ᠨᠡᠪᠲᠡᠷᠡᠨ ᠤᠷᠤᠬᠤ
ᠨᠠᠮᠤᠷ ᠤᠨ ᠦᠷᠯᠦᠭᠡ ᠴᠢᠮ᠎ᠠ ᠶᠢ ᠳᠤᠷᠠᠰᠬᠤᠢ

᠊᠊᠊᠊᠊᠊᠊᠊᠊᠊᠊᠊᠊᠊᠊ ᠴᠢᠨᠤ ᠰᠢᠪᠠᠨᠡᠭ᠍ᠰᠡᠨ ᠥᠭᠡᠰ

ᠨᠮᠤᠷ ᠤᠨ ᠬᠤᠩᠭ᠋ᠤᠷ ᠰᠠᠯᠭᠢᠨ ᠰᠢᠭ

ᠵᠢᠷᠦᠭᠡᠨ ᠳᠤᠯᠳᠤᠨ ᠳᠤ ᠢᠪᠢᠯᠵᠤ

ᠰᠡᠳᠭᠢᠯ ᠤᠨ ᠦᠷ ᠴᠠᠢ᠌ᠯᠭᠠᠨ᠎ᠠ

ᠦᠷ ᠮᠠᠩᠬᠠᠢ᠌ᠳᠠᠯ᠎ᠠ ᠴᠠᠢ᠌ᠵᠠᠢ᠂

ᠥᠵᠦᠭ᠌ ᠪᠣᠭᠤᠷᠤᠯᠳᠤᠭᠤᠯᠬᠤ ᠨᠠᠮᠤᠷ ᠤᠨ ᠲᠠᠭᠠᠨ (daagan) ᠭᠢᠷᠠᠭᠤᠨ ᠳᠤ

ᠦᠴᠦᠭᠡᠳᠦᠷ ᠤᠨ ᠴᠢᠮᠡᠭᠡ ᠪᠦᠭᠦᠨ

ᠠᠨᠢᠷ ᠦᠭᠡᠶ ᠳᠠᠷᠤᠭᠳᠠᠵᠤ

ᠠᠢ᠌ᠯ ᠡᠴᠡ ᠰᠤᠭᠤᠨᠠᠭᠯᠠᠬᠤ ᠣᠳᠤᠭ᠎ᠠ

ᠠᠯᠢᠮᠠᠨ ᠰᠠᠷᠠᠨ ᠳᠤ ᠳᠠᠮᠠᠤᠯᠵᠤ ᠬᠤᠯᠠᠳᠠᠨ᠎ᠠ᠂

ᠵᠠᠮᠬᠠᠷᠠᠨ᠎ᠠ ᠁

ᠠᠨᠢᠷ ᠦᠭᠡᠶ ᠶᠢᠨ ᠳᠤᠮᠳᠠ

ᠠᠨᠢᠰᠬ᠎ᠠ ᠴᠢᠯᠡᠭᠡᠵᠤ

ᠬᠠᠷᠠᠭ᠎ᠠ

ᠠᠯᠤᠰ ᠲᠤ ᠳᠤᠭᠳᠠᠨ᠎ᠠ᠂

ᠴᠢᠨᠤ ᠪᠣᠴᠠᠭᠰᠠᠨ ᠵᠠᠮ

ᠵᠦᠷᠢᠭᠦᠤᠨ ᠳᠤᠭᠤᠯ ᠰᠢᠭ ᠶᠢᠡᠷ

ᠠᠭᠤᠯᠠ ᠳᠠᠪᠠᠨ ᠣᠤᠠᠴᠠᠢ᠃

ᠵᠠᠮ ᠤᠨ ᠨᠠᠮᠠᠳᠤ ᠥᠵᠦᠭᠦᠷ ᠲᠤ

ᠵᠠᠶᠠᠭ᠎ᠠ ᠮᠤᠬᠤᠷᠳᠠᠵᠤ

ᠪᠢ ᠵᠤᠭᠰᠤᠨ᠎ᠠ᠂

ᠴᠠᠭᠠᠳᠤ ᠥᠵᠦᠭᠦᠷ ᠨᠢ ᠣᠯᠳᠠᠭ᠎ᠠ ᠦᠭᠡᠶ

ᠴᠢ ᠥᠪᠠᠷᠳᠡᠭᠡᠨ ᠯᠠ ᠣᠬᠠᠨ᠎ᠠ᠃

ᠠᠨᠢᠷ ᠦᠭᠡᠶ ᠶᠢᠨ ᠳᠤᠮᠳᠠ ᠪᠢ

ᠠᠶᠤᠳᠠᠰ ᠭᠦᠷᠭᠦ ᠪᠠᠨ ᠰᠠᠷᠠᠵᠤ

ᠭᠠᠭᠴᠠᠭᠠᠷᠳᠠᠵᠤ ᠭᠡᠭᠡᠪᠡ (gegeb)᠂

《ᠪᠣᠴᠠᠵᠤ ᠢᠷᠡᠭᠦ ᠦᠭᠡᠶ ᠦᠦ︖》 ᠭᠡᠰᠡᠨ

ᠵᠥᠭᠡᠯᠡᠨ ᠰᠡᠳᠭᠢᠯ ᠤᠨ ᠬᠠᠷᠢᠭᠤ ᠳᠤ

ᠰᠢᠪᠠᠨᠡᠭ᠍ᠰᠡᠨ ᠥᠭᠡ ᠴᠢᠨᠢ

ᠳᠠᠩᠴᠤ ᠬᠠᠳᠠᠭᠤ ᠰᠤᠨᠤᠰᠳᠠᠨ᠎ᠠ᠃

ᠨᠠᠷᠠ ᠥᠡᠳᠡᠢ᠌ᠭᠦ ᠳᠦᠭᠦᠵᠡᠢ᠂

ᠡᠷᠭᠢᠵᠤ ᠠᠯᠬᠤᠬᠤ ᠳᠤ

ᠠᠯᠠᠭ ᠴᠡᠴᠡᠭᠡᠰ ᠤᠨ ᠳᠡᠯᠪᠠᠭᠡ

ᠴᠠᠯ ᠭᠦᠢᠳᠡᠨ ᠨᠢ ᠮᠡᠳᠡᠭ᠍ᠳᠡᠵᠤ

ᠱᠠᠯ ᠨᠣᠢ᠌ᠳᠠᠨ ᠬᠠᠷᠠᠭᠳᠠᠨ᠎ᠠ᠂

ᠴᠡᠴᠡᠭᠡᠰ ᠮᠦᠨ ᠵᠤᠯᠭᠠᠷᠠᠭ᠎ᠠ ᠦᠭᠡᠶ ᠠᠵᠠᠢ

ᠳᠡᠭᠡᠭᠡᠳ

ᠭᠡᠨ ᠣᠭᠢᠯᠠᠭᠰᠠᠨ ᠪᠣᠯ ᠡ︖ ︕


᠊᠊᠊᠊᠊᠊᠊᠊᠊᠊᠊᠊᠊᠊᠊ 2008.09.05 ᠰᠢᠯᠢ ᠶᠢᠨ ᠬᠤᠳᠠ


ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2010 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ