☆ ᠡᠷᠭᠡᠪᠠᠳᠤ
ᠰᠠᠢ᠌ᠬᠠᠨ
ᠭᠦᠭᠡᠷᠦᠭᠦᠨ ᠵᠢᠷᠪᠢᠰᠭᠡᠵᠤ ᠬᠠᠷᠠᠭᠳᠠᠭᠰᠠᠨ
ᠭᠦᠮᠦᠰᠭᠡ ᠴᠢᠨᠢ ᠰᠠᠢ᠌ᠬᠠᠨ
ᠭᠦᠮᠤᠨ ᠤ ᠳᠤᠷ᠎ᠠ ᠶᠢ ᠪᠣᠯᠢᠶᠠᠭᠰᠠᠨ
ᠢᠨᠠᠶᠠᠳᠤ ᠴᠢᠨᠢ ᠰᠠᠢ᠌ᠬᠠᠨ᠃
ᠳᠠᠯ᠎ᠠ ᠶᠢᠨ ᠭᠤᠶᠤᠬᠠᠨ ᠴᠡᠴᠡᠭ᠌ ᠰᠢᠭ
ᠴᠢᠷᠠᠢ ᠴᠢᠨᠢ ᠰᠠᠢ᠌ᠬᠠᠨ
ᠳᠠᠢ᠌ᠪᠣᠩ ᠨᠠᠭᠤᠷ ᠤᠨ ᠣᠰᠤ ᠰᠢᠭ
ᠨᠢᠳᠤ ᠴᠢᠨᠢ ᠰᠠᠢ᠌ᠬᠠᠨ᠃
ᠣᠳᠠ ᠣᠯᠢᠶᠠᠰᠤ ᠰᠢᠭ ᠨᠠᠭᠢᠯᠵᠠᠭᠰᠠᠨ
ᠨᠢᠷᠤᠭᠤ ᠴᠢᠨᠢ ᠰᠠᠢ᠌ᠬᠠᠨ
ᠣᠷᠠᠨ ᠠᠪᠢᠶᠠᠰ ᠲᠡᠶ ᠭᠦᠳᠡᠯᠦᠭ᠍ᠰᠡᠨ
ᠬᠤᠷᠤᠭᠤ ᠴᠢᠨᠢ ᠰᠠᠢ᠌ᠬᠠᠨ᠃
ᠠᠭᠤᠯᠠ ᠶᠢᠨ ᠴᠤᠪᠣᠭᠤ ᠰᠤᠭᠤ ᠰᠢᠭ
ᠳᠡᠷᠪᠠᠯᠵᠡᠭᠦ ᠴᠢᠨᠢ ᠰᠠᠢ᠌ᠬᠠᠨ
ᠣᠰᠤᠨ ᠤ ᠰᠡᠷᠭᠦᠯᠡᠩ ᠵᠢᠭᠠᠰᠤ ᠰᠢᠭ
ᠵᠢᠷᠪᠢᠯᠵᠡᠭᠦ ᠴᠢᠨᠢ ᠰᠠᠢ᠌ᠬᠠᠨ᠃
ᠬᠠᠷᠠᠭᠠᠤᠨ ᠪᠠᠢ᠌ᠬᠤ ᠳᠤ ᠴᠢ ᠮᠢᠨᠢ ᠰᠠᠢ᠌ᠬᠠᠨ
ᠬᠠᠮᠤᠭ ᠪᠦᠭᠦᠨ ᠴᠢᠨᠢ ᠨᠠᠳᠠ ᠳᠠᠭᠠᠨ ᠰᠠᠢ᠌ᠬᠠᠨ
ᠥᠵᠡᠭᠡᠳ ᠰᠠᠭᠤᠬᠤ ᠳᠤ ᠭᠠᠭᠴᠠ ᠴᠢ ᠮᠢᠨᠢ ᠰᠠᠢ᠌ᠬᠠᠨ
ᠦᠨᠡᠨ ᠰᠡᠳᠬᠢᠯ ᠡᠴᠠ ᠭᠠᠷᠳᠠᠭ ᠦᠭᠡᠶ ᠰᠠᠢ᠌ᠬᠠᠨ᠃
ᠵᠤᠬᠢᠶᠠᠭᠴᠢ ᠶᠢᠨ ᠬᠠᠶᠢᠭ᠄ ᠰᠢᠠᠵᠢᠶᠠᠩ ᠬᠤᠪᠣᠭᠰᠠᠢ᠌ᠷᠢ ᠰᠢᠶᠠᠨ
ᠵᠤᠬᠢᠶᠠᠭᠴᠢ᠄ ᠡᠷᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ