠦᠶ᠎ᠡ ᠶᠢᠨ ᠰᠤᠶᠤᠯ ᠤᠨ ᠳᠡᠦᠭᠡᠨ ᠳ᠋ᠠᠭᠢ ᠰᠢᠯᠭᠠᠷᠠᠭᠰᠠᠨ ᠭᠡᠪᠯᠡᠭ᠍ᠴᠢ᠂ ᠠᠯᠳᠠᠷᠳᠤ ᠣᠷᠴᠢᠭᠤᠯᠤᠭᠴᠢ ᠮᠥᠷᠳᠡᠭᠡᠨ ᠲᠦᠪᠡᠳ᠂ ᠮᠠᠠᠵᠤ ᠦᠨᠳᠦᠰᠦᠳᠠᠨ ᠤ ᠭᠦᠡᠳᠦᠳᠤ ᠭᠡᠪᠯᠡᠭ᠍ᠴᠢ᠂ ᠣᠷᠴᠢᠭᠤᠯᠤᠭᠴᠢ ᠮᠦᠨ ᠪᠢᠯᠠ᠃
ᠳᠡᠮᠡᠭᠡᠳᠤ ᠶᠢᠨ ᠭᠢᠳᠠᠤᠨ ᠨᠠᠷᠠ ᠨᠢ ᠸᠠᠩ ᠿᠤᠢ᠌ ᠴᠠᠩ᠂ ᠡᠷᠭᠦᠭ᠍ᠰᠡᠨ ᠨᠠᠷᠠ ᠨᠢ ᠶᠢᠨ ᠾᠸᠤ᠂ ᠳᠠᠷᠠ ᠶᠠᠫᠣᠨ ᠳᠤ ᠰᠤᠷᠤᠯᠴᠠᠵᠤ ᠪᠠᠢ᠌ᠬᠤ ᠳᠠᠭᠠᠨ ᠹᠤᠢᠷᠦᠮᠡᠰ ᠭᠡᠳᠡᠭ ᠨᠡᠷ᠎ᠡ ᠲᠡᠶ ᠪᠠᠢ᠌ᠵᠠᠢ᠃ ᠳᠡᠮᠡᠭᠡᠳᠤ 1887 ᠣᠨ ᠤ ᠬᠠᠭᠤᠴᠢᠨ ᠣᠯᠠᠷᠢᠯ ᠤᠨ 12 ᠰᠠᠷ᠎ᠠ ᠶᠢᠨ 7 ᠤ ᠡᠳᠦᠷ ᠦᠪᠣᠷ ᠮᠤᠩᠭ᠋ᠤᠯ ᠤᠨ ᠵᠤᠰᠤᠳᠤ ᠶᠢᠨ ᠴᠢᠭᠤᠯᠭᠠᠨ ᠤᠨ ᠬᠠᠷᠠᠴᠢᠨ ᠪᠠᠷᠠᠭᠤᠨ ᠬᠤᠰᠢᠭᠤᠨ ᠤ ᠸᠠᠩ ᠤᠨ ᠣᠷᠳᠤᠨ ᠤ ᠳ᠋ᠠ ᠰᠢ ᠭᠧᠤ (ᠣᠳᠤ ᠶᠢᠨ ᠣᠯᠠᠭᠠᠨᠬᠠᠳᠠ ᠬᠤᠳᠠ ᠶᠢᠨ ᠬᠠᠷᠠᠴᠢᠨ ᠬᠤᠰᠢᠭᠤ ᠳᠤ ᠪᠣᠢ) ᠵᠢᠨ ᠨᠢᠭᠡᠨ ᠶᠠᠳᠠᠭᠤ ᠠᠢ᠌ᠯ ᠳᠤ ᠲᠦᠷᠦᠪᠠ᠃ 1939 ᠣᠨ ᠤ 5 ᠰᠠᠷ᠎ᠠ ᠶᠢᠨ 2 ᠤ ᠡᠳᠦᠷ ᠡᠪᠠᠦᠡᠴᠢᠨ ᠶᠢᠡᠷ ᠸᠠᠩ ᠤᠨ ᠰᠦᠮ᠎ᠡ (ᠣᠳᠤ ᠶᠢᠨ ᠭᠢᠩᠭ᠋ᠠᠨ ᠠᠢ᠌ᠮᠠᠭ ᠤᠨ ᠲᠦᠪ ᠣᠯᠠᠭᠠᠠᠬᠤᠳᠠ) ᠳ᠋ᠤ ᠨᠠᠰᠤ ᠪᠠᠷᠠᠵᠠᠢ᠃
ᠳᠡᠮᠡᠭᠡᠳᠤ ᠨᠢᠭᠡ ᠨᠠᠰᠤ ᠪᠠᠷ ᠶᠢᠡᠨ ᠮᠤᠩᠭ᠋ᠤᠯ ᠦᠨᠳᠦᠰᠦᠳᠠᠨ ᠤ ᠭᠡᠪᠯᠡᠯ ᠤᠨ ᠣᠢ᠌ᠯᠠᠰ ᠤᠨ ᠳᠦᠯᠦᠭᠡ ᠴᠢᠷᠮᠠᠢ᠌ᠨ ᠵᠢᠦᠡᠭᠦᠵᠤ᠂ 1922 ᠣᠨ ᠤ ᠡᠪᠦᠯ ᠮᠤᠩᠭ᠋ᠤᠯ ᠥᠰᠦᠭ᠌ ᠤᠨ ᠬᠤᠷᠭᠤᠯᠵᠢᠨ ᠪᠠᠷ ᠢ ᠡᠭᠦᠳᠤᠨ ᠪᠦᠳᠦᠭᠡᠵᠤ ᠠᠮᠵᠢᠯᠳᠠ ᠣᠯᠪᠠ᠃ ᠳᠠᠷᠠ ᠪᠠᠰᠠ ᠪᠠᠶ᠎ᠠ ᠪᠠᠷ ᠶᠢᠡᠨ ᠵᠤᠩᠭᠢ ᠳᠤᠭᠠᠨ ᠤ ᠨᠤᠮ ᠪᠢᠴᠢᠭ᠌ ᠢ ᠵᠤᠬᠢᠶᠠᠨ ᠨᠠᠢ᠌ᠷᠠᠭᠤᠯᠬᠤ ᠪᠣᠶᠤ ᠣᠷᠴᠢᠭᠤᠯᠵᠤ᠂ ᠶᠡᠭᠡ ᠭᠡᠮᠵᠢᠶᠡᠨ ᠤ ᠮᠤᠩᠭ᠋ᠤᠯ᠂ ᠭᠢᠳᠠᠤᠨ᠂ ᠲᠦᠪᠡᠳ᠂ ᠮᠠᠠᠵᠤ ᠥᠰᠦᠭ᠌ ᠤᠨ ᠳᠡᠦᠭᠡ᠂ ᠭᠡᠯᠡ᠂ ᠣᠤᠠᠬ᠎ᠠ ᠵᠤᠬᠢᠶᠠᠯ ᠤᠨ ᠰᠤᠩᠭ᠋ᠤᠳᠠᠭ ᠨᠤᠮ ᠢ ᠭᠢᠨᠠᠭᠰᠠᠨ ᠪᠠᠢ᠌ᠨ᠎ᠠ᠃
1923 ᠣᠨ ᠤᠨ ᠬᠠᠪᠣᠷ ᠳᠡᠮᠡᠭᠡᠳᠤ ᠪᠠᠭᠡᠵᠢᠩ ᠳᠤ ᠮᠤᠩᠭ᠋ᠤᠯ ᠦᠨᠳᠦᠰᠦᠳᠠᠨ ᠤ ᠳᠡᠦᠭᠡᠨ ᠳ᠋ᠠᠭᠢ ᠬᠠᠮᠤᠭ ᠠᠩᠬᠠᠨ ᠤ ᠭᠡᠪᠯᠡᠯ ᠤᠨ ᠬᠤᠷᠢᠶ᠎ᠠ ᠊᠊᠊᠊᠊᠊᠊᠊᠊᠊᠊᠊᠊᠊᠊ ᠮᠤᠩᠭ᠋ᠤᠯ ᠪᠢᠴᠢᠭ᠌ ᠤᠨ ᠬᠤᠷᠢᠶ᠎ᠠ ᠶᠢ ᠡᠷᠭᠢᠯᠡᠭᠡᠤᠨ᠂ 1922 ᠊᠊᠊᠊᠊᠊᠊᠊᠊᠊᠊᠊᠊᠊᠊ 1929 ᠣᠨ ᠤ ᠡᠴᠦᠰ ᠭᠦᠷᠳᠡᠯ᠎ᠡ ᠨᠠᠯᠢᠶᠠᠤᠨ ᠣᠯᠠᠨ ᠨᠤᠮ ᠪᠢᠴᠢᠭ᠌ ᠢ ᠭᠡᠪᠯᠡᠨ ᠭᠠᠷᠭᠠᠵᠠᠢ᠃ ᠵᠥᠪᠭᠡᠨ ᠳᠡᠮᠡᠭᠡᠳᠤ ᠶᠢᠨ ᠣᠷᠴᠢᠭᠤᠯᠤᠨ ᠨᠠᠢ᠌ᠷᠠᠭᠤᠯᠵᠤ᠂ ᠭᠡᠪᠯᠡᠯ ᠳᠤ ᠦᠭᠭᠦᠭ᠍ᠰᠡᠨ ᠨᠤᠮ ᠤᠳ ᠢ ᠳᠤᠷᠠᠤᠠᠪᠠᠯ᠄ 《ᠶᠤᠸᠠᠨ ᠣᠯᠤᠰ ᠤᠨ ᠬᠠᠭᠠᠨ ᠬᠤᠸᠡᠩᠭᠡᠤ ᠶᠢᠨ ᠭᠦᠷᠦᠭ᠌》᠂ 《ᠪᠣᠭᠳᠠ ᠴᠢᠩᠭᠢᠰ ᠬᠠᠭᠠᠨ ᠤ ᠴᠠᠳᠢᠭ ᠣᠷᠤᠰᠢᠪᠠᠢ》᠂ 《ᠴᠢᠩᠭᠢᠰ ᠬᠠᠭᠠᠨ ᠤ ᠳᠤᠷᠠᠰᠬᠠᠯ ᠤᠨ ᠳᠡᠭᠦᠪᠦᠷᠢ》᠂ 《ᠯᠢᠶᠤᠤ ᠵᠠᠢ ᡁᠢ ᠡᠢ ᠭᠡᠮᠡᠭᠦ ᠪᠢᠴᠢᠭ᠌ 》᠂ 《ᠯᠢᠶᠤᠤ ᠣᠯᠤᠰ ᠤᠨ ᠡᠭᠢ ᠠᠳᠠᠭ ᠤᠨ ᠭᠡᠷᠡᠭ᠌ ᠢ ᠳᠡᠮᠳᠡᠭᠯᠡᠭ᠍ᠰᠡᠨ ᠱᠠᠰᠳᠢᠷ》᠂ 《ᠶᠤᠸᠠᠨ ᠣᠯᠤᠰ ᠤᠨ ᠳᠡᠦᠭᠡ》᠂ 《ᠭᠤᠷᠪᠠᠨ ᠣᠯᠤᠰ ᠤᠨ ᠳᠡᠦᠭᠡ》᠂ 《ᠣᠷᠤᠭᠰᠠᠤᠨ ᠤᠨ ᠢᠷᠦᠭᠡᠯ ᠭᠡᠮᠡᠭᠦ ᠳᠡᠦᠭᠡ》᠂ 《ᠮᠤᠩᠭ᠋ᠤᠯ ᠭᠢᠳᠠᠤᠨ ᠬᠠᠪᠰᠤᠷᠭᠠᠭᠰᠠᠨ ᠳᠦᠷᠪᠡᠨ ᠪᠢᠴᠢᠭ᠌》᠂ 《ᠮᠤᠩᠭ᠋ᠤᠯ ᠣᠤᠠᠬ᠎ᠠ ᠶᠢᠨ ᠰᠤᠷᠭᠠᠬᠤ ᠪᠢᠴᠢᠭ᠌》᠂ 《ᠣᠤᠠᠬ᠎ᠠ ᠶᠢᠨ ᠵᠣᠢ᠌ᠯ ᠬᠤᠪᠢᠷᠠᠭᠰᠠᠨ ᠳᠤᠯᠢ ᠪᠢᠴᠢᠭ᠌》᠂ 《ᠠᠷᠤ ᠦᠪᠣᠷ ᠮᠤᠩᠭ᠋ᠤᠯ ᠤᠨ ᠭᠠᠵᠠᠷ ᠤᠨ ᠵᠢᠷᠤᠭ》᠂ ᠠᠷᠤ ᠦᠪᠣᠷ ᠮᠤᠩᠭ᠋ᠤᠯ ᠤᠨ ᠡᠯ᠎ᠡ ᠠᠢ᠌ᠮᠠᠭ ᠬᠤᠰᠢᠭᠤ ᠶᠢ ᠥᠵᠡᠭᠦᠯᠦᠭ᠍ᠰᠡᠨ ᠭᠦᠰᠦᠨᠦᠭ᠌》᠂ 《ᠮᠤᠩᠭ᠋ᠤᠯ ᠶᠠᠫᠣᠨ ᠶᠢᠡᠷ ᠬᠠᠷᠢᠯᠴᠠᠨ ᠭᠡᠯᠡᠯᠴᠡᠭᠦ ᠥᠭᠡᠰ》 ᠵᠡᠷᠭᠡ ᠪᠠᠢ᠌ᠭᠰᠠᠨ ᠪᠦᠭᠡᠤᠨ 《ᠣᠯᠠᠭᠠᠨ ᠠᠰᠠᠷ ᠤᠨ ᠵᠡᠭᠦᠳᠤ》 ᠵᠢ ᠣᠷᠴᠢᠭᠤᠯᠵᠤ ᠪᠠᠷᠠᠭᠠᠤᠨ ᠭᠡᠪᠯᠡᠵᠤ ᠳᠡᠢ᠌ᠯᠦᠭ᠍ᠰᠡᠨ ᠦᠭᠡᠶ᠃
ᠳᠡᠮᠡᠭᠡᠳᠤ ᠮᠤᠩᠭ᠋ᠤᠯ ᠥᠰᠦᠭ᠌ ᠤᠨ ᠬᠤᠷᠭᠤᠯᠵᠢᠨ ᠪᠠᠷ ᠢ ᠡᠭᠦᠳᠤᠨ ᠪᠦᠳᠦᠭᠡᠭ᠍ᠰᠡᠨ ᠤ ᠰᠡᠭᠦᠯᠡᠷ᠂ ᠪᠠᠷᠠᠭᠤᠨ ᠧᠦ᠋ᠷᠤᠫᠠ ᠶᠢᠨ ᠴᠥᠭᠡᠨ ᠪᠣᠰᠤ ᠭᠦᠮᠦᠰ ᠮᠤᠩᠭ᠋ᠤᠯ ᠪᠢᠴᠢᠭ᠌ ᠤᠨ ᠬᠤᠷᠢᠶᠠᠨ ᠳᠤ ᠢᠷᠠᠵᠤ ᠰᠤᠷᠤᠯᠴᠠᠪᠠ᠃ ᠳᠡᠮᠡᠭᠡᠳᠤ ᠶᠢᠨ ᠬᠠᠷᠠᠮ ᠦᠭᠡᠶ ᠳᠡᠮᠵᠢᠯᠭᠡ ᠡᠴᠡ ᠪᠣᠯᠵᠤ᠂ ᠮᠠᠨ ᠤ ᠣᠯᠤᠰ ᠤᠨ ᠮᠤᠩᠭ᠋ᠤᠯ ᠥᠰᠦᠭ᠌ ᠤᠨ ᠬᠤᠷᠤᠯᠵᠢᠨ ᠪᠠᠷ ᠤᠨ ᠮᠡᠷᠭᠡᠵᠢᠯ ᠪᠠᠷᠠᠭᠤᠨ ᠧᠦ᠋ᠷᠤᠫᠠ ᠳᠤ ᠣᠯᠠᠮᠵᠢᠯᠠᠭᠳᠠᠵᠠᠢ᠃ 1924 ᠣᠨ ᠳᠤ ᠪᠦᠭᠦᠳᠡ ᠨᠠᠢ᠌ᠷᠠᠮᠳᠠᠬᠤ ᠮᠤᠩᠭ᠋ᠤᠯ ᠠᠷᠠᠤᠨ ᠣᠯᠤᠰ ᠡᠴᠡ ᠭᠦᠮᠤᠨ ᠳᠤᠮᠢᠯᠠᠨ ᠢᠷᠡᠭᠦᠯᠵᠤ᠂ ᠮᠤᠩᠭ᠋ᠤᠯ ᠥᠰᠦᠭ᠌ ᠤᠨ ᠬᠤᠷᠢᠶᠠᠨ ᠳᠤ ᠰᠤᠷᠤᠯᠴᠠᠭᠤᠯᠤᠭᠰᠠᠨ ᠶᠢᠡᠷ ᠦᠯᠦ ᠪᠠᠷᠠᠮ᠂ ᠳᠤᠰ ᠬᠤᠷᠢᠶᠠᠨ ᠤ ᠮᠡᠷᠭᠡᠵᠢᠯᠳᠡᠢ ᠠᠵᠢᠯᠴᠢᠨ ᠸᠠᠩ ᠵᠧᠨ ᠳ᠋ᠦ᠋ᠸᠧ ᠶᠢ ᠣᠷᠢᠵᠤ᠂ ᠮᠤᠩᠭ᠋ᠤᠯ ᠪᠢᠴᠢᠭ᠌ ᠭᠡᠪᠯᠡᠭᠦ ᠣᠢ᠌ᠯᠠᠤᠠᠪᠣᠷᠢ ᠶᠢ ᠡᠭᠢᠯᠡᠨ ᠡᠷᠭᠢᠯᠡᠵᠡᠢ᠃
ᠮᠤᠩᠭ᠋ᠤᠯ ᠥᠰᠦᠭ᠌ ᠤᠨ ᠬᠤᠷᠭᠤᠯᠵᠢᠨ ᠪᠠᠷ ᠤᠨ ᠮᠡᠷᠭᠡᠵᠢᠯ ᠨᠢ ᠣᠯᠤᠰ ᠤᠨ ᠳᠤᠳᠤᠭᠠᠳᠤ ᠶᠢᠨ ᠮᠤᠩᠭ᠋ᠤᠯ ᠪᠢᠴᠢᠭ᠌ ᠤᠨ ᠭᠡᠪᠯᠡᠯ ᠤᠨ ᠣᠢ᠌ᠯᠠᠰ ᠢ ᠶᠡᠭᠡᠪᠠᠷ ᠨᠥᠯᠦᠭᠡᠯᠡᠨ ᠠᠭᠢᠭᠤᠯᠪᠠ᠃ ᠳᠠᠭᠤᠷ ᠭᠦᠮᠤᠨ ᠮᠸᠷᠰᠧ ᠶᠢᠨ ᠡᠷᠭᠢᠯᠡᠭ᠍ᠰᠡᠨ ᠮᠥᠭ᠍ᠳᠡᠨ ᠤ ᠵᠡᠭᠦᠨ ᠮᠤᠩᠭ᠋ᠤᠯ ᠤᠨ ᠪᠢᠴᠢᠭ᠌ ᠤᠨ ᠳᠤᠪᠴᠢᠶ᠎ᠠ ᠪᠣᠯ 1923 ᠣᠨ ᠳᠤ ᠪᠠᠭᠡᠵᠢᠩ ᠤᠨ ᠮᠤᠩᠭ᠋ᠤᠯ ᠪᠢᠴᠢᠭ᠌ ᠤᠨ ᠬᠤᠷᠢᠶᠠᠨ ᠳᠤ ᠬᠤᠶᠠᠷ ᠮᠤᠩᠭ᠋ᠤᠯ ᠭᠦᠮᠤᠨ ᠢ ᠳᠤᠮᠢᠯᠠᠨ ᠢᠷᠡᠭᠦᠯᠵᠤ ᠬᠤᠷᠭᠤᠯᠵᠢᠨ ᠪᠠᠷ ᠤᠨ ᠮᠡᠷᠭᠡᠵᠢᠯ ᠢ ᠰᠤᠷᠤᠯᠴᠠᠭᠤᠯᠤᠭᠰᠠᠨ ᠤ ᠳᠠᠷᠠᠭ᠎ᠠ᠂ 1924 ᠣᠨ ᠳᠤ ᠪᠠᠢ᠌ᠭᠤᠯᠤᠭᠳᠠᠭᠰᠠᠨ ᠶᠤᠮ᠃ 1925 ᠣᠨ ᠳ᠋ᠤ ᠱᠠᠩᠬᠠᠢ ᠶᠢᠨ ᠱᠠᠩ ᠡᠤ ᠨᠤᠮ ᠭᠡᠪᠯᠡᠭᠦ ᠭᠠᠵᠠᠷ ᠨᠢ ᠮᠦᠨ ᠮᠤᠩᠭ᠋ᠤᠯ ᠪᠢᠴᠢᠭ᠌ ᠤᠨ ᠬᠤᠷᠢᠶᠠᠨ ᠊ᠤ ᠮᠡᠷᠭᠡᠵᠢᠯᠳᠡᠨ ᠱᠢ ᠰᠢᠶᠠᠩ ᠳᠢᠩ ᠢ ᠣᠷᠢᠨ ᠠᠪᠠᠴᠢᠵᠤ ᠮᠤᠩᠭ᠋ᠤᠯ ᠨᠤᠮ ᠰᠡᠳᠭᠦᠯ ᠭᠡᠪᠯᠡᠭᠦ ᠪᠣᠯᠵᠠᠢ᠃ 1926 ᠣᠨ ᠳᠤ ᠴᠠᠬᠠᠷ ᠤᠨ ᠱᠠᠩᠳᠤ ᠳᠤ ᠪᠠᠢ᠌ᠭᠤᠯᠤᠭᠰᠠᠨ ᠮᠤᠩᠭ᠋ᠤᠯ ᠨᠤᠮ ᠭᠡᠪᠯᠡᠭᠦ ᠣᠢ᠌ᠯᠠᠤᠠᠪᠣᠷᠢ ᠨᠢ ᠴᠤ ᠣᠷᠢᠳᠠᠪᠠᠷ ᠮᠤᠩᠭ᠋ᠤᠯ ᠪᠢᠴᠢᠭ᠌ ᠤᠨ ᠬᠤᠷᠢᠶᠠᠨ ᠳᠤ ᠮᠡᠷᠭᠡᠵᠢᠯᠳᠡᠨ ᠭᠦᠮᠦᠵᠢᠭᠦᠯᠵᠤ ᠭᠠᠷᠭᠠᠭᠠᠤᠨ ᠰᠠᠶᠢ ᠪᠠᠢ᠌ᠭᠤᠯᠤᠭᠰᠠᠨ ᠶᠤᠮ᠃ ᠡᠢ᠌ᠮᠤ ᠡᠴᠡ ᠳᠡᠮᠡᠭᠡᠳᠤ ᠪᠣᠯᠤᠨ ᠳᠡᠭᠦᠨ ᠤ ᠡᠷᠭᠢᠯᠡᠭ᠍ᠰᠡᠨ ᠪᠠᠭᠡᠵᠢᠩ ᠤᠨ ᠮᠤᠩᠭ᠋ᠤᠯ ᠪᠢᠴᠢᠭ᠌ ᠤᠨ ᠬᠤᠷᠢᠶ᠎ᠠ ᠶᠢᠨ ᠮᠤᠩᠭ᠋ᠤᠯ ᠥᠰᠦᠭ᠌ ᠤᠨ ᠬᠤᠷᠭᠤᠯᠵᠢᠨ ᠪᠠᠷ ᠤᠨ ᠳᠠᠪᠰᠢᠭᠰᠠᠨ ᠮᠡᠷᠭᠡᠵᠢᠯ ᠢ ᠳᠡᠯᠭᠡᠷᠡᠭᠦᠯᠭᠦ ᠳᠤ ᠭᠠᠷᠭᠠᠭᠰᠠᠨ ᠭᠠᠪᠢᠶ᠎ᠠ ᠵᠢᠦᠡᠭᠦᠯ ᠢ ᠡᠭᠦᠷᠢᠳᠡ ᠥᠨᠡᠯᠡᠭᠦᠰᠢᠳᠡᠢ᠃
ᠬᠠᠷᠢᠶ᠎ᠠ᠄
ᠡᠷᠬᠢᠮ ᠴᠤᠤᠲᠠᠳᠳᠠᠷᠤᠮ᠄ 6203
ᠴᠠᠭ᠄ 2004 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ