ᠨᠡᠪᠲᠡᠷᠡᠨ ᠤᠷᠤᠬᠤ
ᠨᠠᠪᠴᠢᠰ

ᠡᠷᠳᠡ ᠵᠤᠯᠭᠠᠷᠠᠭᠰᠠᠨ ᠨᠠᠪᠴᠢᠰ ᠴᠢᠮ᠎ᠠ ᠪᠠᠨ

ᠡᠵᠢ ᠊᠊᠊᠊᠊᠊᠊᠊᠊᠊᠊᠊᠊᠊᠊ ᠮᠤᠳᠤ ᠴᠢᠨᠢ ᠡᠨᠡᠷᠢᠵᠤ ᠪᠠᠢ᠌ᠨ᠎ᠠ᠃

ᠥᠩᠭᠡ ᠪᠠᠨ ᠡᠷᠳᠡ ᠠᠯᠳᠠᠬᠤ ᠳᠤ ᠴᠢᠨᠢ

ᠡᠭᠡ ᠊᠊᠊᠊᠊᠊᠊᠊᠊᠊᠊᠊᠊᠊᠊ ᠪᠠᠢ᠌ᠭᠠᠯᠢ ᠴᠢᠨᠢ ᠮᠦᠷᠦᠭᠡᠳᠴᠤ ᠪᠠᠢ᠌ᠨ᠎ᠠ᠃

ᠨᠠᠮᠤᠷ ᠨᠠᠮᠤᠷ ᠤᠨ ᠤᠶᠠᠩ‍ᠭ᠎ᠠ ᠪᠠᠷ

ᠨᠠᠪᠴᠢᠰ ᠤᠨ ᠨᠤᠭᠤᠭᠠᠨ ᠨᠢ ᠰᠢᠷᠠᠯᠠᠪᠠ᠃

ᠨᠠᠮ ᠨᠠᠮᠤᠬᠠᠨ ᠢᠰᠭᠢᠷᠤᠯᠳᠠ ᠳᠤ ᠪᠠᠨ

ᠨᠠᠭᠠᠰᠢ ᠴᠠᠭᠠᠰᠢ ᠪᠠᠨ ᠰᠠᠵᠢᠪᠠ

ᠦᠨᠳᠦᠰᠦ ᠨᠢ ᠪᠠᠭᠢ ᠮᠤᠳᠤ ᠴᠢᠮ᠎ᠠ ᠲᠡᠶ ᠪᠠᠨ

ᠡᠷᠭᠢᠭᠦ ᠬᠠᠪᠣᠷ ᠲᠤ ᠪᠠᠨ ᠠᠭᠤᠯᠵᠠᠶ᠎ᠠ ᠭᠡᠵᠤ

ᠢᠷᠡᠭᠦ ᠡᠪᠦᠯ ᠶᠢᠡᠨ ᠣᠭᠳᠤᠨ᠎ᠠ ᠭᠡᠵᠤ

ᠭᠠᠵᠠᠷ ᠤᠨ ᠭᠦᠷᠦᠰᠤᠨ ᠳᠤ ᠴᠢᠮᠡᠭ᠌ ᠪᠣᠯᠤᠨ ᠪᠠᠭᠤᠪᠠ᠃

ᠳᠠᠩᠴᠢ ᠨᠤᠭᠤᠭᠠᠨ ᠥᠩᠭᠡ ᠪᠠᠨ ᠭᠠᠭᠴᠠ ᠥᠩᠭᠡ ᠭᠡᠵᠤ

ᠪᠠᠢ᠌ᠭᠠᠯᠢ ᠶᠢᠨ ᠳᠠᠪᠤᠨ ᠥᠩᠭᠡ ᠳᠤ ᠳᠤᠷᠠᠯᠠᠬᠤ ᠳᠤ ᠪᠠᠨ

ᠨᠠᠪᠴᠢᠰ ᠰᠢᠷᠠᠯᠠᠵᠤ ᠡᠭᠢᠯᠡᠪᠡ᠃

ᠨᠠᠪᠴᠢᠰ ᠤᠨ ᠨᠤᠭᠤᠭᠠᠨ ᠨᠢ ᠠᠮᠢᠯᠠᠯ ᠶᠢᠡᠨ ᠰᠡᠷᠭᠦᠭᠡᠭᠦ ᠳᠤ

ᠨᠠᠪᠴᠢᠰ ᠤᠨ ᠰᠢᠷ᠎ᠠ ᠨᠢ ᠪᠠᠢ᠌ᠭᠠᠯᠢ ᠪᠠᠨ ᠴᠢᠮᠡᠭᠯᠡᠪᠡ᠃

ᠦᠶᠡᠰ ᠥᠶᠡᠰᠭᠡᠨ ᠰᠠᠯᠭᠢᠨ ᠤ ᠢᠰᠭᠢᠷᠤᠯᠳᠠ ᠳᠤ

ᠥᠩᠭᠡ ᠪᠠᠨ ᠢᠩᠭᠢᠵᠤ ᠠᠯᠳᠠᠴᠢᠬᠠᠭᠠᠤᠨ

ᠭᠦᠷᠦᠰᠤᠨ ᠳᠤ ᠪᠠᠭᠤᠵᠤ ᠴᠢᠮᠡᠭᠯᠡᠪᠡ᠃

ᠬᠤᠭᠤᠰᠤᠨ ᠬᠤᠴᠤᠷᠤᠭᠰᠠᠨ ᠬᠤᠪᠬᠠᠢ ᠮᠤᠳᠤ ᠨᠢ

ᠨᠠᠪᠴᠢ ᠴᠢᠮ᠎ᠠ ᠪᠠᠨ ᠰᠠᠨᠠᠭᠠᠤᠨ

ᠨᠢᠴᠦᠭᠦᠨ ᠪᠠᠶ᠎ᠠ ᠪᠠᠷ ᠶᠢᠡᠨ ᠪᠠᠷᠠᠭᠠᠯᠠᠵᠤ ᠪᠠᠢ᠌ᠨ᠎ᠠ᠃

ᠡᠷᠳᠡ ᠵᠤᠯᠭᠠᠷᠠᠭᠰᠠᠨ ᠨᠠᠪᠴᠢᠰ ᠴᠢᠮ᠎ᠠ ᠪᠠᠨ

ᠥᠩᠭᠡ ᠪᠠᠨ ᠠᠯᠳᠠᠭᠰᠠᠨ ᠮᠤᠳᠤ ᠴᠢᠨᠢ ᠡᠨᠡᠷᠢᠵᠤ ᠪᠠᠢ᠌ᠨ᠎ᠠ᠃

ᠡᠷᠳᠡ ᠬᠠᠪᠣᠷ ᠶᠢᠡᠷ ᠳᠡᠯᠭᠡᠷᠡᠵᠤ

ᠨᠢᠴᠦᠭᠦᠨ ᠪᠠᠶ᠎ᠠ ᠶᠢ ᠴᠢᠮᠡᠭᠯᠡᠭᠦ ᠶᠢ ᠴᠢᠨᠢ ᠭᠦᠯᠢᠶᠡᠵᠤ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠪᠠᠶᠠᠨ᠊᠊᠊‍ᠦ᠌ᠠᠳᠤᠷ ᠶᠡᠷᠦᠩᠭᠡᠢ ᠰᠤᠷᠭᠠᠭᠤᠯᠢ

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 08 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ