☆ ᠱᠠ᠊·ᠬᠠᠳᠠᠪᠴᠢ
ᠠᠮᠢᠳᠤ ᠶᠢᠨ ᠬᠤᠷᠸ᠎ᠠ ᠨᠠᠳᠠᠳᠤ ᠠᠯᠠᠭ ᠵᠢᠷᠦᠭᠡ ᠱᠠᠩᠨᠠᠯ᠎ᠠ
ᠪᠣᠷᠤᠭᠤ ᠠᠯᠬᠤᠵᠤ ᠣᠢ᠌ᠴᠢᠵᠤ ᠣᠨᠠᠬᠤ ᠳᠤ
ᠪᠦᠳᠦᠷᠢᠭ᠍ᠰᠡᠨ ᠣᠷᠤᠨ ᠡᠴᠡ ᠪᠠᠨ ᠦᠨᠳᠠᠢ᠌ᠵᠤ ᠪᠣᠰ︕
ᠪᠦᠭᠡ ᠶᠢᠨ ᠨᠠᠢ᠌ᠷ ᠤᠨ ᠳᠡᠷᠢᠭᠦᠨ ᠱᠠᠩ ᠭᠦᠷᠳᠡᠭ᠍ᠰᠡᠨ ᠣᠩᠭ᠋ᠤᠨ ᠡᠷ᠎ᠡ ᠰᠢᠭ᠌
ᠪᠣᠳᠤᠯ ᠳᠠᠭᠠᠨ ᠢᠨᠢᠶᠠᠳᠤ ᠲ᠋ᠠᠢ ᠳᠠᠭᠢᠨ ᠪᠣᠰ ᠭᠡᠵᠤ
ᠪᠦᠭᠦᠨ ᠤ ᠬᠤᠷᠸ᠎ᠠ ᠨᠠᠳᠠᠳᠤ
ᠪᠦᠯᠢᠶᠡᠨ ᠵᠢᠷᠦᠭᠡ ᠱᠠᠩᠨᠠᠯ᠎ᠠ
ᠡ᠊ᠨᠳᠡᠭ᠍ᠳᠡᠭ᠍ᠰᠡᠨ ᠭᠦᠮᠤᠨ ᠪᠦᠭᠦᠨ ᠢ
ᠡᠮᠵᠢᠭ᠌ ᠲᠤ ᠪᠣᠤ ᠪᠣᠳᠤ︕
ᠡᠮᠡᠭᠡᠯᠳᠤ ᠮᠤᠷᠢᠨ ᠤ ᠪᠠᠨ ᠣᠯᠤᠩ ᠢ
ᠡᠷ᠎ᠡ ᠶᠢᠨ ᠰᠢᠠᠳᠠᠰᠤ ᠪᠠᠷ ᠳᠠᠭᠢᠨ ᠴᠢᠩᠭ᠋ᠠᠯᠠ
ᠡᠩ ᠳᠡᠯᠡᠭᠡᠢ ᠶᠢᠨ ᠡᠷ᠎ᠡ ᠰᠢᠭ᠌ ᠡᠷ᠎ᠡ ᠡᠴᠡ
ᠡᠷᠴᠢᠮ ᠲᠡᠶ ᠶᠠᠪᠣ ᠭᠡᠵᠤ
ᠡᠷᠢᠶᠡᠨ ᠬᠤᠷᠸ᠎ᠠ ᠨᠠᠳᠠᠳᠤ
ᠢᠨᠢᠶᠡᠭᠦ ᠵᠢᠷᠦᠭᠡ ᠪᠠᠯᠡᠭᠯᠡᠯᠡ
ᠭᠦᠯ ᠠᠯᠳᠠᠵᠤ ᠨᠢᠭᠡ ᠪᠦᠳᠦᠷᠢᠭ᠍ᠰᠡᠨ ᠶᠢᠡᠨ
ᠭᠦᠮᠦᠵᠢᠯ ᠪᠣᠯᠭᠠᠵᠤ ᠭᠦᠨ ᠣᠬᠠᠭᠠᠷᠠ︕
ᠭᠦᠷᠦᠰᠦᠳᠤ ᠳᠡᠯᠡᠭᠡᠢ ᠶᠢᠨ ᠬᠠᠮᠢᠭ᠎ᠠ ᠨᠢ ᠴᠤ
ᠭᠦᠯ ᠭᠡᠰᠭᠢᠭᠦ ᠭᠠᠵᠠᠷ ᠠᠭᠤᠳᠠᠮ ᠭᠡᠵᠤ ᠮᠠᠳᠠ
ᠭᠦᠮᠤᠨ ᠤ ᠵᠠᠶᠠᠭ᠎ᠠ ᠲᠡᠶ ᠬᠤᠷᠸ᠎ᠠ ᠳᠤ
ᠭᠦᠰᠡᠯ ᠤᠨ ᠰᠠᠢ᠌ᠬᠠᠨ ᠢᠳᠡᠭᠡᠯ ᠶᠢᠡᠷ ᠪᠠᠶᠠᠨ ᠶᠠᠪᠣ ᠭᠡᠵᠤ
ᠭᠦᠵᠢ ᠬᠤᠷᠸ᠎ᠠ ᠨᠠᠳᠠᠳᠤ
ᠭᠦᠷᠡᠩ ᠵᠢᠷᠦᠭᠡ ᠱᠠᠩᠨᠠᠯ᠎ᠠ
ᠠᠯᠬᠤᠵᠤ ᠢᠷᠡᠭ᠍ᠰᠡᠨ ᠵᠠᠮ ᠵᠢᠠᠨ
ᠠᠷᠤᠨᠰᠢ ᠪᠠᠨ ᠬᠠᠷᠠᠵᠤ ᠨᠢᠭᠡ ᠦᠵᠡ
ᠠᠯᠤᠰ ᠲᠤ ᠰᠤᠨᠤᠯᠵᠠᠬᠤ ᠮᠠᠴᠤᠬᠤ ᠵᠠᠮ ᠤᠨ ᠶᠢᠡᠨ
ᠠᠯᠬᠤᠮ ᠪᠦᠷᠢ ᠳᠤ ᠭᠡᠴᠢᠶᠡ︕
ᠠᠯᠠᠭᠠᠨ ᠳᠤ ᠴᠢᠨᠢ ᠪᠠᠭᠤᠭᠰᠠᠨ
ᠠᠵᠠ ᠲᠤᠬᠢᠶᠠᠯ ᠭᠡᠳᠡᠭ᠌ ᠶᠠᠭᠤᠮ᠎ᠠ ᠡᠴᠡ
ᠠᠯᠳᠠᠵᠤ ᠪᠢᠳᠡᠭᠡᠢ ᠵᠦᠷᠢᠵᠤ ᠭᠠᠷᠭ᠎ᠠ
ᠠᠮᠢᠵᠢᠷᠠᠯ ᠤᠨ ᠳᠡᠭ᠍ᠷᠢ ᠶᠢᠨ ᠶᠢᠡᠨ ᠴᠡᠯᠮᠡᠭ᠌ ᠠᠭᠠᠷ ᠲᠤ
ᠠᠷᠢᠭᠤᠨ ᠰᠠᠨᠠᠭ᠎ᠠ ᠰᠠᠷᠠᠭᠤᠯ ᠣᠬᠠᠭ᠎ᠠ ᠪᠠᠨ ᠮᠠᠠᠳᠠᠭᠤᠯ ᠭᠡᠵᠤ
ᠠᠮᠢᠳᠤ ᠶᠢᠨ ᠬᠤᠷᠸ᠎ᠠ ᠨᠠᠳᠠᠳᠤ
ᠠᠯᠠᠭ ᠵᠢᠷᠦᠭᠡ ᠪᠠᠯᠡᠭᠯᠡᠯᠡ
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄
ᠰᠢᠯᠦᠭᠳᠠᠷᠤᠮ᠄ 3695
ᠴᠠᠭ᠄ 2008 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ