ᠨᠡᠪᠲᠡᠷᠡᠨ ᠤᠷᠤᠬᠤ
ᠬᠠᠭᠢᠷ ᠤᠨ ᠭᠤᠤᠯ

ᠬᠠᠢ᠌ᠷ᠎ᠠ ᠳᠤ ᠳᠡᠪᠳᠦᠭ᠍ᠰᠡᠨ

ᠬᠤᠭᠤᠷ ᠤᠨ ᠮᠥᠩᠭᠦᠨ ᠭᠢᠯᠭᠠᠰᠤ

ᠬᠤᠯᠠ ᠳᠤ ᠳᠠᠳᠠᠭᠰᠠᠨ

ᠭᠠᠵᠠᠷ ᠤᠨ ᠣᠶᠠᠨ ᠭᠡᠷᠡᠯ

ᠨᠤᠳᠤᠭ ᠮᠢᠨᠢ ᠭᠠᠩᠳᠠᠭᠰᠠᠨ ᠰᠢᠤ

ᠦᠨᠦ ᠵᠤᠨ ᠶᠢᠡᠷ ᠭᠡᠵᠤ

ᠳᠠᠯᠠᠢ ᠳᠤ ᠭᠡᠯᠡᠷ᠎ᠡ ᠣᠤᠠᠬᠤ

ᠨᠣᠢ᠌ᠳᠠᠨ ᠰᠠᠯᠭᠢ

ᠨᠠᠷ᠎ᠠ ᠮᠢᠨᠢ ᠬᠠᠭᠢᠷ ᠴᠤ

ᠦᠷᠦ ᠮᠢᠨᠢ ᠵᠥᠭᠡᠯᠡᠨ ᠰᠢᠤ ᠭᠡᠵᠤ

ᠨᠠᠷᠠᠨ ᠤ ᠳᠤᠤᠷ᠎ᠠ ᠭᠢᠯᠠᠯᠵᠠᠬᠤ

ᠴᠠᠭᠠᠨ ᠵᠠᠮ

ᠭᠦᠯ ᠨᠢᠴᠦᠭᠦᠨ ᠭᠦᠶ‍ᠦᠭ᠍ᠰᠡᠨ

ᠮᠢᠨᠤ ᠪᠠᠭ᠎ᠠ ᠨᠠᠰᠤ

ᠨᠠᠭᠠᠳᠴᠤ ᠬᠠᠨᠤᠪᠠ ᠦᠦ᠂   ᠪᠠᠷ᠎ᠠ ᠦᠭᠡᠶ

ᠭᠦᠪᠠᠭᠡᠨ ᠤ ᠭᠢᠨᠢ ᠣᠯᠠᠭᠠᠨ ᠪᠣᠷᠭᠠᠰᠤ

ᠮᠢᠨᠤ ᠠᠭᠰᠤᠮ ᠭᠦᠯᠦᠭ᠌

ᠨᠠᠳᠬᠤᠵᠤ ᠬᠤᠯᠠᠳᠠᠪᠠ ᠦᠦ᠂   ᠰᠤᠷᠠᠭ ᠦᠭᠡᠶ

ᠬᠠᠳᠠᠷᠢᠨ ᠬᠠᠳᠠᠷᠢᠬᠤ

ᠬᠠᠷ᠎ᠠ ᠭᠡᠭᠡᠷ ᠮᠤᠷᠢᠨ

ᠬᠠᠯᠭᠢᠯᠠᠨ ᠬᠠᠯᠭᠢᠯᠠᠬᠤ

ᠬᠠᠳᠠᠨ ᠳᠤᠩᠭ᠋ᠠᠯᠠᠭ ᠣᠰᠤᠨ

ᠣᠷᠭᠤᠭᠰᠠᠨ ᠭᠡᠪᠠᠯ ᠬᠠᠭᠢᠷ

ᠦᠨᠳᠦᠰᠦ ᠳᠠᠮᠵᠢᠨ ᠭᠠᠵᠠᠷ ᠲᠤ

ᠦᠨᠳᠦᠷ ᠳᠠᠮᠠᠴᠠᠨ ᠳᠡᠭ᠍ᠷᠢ ᠳᠤ

ᠣᠷᠤᠰᠤᠭᠰᠠᠨ ᠭᠡᠪᠠᠯ ᠬᠠᠭᠢᠷ

ᠨᠤᠭᠤᠭᠠᠨ ᠳᠠᠯ᠎ᠠ ᠶᠢᠨ ᠡᠯᠢᠭᠡ ᠪᠠᠷ

ᠴᠠᠭᠠᠨ ᠴᠠᠭᠠᠰᠤᠨ ᠤ ᠡᠩ ᠶᠢᠡᠷ

ᠡᠷᠢᠶᠡᠨ ᠭᠠᠵᠠᠷ ᠤᠨ ᠵᠢᠷᠤᠭ ᠳᠡᠭᠡᠷ᠎ᠡ

ᠳᠡᠮᠳᠡᠭ᠌ ᠳᠤᠯᠪᠣ ᠴᠤ ᠦᠭᠡᠶ ᠬᠠᠭᠢᠷ

ᠡᠭᠡᠷᠡᠮ᠎ᠡ ᠬᠤᠯᠠ ᠶᠢᠨ ᠨᠡᠭᠦᠳᠡᠯ ᠳᠤ

ᠳᠡᠭ᠍ᠷᠢ ᠶᠢᠨ ᠣᠶᠤᠳᠠᠯ ᠮᠠᠳᠤ ᠬᠠᠭᠢᠷ

ᠬᠤᠳᠠ ᠶᠢᠨ ᠪᠣᠵᠠᠷ ᠳᠤᠮᠳᠠᠭᠤᠷ

ᠣᠳᠠᠰᠤᠨ ᠭᠤᠤᠯ ᠲᠡᠶ ᠬᠠᠭᠢᠷ

ᠬᠤᠪᠳᠤᠯ ᠵᠢᠷᠦᠭᠡᠨ ᠤ ᠳᠤᠳᠤᠭᠤᠷ

ᠠᠭᠤᠵᠢᠮ ᠠᠮᠢᠰᠬᠤᠯ ᠲᠡᠶ ᠬᠠᠭᠢᠷ

ᠳᠡᠭ᠍ᠷᠢ ᠳᠤ ᠳᠡᠨᠦᠭ᠍ᠰᠡᠨ ᠳᠤᠰᠤᠯ ᠤᠳ ᠨᠢ

ᠪᠠᠭᠤᠶ᠎ᠠ ᠪᠠᠭᠤᠶ᠎ᠠ ᠬᠠᠭᠢᠷ

ᠳᠡᠯᠡᠭᠡᠢ ᠳᠤ ᠰᠠᠯᠪᠣᠷᠢᠯᠠᠭᠰᠠᠨ ᠣᠷᠤᠰᠬᠠᠯ ᠨᠢ

ᠪᠣᠴᠠᠶ᠎ᠠ ᠪᠣᠴᠠᠶ᠎ᠠ ᠬᠠᠭᠢᠷ


2008.12.16

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ