ᠨᠡᠪᠲᠡᠷᠡᠨ ᠤᠷᠤᠬᠤ
ᠵᠢᠭᠠᠬᠠᠨ ᠰᠢᠷᠭ᠎ᠠ ᠶᠢᠨ ᠮᠠᠭᠳᠠᠭᠠᠯ
(ᠬᠤᠯᠪᠣᠭ᠎ᠠ)

ᠨᠠᠢ᠌ᠷ ᠤᠨ ᠳᠡᠷᠢᠭᠦᠨ

ᠨᠠᠭᠠᠳᠤᠮ ᠤᠨ ᠮᠡᠡᠭᠯᠡᠢ

ᠨᠠᠷᠠᠳᠤ ᠤᠨ ᠴᠢᠮᠡᠭ᠌

ᠨᠠᠰᠤᠨ ᠤ ᠬᠠᠨᠢ

ᠵᠢᠷᠤᠭ᠎ᠠ ᠪᠠᠭᠠᠬᠠᠨ ᠰᠢᠷᠭ᠎ᠠ ᠶᠢᠨ ᠶᠢᠡᠨ

ᠵᠢᠯᠤᠭᠤ ᠶᠢ ᠨᠢ ᠳᠠᠳᠠᠭᠠᠤᠨ ᠮᠤᠷᠳᠠᠶ᠎ᠠ

ᠵᠤᠯᠪᠣᠭ᠎ᠠ ᠳᠡᠭᠦᠰ ᠨᠠᠭᠠᠳᠤᠮ ᠤᠨ ᠶᠢᠡᠨ

ᠵᠤᠯ ᠵᠠᠪᠰᠢᠶᠠᠨ ᠢ ᠨᠢ ᠦᠵᠡᠶ᠎ᠠ

ᠣᠳᠤᠮ ᠰᠠᠢ᠌ᠳᠤ ᠶᠢᠨ ᠣᠨᠠᠭ᠎ᠠ

ᠣᠭᠤᠷᠠᠭ ᠰᠠᠢ᠌ᠳᠤ ᠶᠢᠨ ᠳᠦᠯ

ᠣᠷᠤᠯᠳᠤᠭᠠᠨ ᠭᠦᠯᠦᠭ᠌ ᠤᠨ ᠮᠡᠡᠭᠯᠡᠢ

ᠣᠬᠠᠭᠠᠠᠳᠤ ᠭᠦᠮᠤᠨ ᠤ ᠬᠠᠨᠢ

ᠣᠨᠠᠭᠠᠨ ᠪᠠᠭᠠᠬᠠᠨ ᠰᠢᠷᠭ᠎ᠠ ᠶᠢᠨ ᠶᠢᠡᠨ

ᠣᠤᠳᠠ ᠶᠢ ᠨᠢ ᠳᠡᠷᠦᠰᠭᠢᠭᠡᠤᠨ ᠮᠤᠷᠳᠠᠶ᠎ᠠ

ᠣᠴᠠᠷᠠᠯ ᠳᠡᠭᠦᠰ ᠨᠠᠭᠠᠳᠤᠮ ᠤᠨ ᠶᠢᠡᠨ

ᠣᠷᠠᠮ ᠳᠠᠮ ᠢ ᠨᠢ ᠦᠵᠡᠶ᠎ᠠ ᠳ᠋ᠠ

ᠥᠭᠡ ᠄ ᠵᠠ ᠢᠩᠭᠢᠭᠡᠤᠨ ᠶᠡᠭᠡ ᠨᠠᠭᠠᠳᠤᠮ ᠤᠨ ᠠᠩᠬᠠᠨ ᠤ ᠡᠳᠦᠷ ᠤᠨ ᠣᠷᠭᠤᠬᠤ ᠣᠯᠠᠭᠠᠨ ᠨᠠᠷᠠᠨ ᠶᠢᠡᠷ ᠬᠤᠷᠳᠤᠨ ᠮᠤᠷᠢᠨ ᠤ ᠣᠷᠤᠯᠳᠤᠭᠠᠨ ᠡᠭᠢᠯᠡᠵᠡᠢ ᠃

ᠣᠷᠭᠤᠬᠤ ᠶᠢᠨ ᠰᠢᠷᠭᠠᠯ ᠨᠠᠷᠠᠨ ᠶᠢᠡᠷ

ᠣᠷᠤᠯᠳᠤᠭᠠᠨ ᠭᠦᠯᠦᠭ᠌ ᠤᠨ ᠳᠠᠪᠭᠢᠭᠠᠨ ᠶᠢᠡᠷ

ᠤᠨᠢᠶᠠᠷ ᠮᠠᠨᠠᠨ ᠰᠤᠭᠤᠨᠠᠭᠯᠠᠭᠠᠤᠨ

ᠣᠷᠠᠢ ᠳᠠᠭᠤᠤ ᠬᠠᠩᠭᠢᠨᠠᠭᠠᠤᠨ

ᠣᠶᠠᠭ᠎ᠠ ᠳᠠᠭᠠᠷᠠᠭᠰᠠᠨ ᠭᠦᠯᠦᠭ᠌ ᠤᠳ ᠨᠢ

ᠤᠬᠤᠰᠭᠢᠭᠡᠤᠨ ᠢᠷᠠᠯ᠎ᠠ

ᠣᠬᠠᠭ᠎ᠠ ᠰᠡᠢ᠌ᠯᠦᠭ᠍ᠰᠡᠨ ᠭᠦᠮᠦᠰ ᠨᠢ

ᠥᠡᠳᠡᠰᠭᠢᠭᠡᠤᠨ ᠢᠷᠠᠯ᠎ᠠ

ᠣᠷᠭ᠎ᠠ ᠶᠢᠨ ᠮᠤᠷᠢᠤᠨ ᠣᠬᠤᠰᠭᠢᠯ᠎ᠠ

ᠣᠭᠳᠤᠭᠤᠯ ᠤᠨ ᠭᠦᠮᠦᠰ  ᠦᠠᠳᠠᠰᠭᠢᠯ᠎ᠠ

ᠣᠷᠮ᠎ᠠ ᠰᠠᠤᠠᠭᠢᠯ ᠭᠦᠭ᠍ᠵᠢᠰᠭᠡᠯ᠎ᠡ

ᠣᠬᠠᠭᠠᠨ ᠰᠠᠨᠠᠭ᠎ᠠ ᠭᠦᠪᠪᠦᠯᠵᠡᠰᠭᠡᠯ᠎ᠡ

ᠬᠤᠷᠳᠤᠨ ᠭᠦᠯᠦᠭ᠌ ᠤᠳ ᠤᠨ ᠳᠤᠮᠳᠠ ᠡᠴᠡ

ᠬᠤᠢ ᠰᠠᠯᠭᠢᠨ ᠤ ᠳᠤᠮᠳᠠ ᠡᠴᠡ

ᠬᠤᠩᠭ᠋ᠤᠷ ᠵᠢᠭᠠᠬᠠᠨ ᠰᠢᠷᠭ᠎ᠠ ᠮᠢᠨᠢ

ᠬᠤᠯᠠᠴᠢ ᠣᠳᠤᠮ ᠤᠨ ᠣᠨᠠᠭ᠎ᠠ ᠮᠢᠨᠢ

ᠬᠤᠯᠮᠠᠩ ᠴᠢᠭᠢ ᠪᠠᠨ ᠳᠠᠷᠤᠭᠠᠤᠨ

ᠬᠤᠮᠪᠣᠩ ᠳᠤᠭᠤᠷᠠᠢ ᠪᠠᠨ ᠭᠢᠯᠠᠯᠵᠠᠭᠤᠯᠤᠭᠠᠤᠨ

ᠬᠤᠷᠸ᠎ᠠ ᠶᠢᠨ ᠳᠤᠭᠤᠰᠤ ᠮᠠᠨᠠᠷᠠᠭᠤᠯᠤᠭᠠᠤᠨ

ᠬᠤᠮᠠᠭᠢ ᠶᠢᠨ ᠳᠤᠭᠤᠰᠤ ᠭᠦᠯᠦᠭᠯᠡᠭᠡᠤᠨ

ᠰᠤᠯᠢᠷ ᠣᠳᠤᠨ ᠤ ᠬᠠᠷᠪᠣᠯᠳᠠ ᠰᠢᠭ

ᠰᠤᠭᠤᠨᠠᠭ ᠳᠠᠳᠠᠭᠠᠤᠨ ᠢᠷᠠᠯ᠎ᠠ

ᠰᠠᠠᠰᠠᠷ ᠤᠨ ᠭᠦᠯᠦᠭ᠌ ᠤᠨ ᠳᠡᠭᠦᠯᠢᠯᠳᠡ ᠰᠢᠭ᠌

ᠰᠠᠯᠭᠢ ᠳᠠᠳᠠᠭᠠᠤᠨ ᠢᠷᠠᠯ᠎ᠠ

ᠥᠭᠡ᠄ ᠵᠢᠭᠠᠬᠠᠨ ᠰᠢᠷᠭ᠎ᠠ ᠮᠤᠷᠢ ᠨᠢ ᠂ ᠵᠢᠷᠠᠨ ᠤ ᠭᠠᠵᠠᠷ ᠤᠨ ᠣᠷᠤᠯᠳᠤᠭᠠᠨ ᠳᠤ ᠣᠰᠤᠯ ᠦᠭᠡᠶ ᠳᠦᠷᠦᠭᠦᠯᠦᠭᠡᠤᠨ ᠂ ᠣᠯᠠᠨ ᠪᠦᠭᠦᠳᠡ ᠶᠢᠨ ᠨᠢᠳᠤᠨ ᠳᠤ ᠣᠩᠭ᠋ᠤᠨ ᠰᠢᠷᠭᠠᠯ ᠭᠦᠯᠦᠭ᠌ ᠪᠣᠯᠤᠨ ᠣᠠᠴᠠ ᠶᠢᠨ ᠰᠤᠳᠤᠨ ᠬᠠᠷᠠᠭᠳᠠᠯ᠎ᠠ᠃ ᠣᠳᠤ ᠳᠡᠭᠦᠨ ᠤ ᠣᠳᠤᠮ ᠣᠭᠰᠠᠭ᠎ᠠ ᠶᠢ ᠨᠢ ᠣᠴᠢᠷᠯᠠᠪᠠᠯ ᠄

ᠬᠤᠳᠠᠯᠠ ᠶᠢᠨ ᠮᠠᠯᠮᠠᠢ ᠬᠤᠵᠢᠷᠯᠠᠵᠤ

ᠬᠤᠯᠠ ᠶᠢᠨ ᠰᠦᠨᠢ ᠪᠠᠶᠠᠰᠬᠠᠭᠰᠠᠨ

ᠬᠤᠯᠤ ᠰᠢᠷᠭᠠᠯ ᠭᠦᠯᠦᠭ᠌ ᠤᠨ ᠶᠢᠡᠨ

ᠬᠤᠯᠠᠴᠢ ᠣᠳᠤᠮ ᠢ ᠭᠡᠯᠡᠪᠠᠯ

ᠬᠤᠩᠭ᠋ᠤᠷ ᠰᠢᠷᠭ᠎ᠠ ᠮᠤᠷᠢᠨ ᠤ ᠪᠠᠨ

ᠬᠤᠷᠳᠤᠨ ᠣᠳᠤᠮ ᠢ ᠳᠤᠭᠠᠴᠢᠪᠠᠯ ᠄

ᠬᠠᠨ ᠠᠪᠣ ᠶᠢᠨ ᠠᠳᠤᠭᠤᠨ ᠤ

ᠬᠠᠩᠭ᠋ᠠᠯ ᠵᠡᠭᠡᠷᠳᠡ ᠠᠵᠢᠷᠭᠠᠨ ᠤ

ᠬᠠᠢ᠌ᠷ ᠭᠠᠵᠠᠷ ᠳᠦᠷᠦᠭ᠍ᠰᠡᠨ

ᠬᠠᠢ᠌ᠷᠠᠳᠠᠢ ᠪᠢᠴᠢᠬᠠᠨ ᠣᠨᠠᠭ᠎ᠠ ᠶᠤᠮ

ᠡᠵᠡᠨ ᠳᠡᠭᠡᠳᠤ ᠶᠢᠨ ᠠᠳᠤᠭᠤᠨ ᠤ

ᠡᠮᠨᠢᠭ᠌ ᠰᠢᠷᠭ᠎ᠠ ᠭᠡᠭᠦᠤ ᠡᠴᠡ

ᠡᠩᠭᠡᠷ ᠭᠠᠵᠠᠷ ᠳᠦᠷᠦᠭ᠍ᠰᠡᠨ

ᠡᠩᠭᠦᠷᠡᠢ ᠵᠢᠭᠠᠬᠠᠨ ᠣᠨᠠᠭ᠎ᠠ ᠶᠤᠮ

ᠲᠦᠷᠦ ᠶᠢᠨ ᠶᠡᠭᠡ ᠨᠠᠭᠠᠳᠤᠮ ᠳᠤ

ᠳᠦᠷᠦᠭᠦᠯᠡᠵᠤ ᠪᠠᠢ᠌ᠭᠰᠠᠨ ᠣᠭᠰᠠᠭ᠎ᠠ ᠲᠡᠶ

ᠲᠦᠮᠡᠨ ᠤ ᠶᠡᠭᠡ ᠨᠠᠢ᠌ᠷ ᠲᠤ

ᠮᠡᠡᠭᠯᠡᠢ᠌ᠯᠡᠵᠤ ᠢᠷᠡᠭ᠍ᠰᠡᠨ ᠣᠳᠤᠮ ᠲᠡᠶ

ᠥᠭᠡ᠄ ᠣᠳᠤᠮ ᠰᠠᠢ᠌ᠳᠤ ᠶᠢᠨ ᠣᠨᠠᠭ᠎ᠠ᠂ ᠣᠭᠰᠠᠭ᠎ᠠ ᠰᠠᠢ᠌ᠳᠤ ᠶᠢᠨ ᠳᠦᠯ᠂ ᠣᠴᠢᠷᠳᠠᠢ ᠬᠤᠷᠳᠤᠨ ᠭᠦᠯᠦᠭ᠌ ᠤᠨ ᠶᠢᠡᠨ ᠣᠠᠴᠠᠯᠢᠭ ᠰᠢᠠᠵᠢ ᠶᠢ ᠨᠢ ᠭᠡᠯᠡᠪᠠᠯ᠄

ᠴᠤᠯᠭᠢᠨ ᠳᠤᠯᠭᠢᠨ ᠠᠭᠠᠰᠢ ᠲᠡᠶ

ᠴᠤᠪᠣᠭᠤ ᠰᠡᠷᠭᠦᠯᠡᠩ ᠠᠭᠠᠯᠢ ᠲᠡᠶ

ᠴᠤᠯᠮᠤᠨ ᠬᠤᠶᠠᠷ ᠨᠢᠳᠤ ᠲᠡᠶ

ᠴᠤᠮᠤᠭ ᠭᠦᠷᠡᠩ ᠳᠠᠯ ᠲᠡᠶ

ᠴᠤᠰᠤᠨ ᠥᠩᠭᠡ ᠶᠢᠨ ᠰᠡᠭᠦᠯ ᠲᠡᠶ

ᠴᠤᠮᠪᠣᠩ ᠳᠦᠷᠪᠡᠨ ᠳᠤᠭᠤᠷᠠᠢ ᠲᠡᠶ

ᠴᠤᠮᠪᠣᠭᠤᠷ ᠽᠠᠠᠳᠠᠨ ᠡᠮᠡᠭᠡᠯ ᠲᠡᠶ

ᠴᠤᠬᠤᠷ ᠡᠷᠢᠶᠡᠨ ᠭᠠᠠᠵᠤᠭ᠎ᠠ ᠲᠡᠶ

ᠵᠡᠭᠡᠷ᠎ᠡ ᠶᠢᠨ ᠬᠤᠷᠳᠤᠨ ᠭᠦᠶ‍ᠦᠳᠡᠯ ᠲᠡᠶ

ᠵᠡᠷᠭᠡᠯᠭᠡᠨ ᠤ ᠣᠷᠠᠨ ᠳᠠᠪᠭᠢᠭ᠎ᠠ ᠲᠡᠶ

ᠵᠡᠭᠡᠷᠳᠡ ᠶᠢᠨ ᠳᠤᠭᠰᠢᠨ ᠰᠢᠠᠵᠢ ᠲᠡᠶ

ᠵᠠᠯᠠᠨ ᠳᠤᠮᠳᠠ ᠪᠠᠨ ᠴᠢᠮᠡᠭ᠌ ᠳᠠᠢ

ᠵᠡᠭᠡᠰᠤᠨ ᠳᠤᠮᠳᠠ ᠪᠠᠨ ᠵᠤᠭᠰᠤᠭᠠᠯ ᠲᠡᠶ

ᠵᠡᠷᠭᠡ ᠶᠢᠨ ᠳᠤᠮᠳᠠ ᠪᠠᠨ ᠵᠤᠯᠪᠣᠭ᠎ᠠ ᠲᠡᠶ

ᠵᠡᠭᠡᠭ᠌ ᠤᠨ ᠳᠤᠮᠳᠠ ᠴᠤᠪᠬᠤᠷᠤᠭ᠎ᠠ ᠲᠡᠶ

ᠰᠢᠷᠭᠠᠯ ᠬᠠᠯᠢᠭᠤᠨ ᠮᠤᠠᠳᠠᠭ᠎ᠠ ᠲᠡᠶ

ᠰᠢᠩᠬᠤᠨ ᠣᠯᠠᠭᠠᠨ ᠨᠤᠭᠳᠤ ᠲᠡᠶ

ᠰᠢᠠᠳᠠᠰᠤᠨ ᠳᠦᠷᠪᠡᠨ ᠭᠦᠯ ᠲᠡᠶ

ᠰᠢᠷᠠᠮᠤᠨ ᠳᠦᠷᠪᠡᠨ ᠳᠤᠭᠤᠷᠠᠢ ᠲᠡᠶ

ᠰᠢᠳᠠᠷ᠎ᠠ ᠶᠢᠨ ᠰᠠᠢ᠌ᠯᠤᠮᠠᠯ ᠰᠢᠠᠵᠢ ᠲᠡᠶ

ᠰᠢᠳᠢ ᠶᠢᠨ ᠪᠦᠷᠢᠨ ᠢᠳᠠ ᠲᠡᠶ

ᠰᠢᠷᠦᠭᠦᠨ ᠬᠤᠩᠭ᠋ᠤᠷ ᠳᠠᠯ ᠲᠡᠶ

ᠰᠢᠷᠭᠡᠭ᠌ ᠨᠠᠷᠢᠨ ᠨᠤᠤᠰᠤ ᠲᠡᠶ

ᠵᠠᠳᠠᠭᠠᠢ ᠰᠤᠮᠤᠨ ᠬᠠᠳᠠᠷᠢᠶ᠎ᠠ ᠲᠡᠶ

ᠵᠠᠰᠠᠭ ᠽᠠᠠᠳᠠᠨ ᠡᠮᠡᠭᠡᠯ ᠲᠡᠶ

ᠵᠠᠭᠠᠨ ᠤ ᠶᠠᠰᠤᠨ ᠭᠢᠷ᠎ᠠ ᠲᠡᠶ

ᠵᠠᠩᠭᠢᠶ᠎ᠠ ᠣᠯᠠᠭᠠᠨ ᠮᠤᠠᠴᠤᠭ ᠲᠡᠶ

ᠰᠠᠷᠠᠨ ᠳᠤᠯᠢ ᠮᠠᠩᠨᠠᠢ ᠲᠡᠶ

ᠰᠠᠭᠠᠷᠢᠨ ᠳᠤᠭᠤᠷᠢᠭ ᠨᠤᠭᠳᠤ ᠲᠡᠶ

ᠰᠠᠢ᠌ᠨ ᠰᠤᠷ ᠬᠠᠵᠠᠭᠠᠷ ᠲᠡᠶ

ᠰᠠᠢ᠌ᠬᠠᠨ ᠴᠤᠬᠤᠷ ᠭᠦᠯᠢᠮ ᠲᠡᠶ

ᠴᠠᠯ ᠮᠥᠩᠭᠦᠨ ᠰᠢᠬᠠᠯᠭᠤᠷ ᠲᠡᠶ

ᠴᠠᠭᠠᠨ ᠮᠥᠩᠭᠦᠨ ᠳᠤᠪᠣᠷᠤᠤ ᠲᠡᠶ

ᠴᠠᠰᠤᠨ ᠮᠥᠩᠭᠦᠨ ᠳᠦᠷᠦᠭᠡ ᠲᠡᠶ

ᠴᠠᠢ᠌ᠪᠣᠷ ᠮᠥᠩᠭᠦᠨ ᠭᠤᠷᠭᠢ ᠲᠡᠶ

ᠰᠤᠭᠤᠨ ᠴᠠᠭᠠᠨ ᠭᠦᠶ‍ᠦᠳᠡᠯ ᠲᠡᠶ

ᠰᠤᠯᠢᠨ ᠰᠢᠷᠭᠠᠯ ᠵᠢᠰᠤ ᠲᠡᠶ

ᠰᠤᠷᠤᠨ ᠰᠦᠯᠵᠢᠮᠠᠯ ᠵᠢᠷᠤᠮ ᠲᠡᠶ

ᠰᠤᠮᠤᠨ ᠴᠤᠬᠤᠷ ᠣᠯᠤᠩ ᠲᠡᠶ

ᠨᠠᠢ᠌ᠷ ᠤᠨ ᠮᠡᠡᠭᠯᠡᠢ ᠠᠭᠳᠠ ᠶᠢᠨ ᠶᠢᠡᠨ

ᠨᠠᠷᠠᠨ ᠳᠡᠷᠭᠡᠯ ᠮᠠᠩᠨᠠᠢ ᠶᠢ ᠨᠢ

ᠰᠠᠢ᠌ᠬᠠᠨ ᠤ ᠢᠷᠦᠭᠡᠯ ᠰᠢᠩᠭᠡᠭ᠍ᠰᠡᠨ

ᠰᠠᠭᠠᠯᠢ ᠶᠢᠨ ᠳᠡᠭᠡᠵᠢ ᠪᠠᠷ ᠮᠢᠯᠢᠶᠠᠶ᠎ᠠ

ᠦᠷᠡᠰ ᠤᠨ ᠳᠡᠷᠢᠭᠦᠨ ᠭᠦᠯᠦᠭ᠌ ᠤᠨ ᠶᠢᠡᠨ

ᠥᠷᠭᠡᠨ ᠳᠡᠷᠭᠡᠯ ᠵᠤᠯᠠᠢ  ᠵᠢ ᠨᠢ

ᠰᠠᠢ᠌ᠨ ᠤ ᠢᠷᠦᠭᠡᠯ ᠳᠤᠭᠳᠠᠭᠠᠭᠰᠠᠨ

ᠰᠠᠷᠬᠤᠤᠨ ᠤᠨ ᠳᠡᠭᠡᠵᠢ ᠪᠠᠷ ᠮᠢᠯᠢᠶᠠᠶ᠎ᠠ

ᠵᠤᠨ ᠵᠤᠨ ᠤ ᠨᠠᠭᠠᠳᠤᠮ ᠳᠤ

ᠵᠤᠯᠠᠢ ᠶᠤᠭᠠᠨ ᠮᠢᠯᠢᠶᠠᠯᠭᠠᠳᠤᠭᠠᠢ ︕

ᠣᠨ ᠣᠨ ᠤ ᠨᠠᠢ᠌ᠷ ᠲᠤ

ᠣᠩᠭ᠋ᠤᠳ ᠶᠤᠭᠠᠨ ᠳᠠᠭᠤᠳᠠᠭᠤᠯᠳᠤᠭᠠᠢ ︕

ᠵᠤᠬᠢᠶᠠᠭᠴᠢ᠄ ᠵᠠᠩᠮᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2007 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ