ᠨᠡᠪᠲᠡᠷᠡᠨ ᠤᠷᠤᠬᠤ
ᠢᠰᠢᠳᠠᠨᠽᠠᠨᠸᠩᠵᠢᠯ

ᠢᠰᠢᠳᠠᠠᠽᠠᠠᠸᠠᠩᠵᠢᠯ (1854 ᠊᠊᠊᠊᠊᠊᠊᠊᠊᠊᠊᠊᠊᠊᠊ 1907) ᠪᠣᠯ ᠮᠤᠩᠭ᠋ᠤᠯ᠂ ᠲᠦᠪᠡᠳ ᠪᠢᠴᠢᠭ᠌ ᠲᠤ ᠨᠡᠪᠳᠡᠷᠡᠭ᠍ᠰᠡᠨ ᠠᠯᠳᠠᠷᠳᠤ ᠰᠢᠯᠦᠭ᠍ᠴᠢᠨ ᠪᠣᠯᠬᠤ ᠪᠠᠷ ᠪᠠᠷᠠᠬᠤ ᠦᠭᠡᠶ᠂ ᠠᠨᠠᠭᠠᠬᠤ ᠣᠬᠠᠭᠠᠨ ᠪᠠ ᠭᠦᠨ ᠣᠬᠠᠭᠠᠨ ᠤ ᠡᠷᠳᠡᠮᠳᠡᠨ ᠪᠠᠢ᠌ᠵᠠᠢ᠃ ᠳᠠᠷᠠ ᠪᠣᠯ ᠣᠤᠯ ᠤᠨ ᠴᠠᠬᠠᠷ ᠠᠢ᠌ᠮᠠᠭ ᠤᠨ ᠭᠦᠪᠠᠭᠡᠳᠤ ᠴᠠᠭᠠᠨ ᠬᠤᠰᠢᠭᠤᠨ ᠤ ᠭᠦᠮᠤᠨ ᠶᠤᠮ᠃ ᠡᠴᠢᠭᠡ ᠨᠢ ᠨᠠᠮᠵᠢᠯᠳᠤᠷᠵᠢ ᠪᠣᠯ ᠠᠮᠪᠠᠨ ᠨᠤᠶᠠᠨ ᠪᠠᠢ᠌ᠵᠠᠢ᠃ ᠢᠰᠢᠳᠠᠠᠽᠠᠠᠸᠠᠩᠵᠢᠯ ᠳᠤᠯᠤᠭᠠᠨ ᠨᠠᠰᠤᠳᠠᠢ ᠳᠠᠭᠠᠨ ᠣᠷᠳᠤᠰ ᠤᠨ ᠵᠢᠶᠦ᠋ᠨ ᠸᠠᠩ ᠤᠨ ᠬᠤᠰᠢᠭᠤᠨ ᠤ ᠭᠦᠩ ᠤᠨ ᠵᠤᠤ ᠳᠤ ᠱᠠᠪᠷᠤᠩ ᠶᠢᠡᠷ ᠵᠠᠯᠠᠭᠳᠠᠪᠠ᠃ 1866 ᠣᠨ ᠤ ᠬᠤᠳᠤᠩᠴᠤᠳ ᠤᠨ ᠥᠢᠮᠡᠭᠡᠨ ᠳᠤ ᠭᠦᠩ ᠤᠨ ᠵᠤᠤ ᠭᠡᠢ᠌ᠤᠨ ᠰᠢᠳᠠᠭᠳᠠᠭᠰᠠᠨ ᠳᠤ ᠳᠠᠷᠠ ᠲᠦᠷᠦᠯᠭᠢ ᠨᠤᠳᠤᠭ ᠴᠠᠬᠠᠷ ᠲᠠᠭᠠᠨ ᠪᠣᠴᠠᠪᠠ᠃ 1870 ᠣᠨ ᠳᠤ ᠳᠠᠷᠠ ᠳᠠᠭᠢᠭᠠᠤᠨ ᠣᠷᠳᠤᠰ ᠲᠤ ᠭᠦᠷᠴᠤ᠂ ᠭᠦᠩ ᠤᠨ ᠵᠤᠤ ᠶᠢ ᠰᠠᠯᠪᠢᠨ ᠵᠠᠰᠠᠪᠠ᠃ ᠬᠤᠷᠢᠭᠠᠤᠨ ᠨᠠᠰᠤᠨ ᠳᠠᠭᠠᠨ ᠬᠦᠬᠡ‍ᠨᠠᠭᠤᠷ ᠤᠨ ᠭᠦᠮᠪᠦᠮ ᠵᠤᠤ ᠳᠤ ᠭᠦᠷᠴᠤ ᠭᠦᠨ ᠣᠬᠠᠭᠠᠨ ᠪᠠ ᠠᠨᠠᠭᠠᠬᠤ ᠣᠬᠠᠭᠠᠨ ᠰᠤᠷᠪᠠ᠃ ᠳᠠᠷᠠ ᠠᠯᠢ ᠣᠯᠠᠨ ᠰᠢᠯᠦᠭ᠌ ᠮᠠᠭᠳᠠᠭᠠᠯ ᠪᠢᠴᠢᠭ᠍ᠰᠡᠨ ᠶᠢᠡᠷ ᠦᠯᠦ ᠪᠠᠷᠠᠨ᠂ ᠦᠪᠡᠷ ᠤᠨ ᠡᠮ ᠡᠮᠨᠡᠯᠭᠡ ᠶᠢᠨ ᠳᠤᠷᠰᠢᠯᠭ᠎ᠠ ᠪᠠᠨ ᠳ᠋ᠦ᠋ᠩᠨᠠᠵᠤ 《ᠰᠤᠪᠣᠤᠨ ᠤᠨ ᠣᠠᠵᠢᠯᠭ᠎ᠠ》᠂ 《ᠱᠢᠷᠤᠨ ᠣᠠᠵᠢᠯᠭ᠎ᠠ》᠂ 《ᠣᠳᠠᠴᠢ ᠶᠢᠨ ᠠᠴᠢ ᠳᠤᠰᠠ ᠶᠢᠨ ᠬᠤᠷᠢᠶᠠᠩᠭ᠋ᠤᠢ》᠂ 《ᠵᠡᠭᠦᠤ ᠳᠦᠭᠡᠨᠡᠯᠭᠡ》 ᠭᠡᠭᠦ ᠮᠠᠳᠤ ᠶᠢᠨ ᠠᠨᠠᠭᠠᠬᠤ ᠣᠬᠠᠭᠠᠨ ᠤ ᠨᠤᠮ ᠪᠢᠴᠢᠭ᠌ ᠢ ᠭᠠᠷᠭᠠᠪᠠ᠃ 1874 ᠊᠊᠊᠊᠊᠊᠊᠊᠊᠊᠊᠊᠊᠊᠊ 1903 ᠣᠨ ᠭᠦᠷᠳᠡᠯ᠎ᠡ ᠳᠠᠷᠠ ᠠᠷᠤ᠂ ᠦᠪᠣᠷ ᠮᠤᠩᠭ᠋ᠤᠯ ᠤᠨ ᠠᠯᠢ ᠣᠯᠠᠨ ᠬᠤᠰᠢᠭᠤ ᠴᠢᠭᠤᠯᠭᠠᠨ ᠶᠢᠡᠷ ᠮᠥᠷᠭᠦᠯ ᠳᠠᠯᠪᠢᠨ ᠡᠮ ᠪᠠᠷᠢᠵᠤ ᠶᠠᠪᠣᠬᠤ ᠳᠠᠭᠠᠨ᠂ ᠳᠤᠬᠠᠢ ᠶᠢᠨ ᠦᠶ᠎ᠡ ᠶᠢᠨ ᠨᠡᠢ᠌ᠭᠡᠮ ᠤᠨ ᠪᠣᠳᠠᠳᠤ ᠪᠠᠢ᠌ᠳᠠᠯ ᠲᠡᠶ ᠰᠢᠭᠤᠳ ᠳᠠᠨᠢᠯᠴᠠᠵᠤ᠂ ᠹᠧᠥᠳᠠᠯ ᠤᠨ ᠭᠦᠡᠳᠤ ᠭᠡᠴᠡᠭᠦᠤ ᠳᠠᠷᠤᠯᠠᠯ ᠮᠦᠯᠵᠢᠯ᠂ ᠬᠠᠷ᠎ᠠ ᠰᠢᠷ᠎ᠠ ᠹᠧᠤᠳᠠᠯᠴᠤᠳ ᠤᠨ ᠪᠠᠯᠠᠮᠠᠤᠨ ᠳᠤᠭᠰᠢᠨ ᠪᠠᠢ᠌ᠳᠠᠯ᠂ ᠮᠠᠯᠴᠢᠨ ᠲᠦᠮᠡᠨ ᠤ ᠭᠠᠰᠢᠭᠤᠨ ᠵᠥᠳᠡᠭᠦᠷᠢᠳᠤ ᠠᠮᠢᠳᠤᠷᠠᠯ ᠢ ᠢᠯᠠ ᠪᠣᠳᠠᠳᠠᠢ ᠣᠯᠵᠤ ᠬᠠᠷᠠᠵᠠᠢ᠃

ᠢᠰᠢᠳᠠᠠᠽᠠᠠᠸᠠᠩᠵᠢᠯ ᠤᠨ ᠰᠢᠯᠦᠭ᠌ ᠤᠨ ᠬᠠᠮᠤᠭ ᠤᠨ ᠳᠤᠪᠣᠢ᠌ᠭᠰᠠᠨ ᠳᠠᠯ᠎ᠠ ᠨᠢ ᠭᠡᠪᠠᠯ ᠳᠡᠳᠡᠭᠡᠷ ᠬᠠᠷ᠎ᠠ ᠰᠢᠷ᠎ᠠ ᠹᠧᠤᠳᠠᠯᠴᠤᠳ ᠤᠨ ᠰᠢᠪᠰᠢᠭ᠍ᠳᠤ ᠣᠢ᠌ᠯᠠ ᠠᠵᠢᠯᠯᠠᠭ᠎ᠠ ᠶᠢ ᠢᠯᠠᠴᠢᠯᠠᠨ ᠰᠢᠭᠦᠮᠵᠢᠯᠡᠵᠤ ᠭᠦᠮᠦᠰ ᠲᠤ ᠴᠡᠭᠡᠷ ᠰᠤᠷᠭᠠᠯ ᠪᠣᠯᠭᠠᠬᠤ ᠳᠤ ᠣᠷᠤᠰᠢᠨ᠎ᠠ᠃ ᠳᠡᠭᠦᠨ ᠤ ᠳᠦᠯᠦᠭᠡᠯᠡᠭᠦ ᠴᠢᠨᠠᠷ ᠲᠡᠶ ᠪᠦᠳᠦᠭᠡᠯ ᠪᠣᠯᠬᠤ 《ᠭᠦᠩ ᠤᠨ ᠵᠤᠤ ᠶᠢᠨ ᠠᠯᠳᠠᠨ ᠰᠤᠷᠭᠠᠯ》 ᠭᠡᠮᠡᠭᠦ ᠰᠤᠷᠭᠠᠯ ᠰᠢᠯᠦᠭ᠌ ᠪᠣᠯᠪᠠᠰᠤ ᠹᠧᠤᠳᠠᠯ ᠶᠤᠰᠤ ᠶᠢ ᠢᠯᠡᠴᠢᠯᠡᠭ᠍ᠰᠡᠨ ᠰᠢᠯᠦᠭ᠌ ᠶᠤᠮ᠃ ᠡ᠊ᠨᠳᠡ ᠰᠡᠢ᠌ᠷᠡᠭᠦᠯᠪᠠᠯ᠄

《ᠰᠢᠷᠡᠭᠡᠨ ᠳᠤᠷ ᠵᠠᠯᠠᠬᠤᠢ ᠳ᠋ᠤᠷ

ᠭᠡᠭᠡᠨ ᠪᠠᠭᠰᠢ ᠶᠢᠨ ᠳᠦᠷᠢ ᠲᠡᠶ᠂

ᠰᠢᠯᠢᠳᠡᠭ᠌ ᠮᠤᠷᠢ ᠣᠨᠤᠬᠤᠢ ᠳ᠋ᠤᠷ

ᠮᠠᠢ᠌ᠮᠠᠢ ᠫᠠᠠᠵᠠ ᠶᠢᠨ ᠶᠠᠩᠵᠤ ᠲᠡᠶ᠂

ᠰᠢᠯᠪᠢᠯᠵᠢᠨ ᠵᠠᠩᠨᠠᠬᠤᠢ ᠠᠨᠤ

ᠵᠢᠰᠤᠷ ᠵᠤᠯᠪᠢᠩ ᠪᠠᠢ᠌ᠳᠠᠯ ᠲᠡᠶ᠂

ᠰᠢᠨ᠎ᠠ ᠴᠠᠭ ᠤᠨ ᠪᠣᠷᠬᠠᠨ ᠭᠡᠳᠡᠭ᠌

ᠡᠢ᠌ᠮᠤ ᠠᠭᠰᠠᠨ ᠠᠵᠤᠭᠤ》᠃

ᠡᠭᠦᠡᠴᠡ ᠭᠠᠳᠠᠨ᠎ᠠ᠂ ᠠᠷᠠᠤᠨ ᠤᠨ ᠠᠮᠠᠨ ᠥᠯᠢᠭᠡᠷ 《ᠪᠠᠷᠰ ᠸᠠᠩ ᠤᠨ ᠳᠠᠪᠠᠯ》 ᠭᠢᠭᠡᠤᠨ ᠣᠷᠳᠤᠰ ᠠᠷᠠᠤᠨ ᠤᠨ ᠣᠶᠠᠩᠭ᠋᠎ᠠ ᠶᠢᠨ ᠳᠠᠭᠤᠤ 《ᠰᠠᠠᠵᠢᠤᠠᠮ᠎ᠠ》᠂ ᠲᠦᠰᠢᠶᠠᠳᠤ ᠠᠷᠠᠤᠨ ᠤᠨ ᠥᠯᠢᠭᠡᠷᠳᠤ ᠳᠠᠭᠤᠤ 《ᠷᠤᠯᠭᠠᠷᠮ᠎ᠠ》᠂ ᠭᠤᠷᠯᠤᠰ ᠠᠷᠠᠤᠨ ᠤᠨ ᠥᠯᠢᠭᠡᠷᠳᠤ ᠳᠠᠭᠤᠤ 《ᠳᠤᠭᠳᠠᠬᠤ》 ᠵᠡᠷᠭᠡ ᠪᠣᠯ ᠮᠠᠰᠢ ᠳᠦᠯᠦᠭᠡᠯᠡᠭᠦ ᠴᠢᠨᠠᠷ ᠲᠡᠶ᠃

ᠬᠠᠷᠢᠶ᠎ᠠ᠄ ᠡᠷᠬᠢᠮ ᠴᠤᠤᠲᠠᠳ
ᠳᠠᠷᠤᠮ᠄ 6450
ᠴᠠᠭ᠄ 2004 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ