ᠨᠡᠪᠲᠡᠷᠡᠨ ᠤᠷᠤᠬᠤ
ᠰᠤᠷᠤᠭᠴᠢᠳ ᠤᠨ ᠮᠤᠩᠭ᠋ᠤᠯ ᠭᠡᠯᠡ ᠪᠢᠴᠢᠭ᠌ ᠰᠤᠷᠬᠤ ᠣᠷᠮᠠᠰᠢᠯ ᠳᠤᠤᠷ᠎ᠠ ᠪᠠᠢ᠌ᠭ᠎ᠠ ᠠᠰᠠᠭᠤᠳᠠᠯ ᠤᠨ ᠳᠤᠬᠠᠢ

ᠦᠨᠳᠦᠰᠦᠳᠠᠨ ᠤ ᠰᠤᠶᠤᠯ ᠤᠨ ᠳᠤᠮᠤ ᠣᠷᠤᠨ ᠪᠣᠯᠤᠭᠰᠠᠨ ᠦᠪᠣᠷ ᠮᠤᠩᠭ᠋ᠤᠯ ᠳᠤ ᠮᠢᠨᠢ ᠮᠤᠩᠭ᠋ᠤᠯ ᠰᠤᠷᠤᠭᠴᠢᠳ ᠤᠨ ᠮᠤᠩᠭ᠋ᠤᠯ ᠭᠡᠯᠡ ᠪᠢᠴᠢᠭ᠌ ᠶᠢᠡᠨ ᠰᠤᠷᠬᠤ ᠣᠷᠮᠠᠰᠢᠯ ᠪᠣᠰᠤᠳ ᠭᠢᠴᠢᠶᠠᠯ ᠳᠦᠷᠤᠯ ᠡᠴᠡ ᠬᠠᠷᠢᠴᠠᠩᠭ᠋ᠤᠢ ᠳᠤᠤᠷ᠎ᠠ ᠪᠠᠢ᠌ᠭ᠎ᠠ ᠥᠵᠡᠭ᠍ᠳᠡᠯ ᠣᠯᠠᠮ ᠶᠢᠡᠷ ᠨᠠᠢ᠌ᠳᠠᠮ ᠤᠨ ᠴᠢᠨᠠᠷᠳᠠᠢ ᠪᠣᠯᠵᠤ ᠢᠷᠠᠯ᠎ᠠ᠃ ᠶᠠᠭᠤ ᠭᠡᠯᠡᠯᠳᠡᠢ ᠪᠢᠯᠠ ︖ ᠵᠠᠬ᠎ᠠ ᠶᠢᠨ ᠠᠵᠤ ᠠᠬᠤᠢ ᠭᠦᠭ᠍ᠵᠢᠨ ᠬᠠᠷᠢ ᠭᠡᠯᠡ᠂ ᠬᠠᠷᠢ ᠰᠤᠶᠤᠯ ᠳᠦᠷᠢᠯᠳᠠ ᠳᠠᠯᠠᠯᠳᠠ ᠭᠢᠭ᠍ᠰᠡᠨ ᠡᠴᠡ ᠪᠣᠯᠤᠯ᠎ᠠ ᠭᠡᠭᠦ ᠯᠠ ᠪᠢᠵᠠ ︕ ᠨᠢᠭᠡ ᠯᠠ ᠮᠡᠳᠡᠭᠦ ᠳᠤ ᠮᠤᠩᠭ᠋ᠤᠯ ᠭᠡᠯᠡ ᠪᠢᠴᠢᠭ᠌ ᠮᠢᠨᠢ ᠮᠤᠩᠭ᠋ᠤᠯ ᠰᠤᠷᠤᠭᠴᠢᠳ ᠤᠨ ᠶᠢᠡᠨ ᠮᠤᠠᠳᠠᠭ ᠳᠠᠷᠤᠭᠠᠰᠤ ᠨᠢ ᠪᠣᠯᠴᠢᠬᠠᠭᠠᠤᠨ ᠣᠳᠠᠵᠤ ᠪᠠᠢ᠌ᠯ᠎ᠠ᠃ ᠰᠤᠷᠤᠭᠴᠢᠳ ᠮᠢᠨᠢ ᠥᠨᠡᠭᠡᠷ ᠭᠦᠴᠢᠷᠳᠡᠵᠤ ᠪᠠᠢ᠌ᠨ᠎ᠠ᠃ ᠪᠢᠳᠠ ᠪᠣᠳᠠᠳᠤ ᠪᠠᠢ᠌ᠳᠠᠯ ᠳᠤ ᠠᠵᠢᠭᠯᠠᠯᠳᠠ ᠭᠢᠶ᠎ᠠ᠃

ᠮᠤᠩᠭ᠋ᠤᠯ ᠭᠡᠯᠡ ᠪᠢᠴᠢᠭ᠌ ᠤᠨ ᠰᠢᠯᠭᠠᠯᠳᠠ ᠶᠢᠨ ᠭᠢᠷᠢ ᠪᠦᠳᠦᠮᠵᠢ ᠪᠣᠰᠤᠳ ᠭᠢᠴᠢᠶᠠᠯ ᠳᠦᠷᠤᠯ ᠡᠴᠡ ᠨᠠᠢ᠌ᠳᠠᠮ ᠳᠤᠤᠷ᠎ᠠ ᠪᠣᠯᠵᠤ ᠪᠠᠢ᠌ᠨ᠎ᠠ᠃ ᠦᠨᠡᠨ ᠳᠤ ᠪᠠᠨ ᠮᠤᠩᠭ᠋ᠤᠯ ᠭᠡᠯᠡᠨ ᠤ ᠭᠢᠴᠢᠶᠡᠯᠯᠡᠭᠡ ᠶᠢᠨ ᠳᠤᠭ᠎ᠠ ᠠᠯᠢ ᠴᠤ ᠭᠢᠴᠢᠶᠠᠯ ᠳᠦᠷᠤᠯ ᠡᠴᠡ ᠢᠯᠡᠭᠦᠤ ᠪᠠᠢ᠌ᠳᠠᠯ᠎ᠠ ᠰᠢᠯᠭᠠᠭᠰᠠᠭᠠᠷ ᠯᠠ ᠣᠯᠠᠩᠭᠢ ᠳᠤ ᠪᠠᠨ ᠶᠡᠷᠦᠩᠭᠡᠢ ᠳᠡᠭ᠍ᠰᠢᠦᠡᠭᠡᠯ ᠬᠠᠮᠤᠭ ᠳᠤᠤᠷ᠎ᠠ ᠪᠣᠯᠴᠢᠬᠠᠳᠠᠭ᠃ ᠡᠭᠦᠨ ᠳᠤ ᠵᠠᠷᠢᠮ ᠳᠤ ᠪᠠᠨ ᠰᠠᠳᠤᠪ ᠭᠦᠡᠳᠦᠳᠡᠭ᠍ᠰᠡᠨ ᠵᠡᠷᠭᠡ ᠪᠣᠰᠤᠳ ᠰᠢᠯᠳᠠᠭᠠᠨ ᠴᠤ ᠪᠠᠢ᠌ᠵᠤ ᠪᠣᠯᠤᠨ᠎ᠠ᠃ ᠭᠡᠭᠦ ᠳᠤ ᠰᠤᠷᠤᠭᠴᠢᠳ ᠤᠨ ᠮᠤᠩᠭ᠋ᠤᠯ ᠭᠡᠯᠡᠨ ᠤ ᠶᠠᠷᠢᠵᠤ ᠢᠯᠡᠳᠭᠡᠭᠦ᠂ ᠵᠦᠪ ᠪᠢᠴᠢᠯᠭᠡ᠂ ᠥᠭᠦᠯᠡᠪᠦᠷᠢ ᠨᠠᠢ᠌ᠷᠠᠭᠤᠯᠭ᠎ᠠ᠂ ᠵᠤᠬᠢᠶᠠᠨ ᠪᠢᠴᠢᠯᠭᠡ ᠵᠡᠷᠭᠡ ᠶᠢᠨ ᠴᠢᠳᠠᠪᠣᠷᠢ ᠬᠠᠰᠢᠯᠠ ᠳᠤᠩ ᠳᠤᠤᠷ᠎ᠠ ᠪᠠᠢ᠌ᠭᠰᠠᠭᠠᠷ᠃ ᠬᠤᠯᠢᠮᠠᠭ ᠭᠡᠯᠡᠨ ᠤ ᠨᠥᠯᠦᠭᠡᠯᠡᠯ ᠡᠴᠡ ᠪᠣᠯᠵᠤ ᠰᠤᠷᠤᠭᠴᠢᠳ ᠤᠨ ᠡᠭᠡ ᠭᠡᠯᠡᠨ ᠤ ᠮᠠᠳᠠᠷᠠᠮᠵᠢ ᠳᠤᠷᠤᠢ ᠪᠣᠯᠵᠤ᠂ ᠣᠢ᠌ᠯᠠᠭᠠᠬᠤ ᠴᠢᠳᠠᠪᠣᠷᠢ ᠣᠯᠠᠮ ᠶᠢᠡᠷ ᠪᠠᠭᠤᠷᠠᠬᠤ ᠬᠠᠠᠳᠤᠰᠢ ᠲᠡᠶ ᠪᠣᠯᠵᠤ ᠪᠣᠢ᠃ ᠵᠠᠷᠢᠮ ᠦᠶᠡᠰ ᠮᠤᠩᠭ᠋ᠤᠯ ᠭᠡᠯᠡᠨ ᠤ ᠭᠢᠴᠢᠶᠠᠯ ᠳᠡᠭᠡᠷ᠎ᠡ ᠨᠢᠭᠡ ᠰᠢᠨ᠎ᠠ ᠰᠤᠷᠬᠤ ᠥᠭᠡ ᠶᠢᠨ ᠣᠤᠠᠬ᠎ᠠ ᠶᠢ ᠡᠵᠡᠮᠰᠢᠭᠦᠯᠭᠦ ᠭᠡᠳ ᠪᠠᠭᠰᠢ ᠡᠴᠡ ᠮᠤᠩᠭ᠋ᠤᠯ ᠶᠢᠡᠷ ᠶᠢᠡᠨ ᠳᠠᠢ᠌ᠯᠪᠣᠷᠢᠯᠠᠵᠤ ᠴᠥᠭᠦᠭᠡᠳ ᠠᠷᠭ᠎ᠠ ᠪᠠᠨ ᠠᠯᠳᠠᠷᠠᠨ 《ᠭᠢᠳᠠᠤᠨ ᠶᠢᠡᠷ ᠢᠩᠭᠢᠵᠤ ᠭᠡᠯᠡᠳᠡᠭ᠌ ᠪᠢᠰᠢ ᠪᠢᠯᠠ ᠦᠦ》 ᠭᠡᠵᠤ ᠨᠢᠭᠡᠭᠡᠨ ᠰᠡᠩᠭᠡᠷᠡᠭᠦᠯᠭᠦ ᠳᠤ ᠳᠤᠤᠷᠬᠠᠨ ᠶᠢᠡᠨ ᠣᠢ᠌ᠯᠠᠭᠠᠳᠠᠭ ᠦᠶ᠎ᠡ ᠭᠠᠷᠳᠠᠭ᠃ ᠡᠨᠡ ᠪᠠᠢ᠌ᠳᠠᠯ ᠳᠤ ᠮᠤᠩᠭ᠋ᠤᠯ ᠭᠡᠯᠡᠨ ᠤ ᠪᠠᠭᠰᠢ ᠨᠢ ᠪᠣᠯᠤᠭᠰᠠᠨ ᠪᠢᠳᠠ ᠴᠢᠨᠢ ᠪᠠᠶᠠᠷᠯᠠᠬᠤ ᠭᠤᠮᠤᠳᠠᠬᠤ ᠶᠢᠨ ᠶᠢᠡᠨ ᠠᠯᠢ ᠶᠢ ᠨᠢ ᠣᠯᠬᠤ ᠦᠭᠡᠶ ᠬᠤᠴᠤᠷᠳᠠᠭ ᠰᠠᠨ᠃ ᠳᠠᠭᠢᠪᠠᠯ ᠮᠤᠩᠭ᠋ᠤᠯ ᠭᠡᠯᠡᠨ ᠤ ᠭᠢᠴᠢᠶᠡᠯᠯᠡᠭᠡ ᠳᠤ ᠰᠤᠷᠤᠭᠴᠢᠳ ᠤᠨ ᠰᠤᠷᠬᠤ ᠣᠷᠮᠠᠰᠢᠯ ᠭᠢᠳᠠᠤᠨ ᠭᠡᠯᠡ ᠪᠢᠴᠢᠭ᠌ ᠤᠨ ᠭᠢ ᠡᠴᠡ ᠬᠠᠷᠢᠴᠠᠩᠭ᠋ᠤᠢ ᠳᠤᠤᠷ᠎ᠠ ᠪᠠᠢ᠌ᠵᠤ  ᠭᠢᠳᠠᠤᠨ᠂ ᠮᠤᠩᠭ᠋ᠤᠯ ᠭᠡᠯᠡ ᠪᠢᠴᠢᠭ᠌ ᠤᠨ ᠭᠢᠴᠢᠶᠡᠯᠯᠡᠭᠡ ᠶᠢ ᠣᠯᠠᠠᠳᠠ ᠰᠤᠨᠤᠰᠤᠭᠰᠠᠨ ᠡᠴᠡ ᠪᠠᠨ ᠳ᠋ᠦ᠋ᠩᠨᠠᠪᠠ  ᠂ 《ᠡᠨ ︕ ᠪᠠᠰᠠ ᠮᠤᠩᠭ᠋ᠤᠯ ᠭᠡᠯᠡ ᠣᠷᠤᠬᠤ ᠦᠦ ︖》 《ᠭᠢᠳᠠᠤᠨ ᠭᠡᠯᠡ ᠪᠢᠰᠢ ᠪᠢᠯᠠ ᠦᠦ ︖》 ᠭᠡᠵᠤ ᠳᠠᠭᠤ ᠠᠯᠳᠠᠭᠰᠠᠨ ᠶᠢᠡᠨ ᠪᠠᠭᠰᠢ ᠪᠠᠨ ᠬᠠᠷᠠᠭᠠᠤᠨ ᠠᠮᠠ ᠪᠠᠨ ᠪᠠᠷᠢᠨ ᠡᠪ ᠥᠭᠡᠢ᠌ᠷᠡᠳᠡᠭ᠌ ᠰᠤᠷᠤᠭᠴᠢ ᠲᠡᠶ ᠴᠤ ᠴᠥᠭᠡᠨ ᠪᠣᠰᠤ ᠬᠠᠷᠭᠤᠯ᠎ᠠ ᠳ᠋ᠠ᠃ ᠳᠤᠤᠷ᠎ᠠ  ᠪᠢ ᠮᠤᠩᠭ᠋ᠤᠯ ᠰᠤᠷᠤᠭᠴᠢᠳ ᠤᠨ ᠮᠤᠩᠭ᠋ᠤᠯ ᠭᠡᠯᠡ ᠪᠢᠴᠢᠭ᠌ ᠲᠤ ᠪᠠᠨ ᠭᠦᠴᠢᠷᠳᠡᠵᠤ᠂ ᠡᠭᠡ ᠭᠡᠯᠡ ᠪᠠᠨ ᠰᠤᠷᠬᠤ ᠣᠷᠮᠠᠰᠢᠯ  ᠬᠠᠷᠢᠴᠠᠩᠭ᠋ᠤᠢ ᠳᠤᠤᠷ᠎ᠠ ᠪᠠᠢ᠌ᠭ᠎ᠠ ᠠᠰᠠᠭᠤᠳᠠᠯ ᠳᠤ ᠳᠦᠷᠪᠠᠨ ᠳᠠᠯ᠎ᠠ ᠪᠠᠷ ᠮᠥᠴᠢᠦᠡᠭᠡᠨ ᠰᠢᠠᠵᠢᠯᠠᠯ ᠭᠢᠶ᠎ᠠ᠃

ᠨᠢᠭᠡ᠂ ᠶᠠᠭᠤᠨ ᠤ ᠡᠮᠦᠨ᠎ᠡ ᠬᠠᠷᠢ ᠭᠡᠯᠡᠨ ᠤ ᠳᠦᠷᠢᠯᠳᠠ ᠰᠢᠷᠦᠭᠦᠰᠤᠨ᠂ ᠭᠡᠯᠡᠨ ᠤ ᠣᠷᠴᠢᠨ ᠢᠪᠴᠤᠤᠷᠠᠵᠤ ᠭᠡᠷᠡᠭ᠍ᠴᠡᠭᠡ ᠨᠠᠷᠢᠰᠤᠭᠰᠠᠨ ᠵᠡᠷᠭᠡ ᠨᠡᠢ᠌ᠭᠡᠮ ᠤᠨ ᠰᠢᠯᠳᠠᠭᠠᠨ ᠤ ᠨᠥᠯᠦᠭᠡᠯᠡᠯ ᠡᠴᠡ ᠪᠣᠯᠵᠤ ᠮᠤᠩᠭ᠋ᠤᠯ ᠬᠡᠦᠬᠡᠳ ᠤᠨ ᠡᠭᠡ ᠭᠡᠯᠡ ᠪᠠᠨ ᠰᠤᠷᠬᠤ ᠣᠷᠮᠠᠰᠢᠯ ᠣᠯᠠᠮ ᠶᠢᠡᠷ ᠪᠠᠭᠤᠷᠠᠵᠤ ᠪᠣᠢ᠃ ᠬᠡᠦᠬᠡᠳ ᠲᠤ ᠬᠡᠳᠦᠢ᠌ᠪᠡᠷ ᠶᠡᠭᠡ ᠨᠡᠢ᠌ᠭᠡᠮ ᠤᠨ ᠣᠷᠤᠰᠬᠠᠯ ᠬᠠᠠᠳᠤᠰᠢ ᠶᠢᠨ ᠳᠤᠬᠠᠢ ᠣᠢ᠌ᠯᠠᠭᠠᠭᠳᠠᠬᠤᠨ ᠪᠠᠯᠠᠷᠬᠠᠢ ᠪᠠᠢ᠌ᠳᠠᠭ ᠴᠤ ᠠᠮᠢᠳᠤᠷᠠᠯ ᠤᠨ ᠭᠢᠨᠢ ᠣᠷᠴᠢᠨ ᠪᠠᠢ᠌ᠳᠠᠯ ᠳᠠᠳᠠᠨ ᠤ ᠣᠷᠮ᠎ᠠ ᠰᠡᠳᠬᠢᠯᠭᠡ ᠳᠤ ᠶᠡᠭᠡᠭᠡᠨ ᠨᠥᠯᠦᠭᠡ ᠥᠭ᠍ᠳᠡᠭ᠌᠃ ᠣᠳᠤᠬᠠᠨ ᠳᠤ ᠬᠤᠶᠠᠷ ᠭᠡᠯᠡ ᠮᠡᠳᠡᠳᠡᠭ᠌ ᠠᠵᠢᠯ ᠠᠯᠪᠠᠳᠠᠨ ᠡᠴᠡ ᠨᠡᠢ᠌ᠭᠡᠮ ᠳᠡᠭᠡᠷᠡᠭᠢ ᠮᠤᠩᠭ᠋ᠤᠯ ᠵᠠᠯᠠᠭᠤᠴᠤᠳ᠂ ᠦᠨᠳᠦᠷ᠂ ᠠᠩᠬ᠎ᠠ ᠳᠤᠮᠳᠠᠳᠤ ᠶᠢᠨ ᠮᠤᠩᠭ᠋ᠤᠯ ᠰᠤᠷᠤᠭᠴᠢᠳ ᠭᠦᠷᠳᠡᠯ᠎ᠡ ᠬᠤᠭᠤᠷᠤᠠᠳᠤ ᠪᠠᠨ ᠭᠢᠳᠠᠤᠨ ᠶᠢᠡᠷ ᠶᠠᠷᠢᠬᠤ ᠪᠠᠨ ᠡᠷᠳᠡᠮ ᠪᠣᠯᠭᠠᠳᠠᠭ ᠭᠢᠷᠢᠨ᠎ᠠ᠂ ᠳᠤᠮᠤᠴᠤᠤᠯ ᠶᠢᠡᠷ ᠪᠠᠬᠠᠷᠬᠠᠯ ᠶᠢᠡᠨ ᠪᠣᠯᠭᠠᠳᠠᠭ ᠬᠡᠦᠬᠡᠳ ᠪᠠᠭᠠᠴᠤᠳ ᠡᠭᠦᠨ ᠶᠢᠡᠷ ᠨᠢ ᠳᠠᠭᠤᠷᠢᠶᠠᠯ ᠣᠮᠤᠭᠰᠢᠯ ᠭᠢᠭᠦ ᠨᠢ ᠮᠡᠳᠡᠭᠡᠵᠢ᠃ ᠮᠠᠨ ᠤ ᠭᠢᠨ ᠳᠤ ᠣᠳᠤ ᠠᠯᠠᠭᠠᠨ ᠭᠢᠷᠢᠳᠠᠢ ᠴᠠᠪᠠᠷ ᠮᠤᠩᠭ᠋ᠤᠯ ᠶᠢᠡᠷ ᠶᠢᠡᠨ ᠬᠠᠷᠢᠯᠴᠠᠬᠤ ᠪᠣᠯᠤᠮᠵᠢ ᠲᠡᠶ ᠵᠠᠢ ᠭᠡᠪᠠᠯ ᠮᠤᠩᠭ᠋ᠤᠯ ᠭᠡᠯᠡᠨ ᠤ ᠭᠢᠴᠢᠶᠡᠯᠯᠡᠭᠡ ᠶᠢᠨ ᠳᠦᠴᠢᠨ ᠮᠢᠨᠦ᠋ᠲ ᠨᠤᠭᠦᠳ ᠯᠠ ᠦᠯᠡᠳᠡᠭᠡᠳ ᠪᠠᠢ᠌ᠭ᠎ᠠ ᠰᠢᠤ᠃ ᠭᠡᠭᠦ ᠳᠤ ᠡᠭᠦᠨ ᠢ ᠪᠠᠨ  ᠪᠠᠰᠠ ᠭᠡᠳᠦᠢ ᠶᠢ ᠨᠢ ᠪᠠᠷᠢᠮᠳᠠᠯᠠᠵᠤ ᠳᠡᠢ᠌ᠯᠳᠡᠭ᠌ ᠢ ᠭᠡᠨ ᠮᠡᠳᠡᠭᠦᠪ ︕

ᠬᠠᠷᠢ ᠭᠡᠯᠡᠨ ᠤ ᠳᠦᠷᠢᠯᠳᠠ ᠡᠢ᠌ᠡᠭᠦ ᠭᠡᠴᠡᠭᠦᠳᠡᠭᠡᠳ ᠪᠠᠢ᠌ᠬᠤ ᠳᠤ ᠮᠠᠨ ᠤ ᠮᠤᠩᠭ᠋ᠤᠯ ᠰᠤᠷᠭᠠᠭᠤᠯᠢ ᠨᠤᠭᠤᠳ ᠪᠠᠰᠠ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠡᠴᠡ ᠮᠤᠩᠭ᠋ᠤᠯ ᠭᠢᠳᠠᠤᠨ ᠭᠡᠯᠡᠨ ᠤ ᠭᠢᠴᠢᠶᠠᠯ ᠢ ᠵᠡᠷᠭᠡᠪᠠᠷ ᠨᠡᠭᠡᠭᠡᠨ᠂ ᠮᠤᠩᠭ᠋ᠤᠯ ᠭᠡᠯᠡᠨ ᠤ ᠪᠠᠨ ᠡᠭᠡ ᠭᠡᠯᠡᠨ ᠤ ᠣᠠᠴᠠ ᠪᠠᠢ᠌ᠷᠢ ᠶᠢ ᠭᠦᠩᠭᠡᠪᠴᠢᠯᠡᠵᠤ᠂ ᠰᠤᠷᠤᠭᠴᠢ ᠶᠢᠨ ᠰᠡᠳᠭᠢᠯ ᠳ᠋ᠠᠭᠢ ᠬᠤᠪᠢ ᠶᠢᠨ ᠵᠢᠩ ᠢ ᠪᠠᠭᠠᠰᠬᠠᠨ᠂ ᠡᠷᠭᠡ ᠭᠦᠡᠳᠤ ᠶᠢ ᠨᠢ ᠪᠠᠭᠤᠷᠠᠭᠤᠯᠵᠤ  ᠬᠠᠷᠢ ᠭᠡᠯᠡ ᠲᠡᠶ ᠠᠳᠠᠯᠢ ᠪᠠᠢ᠌ᠷᠢᠨ ᠳᠤ ᠳᠠᠯᠪᠢᠭᠰᠠᠨ  ᠪᠠᠢ᠌ᠬᠤ ᠨᠢ ᠮᠤᠩᠭ᠋ᠤᠯ ᠭᠡᠯᠡᠨ ᠤ ᠵᠢᠭᠠᠨ ᠰᠤᠷᠭᠠᠯᠳᠠ ᠳᠤ ᠶᠡᠭᠡᠭᠡᠨ ᠠᠰᠢᠭ ᠦᠭᠡᠶ ᠪᠠᠢ᠌ᠳᠠᠯ ᠢ ᠠᠪᠴᠢᠷᠠᠵᠠᠢ᠃ ᠡᠢ᠌ᠮᠤ ᠡᠴᠡ ᠨᠢᠭᠡᠳᠦᠭᠡᠷ ᠣᠨ ᠤ ᠬᠤᠭᠤᠴᠠᠭᠠᠨ ᠳᠤ ᠮᠤᠩᠭ᠋ᠤᠯ ᠭᠡᠯᠡ ᠪᠢᠴᠢᠭ᠌ ᠢ ᠯᠠ ᠨᠡᠭᠡᠭᠡᠨ ᠵᠢᠭᠠᠵᠤ ᠬᠤᠶᠠᠳᠤᠭᠠᠷ ᠣᠨ ᠡᠴᠡ ᠰᠠ‍‌ᠶᠢ ᠭᠢᠳᠠᠤᠨ ᠭᠡᠯᠡ ᠰᠤᠷᠭᠠᠬᠤ ᠨᠢ ᠮᠠᠨ ᠤ ᠡᠭᠡ ᠭᠡᠯᠡᠨ ᠤ ᠵᠢᠭᠠᠨ ᠰᠤᠷᠭᠠᠯᠳᠠ ᠳᠤ ᠠᠯᠤᠰ ᠭᠡᠳᠤ ᠶᠢᠨ ᠠᠴᠢ ᠬᠤᠯᠪᠣᠭᠳᠠᠯ ᠲᠡᠶ ᠪᠦᠭᠡᠳ ᠰᠤᠷᠤᠭᠴᠢᠳ ᠤᠨ ᠭᠢᠳᠠᠤᠨ ᠭᠡᠯᠡ ᠪᠢᠴᠢᠭ᠌ ᠰᠤᠷᠴᠤ ᠡᠵᠡᠮᠰᠢᠭᠦ ᠳᠤ ᠴᠤ ᠳᠠᠳᠣᠢ᠌ᠯᠠ ᠬᠠᠷᠰᠢ ᠬᠣᠢ᠌ᠰᠢ ᠪᠣᠯᠬᠤ ᠦᠭᠡᠶ ᠪᠢᠯᠠ᠃ ᠨᠠᠩ ᠭᠠᠢ᠌ᠬᠠᠭᠤᠰᠢᠳᠠᠢ ᠣᠴᠢᠷ ᠭᠡᠪᠠᠯ᠂ ᠵᠠᠷᠢᠮ ᠣᠳᠤᠷᠢᠳᠤᠯᠭ᠎ᠠ ᠰᠤᠷᠭᠠᠭᠤᠯᠢ ᠶᠢᠨ ᠶᠢᠡᠨ ᠰᠤᠷᠬᠤ ᠡᠴᠡ ᠡᠮᠦᠨᠡᠭᠢ ᠠᠩᠭᠢ ᠳᠤ ᠡᠡᠩᠭᠯᠢ ᠭᠡᠯᠡ ᠵᠢᠭᠠᠬᠤ ᠪᠠᠷ ᠲᠦᠰᠤᠪᠯᠠᠵᠤ ᠪᠠᠢ᠌ᠬᠤ ᠶᠤᠮ ᠭᠡᠨ᠎ᠡ᠃ ᠪᠠᠭ᠎ᠠ ᠰᠤᠷᠭᠠᠭᠤᠯᠢ ᠪᠠᠨ ᠳᠡᠭᠦᠰᠳᠡᠯ᠎ᠡ ᠭᠡᠳᠤᠨ ᠳᠠᠩ ᠥᠭᠡ ᠡᠵᠡᠮᠰᠢᠨ᠂ ᠠᠮᠠᠷ ᠳᠦᠭᠦᠮ ᠠᠮᠠᠨ ᠥᠭᠦᠯᠡᠪᠦᠷᠢ ᠶᠠᠷᠢᠵᠤ ᠴᠢᠳᠠᠭᠠᠤᠨ ᠰᠠᠭᠤᠷᠢ ᠳᠠᠯᠪᠢᠪᠠᠯ ᠪᠣᠯᠴᠢᠬᠠᠳᠠᠭ ᠠᠩᠭ᠍ᠯᠢ ᠭᠡᠯᠡ ᠶᠢ ᠡᠭᠡ ᠭᠡᠯᠡ ᠳᠤ ᠪᠠᠨ ᠴᠤ ᠡᠪ ᠲᠡᠶ ᠣᠷᠤᠭᠠᠳᠤᠢ ᠣᠯᠠᠭᠠᠨ ᠨᠢᠯᠬ᠎ᠠ ᠮᠤᠩᠭ᠋ᠤᠯ ᠬᠡᠦᠬᠡᠳ ᠲᠤ ᠪᠠᠨ ᠰᠤᠷᠭᠠᠬᠤ ᠶᠢ ᠶᠠᠭᠠᠷᠠᠨ ᠭᠡᠯᠡ ᠶᠢ ᠨᠢ ᠬᠤᠭᠤᠯᠵᠤ᠂ ᠬᠡᠦᠬᠡᠳ ᠶᠢᠡᠷ ᠶᠢᠡᠨ ᠳᠤᠭᠯᠠᠬᠤ ᠶᠢᠨ ᠣᠷᠤᠨ ᠳᠤ ᠴᠠᠭᠠᠨ ᠳᠤᠯᠤᠭᠠᠢ ᠡᠴᠡ ᠨᠢ ᠴᠥᠭᠡᠪᠦᠷᠢ ᠴᠤ ᠭᠡᠰᠡᠨ ᠳᠠᠨᠢᠭᠤᠯᠵᠤ᠂ ᠰᠠᠨᠠᠭ᠎ᠠ ᠳᠤᠳᠤᠷᠬᠠᠢ ᠭᠡᠳᠦᠭᠡᠨ ᠥᠭᠦᠯᠡᠪᠦᠷᠢ ᠶᠠᠷᠢᠭᠤᠯᠵᠤ ᠰᠤᠷᠭᠠᠬᠤ ᠨᠢ ᠣᠯᠵᠠ ᠪᠠᠢ᠌ᠬᠤ ︕

ᠬᠤᠶᠠᠷ᠂ ᠰᠤᠷᠤᠭᠴᠢ ᠶᠢᠨ ᠳᠤᠭ᠎ᠠ ᠠᠷᠪᠢᠳᠤᠨ᠂ ᠪᠠᠭᠰᠢ ᠶᠢᠨ ᠭᠦᠴᠤᠨ ᠮᠡᠭᠦᠰᠳᠡᠭ᠍ᠰᠡᠨ ᠡᠴᠡ ᠪᠠᠭᠰᠢ ᠶᠢᠨ ᠵᠦᠳᠡᠷᠡᠯ ᠭᠡᠴᠡᠭᠦᠳᠡᠵᠤ ᠪᠦᠭᠦ ᠰᠤᠷᠤᠭᠴᠢ ᠶᠢ ᠬᠠᠷᠠᠭᠠᠯᠵᠠᠵᠤ ᠳᠡᠢ᠌ᠯᠭᠦ ᠦᠭᠡᠶ ᠪᠣᠯᠤᠭᠠᠤᠨ ᠭᠢᠷᠢ ᠪᠦᠳᠦᠮᠵᠢ ᠶᠢ ᠨᠥᠯᠦᠭᠡᠯᠡᠵᠤ ᠪᠣᠢ᠃ ᠡᠨᠡ ᠴᠤ ᠶᠠᠷᠢᠶᠠᠨ ᠦᠭᠡᠶ ᠠᠯᠢ ᠴᠤ ᠭᠢᠴᠢᠶᠠᠯ ᠳᠦᠷᠤᠯ ᠤᠨ ᠪᠠᠭᠰᠢ ᠲᠡᠶ ᠬᠤᠯᠪᠣᠭᠳᠠᠬᠤ ᠠᠰᠠᠭᠤᠳᠠᠯ᠃ ᠭᠡᠪᠠᠴᠤ ᠨᠢᠭᠡ ᠪᠠᠭᠰᠢ ᠬᠤᠶᠠᠷ ᠠᠩᠭᠢ ᠶᠢᠨ ᠭᠢᠴᠢᠶᠠᠯ ᠢ ᠡᠭᠦᠷᠭᠡᠯᠡᠭᠦ ᠲᠤᠬᠢᠶᠠᠯᠳᠤᠯ ᠳᠤ ᠮᠤᠩᠭ᠋ᠤᠯ ᠭᠡᠯᠡᠨ ᠤ ᠪᠠᠭᠰᠢ ᠶᠢᠨ ᠳᠠᠷᠤᠭᠠᠰᠤ ᠬᠠᠷᠢᠴᠠᠩᠭ᠋ᠤᠢ ᠭᠦᠡᠳᠤ  ᠭᠢᠴᠢᠶᠡᠯ ᠣᠯᠠᠨ ᠪᠠᠢ᠌ᠵᠤ᠂ ᠮᠤᠩᠭ᠋ᠤᠯ ᠭᠡᠯᠡᠨ ᠤ ᠭᠢᠷᠢ ᠪᠦᠳᠦᠮᠵᠢ ᠳᠤᠷᠤᠭᠰᠢᠯᠠᠬᠤ ᠪᠣᠯᠤᠮᠵᠢ ᠨᠢ ᠢᠯᠡᠭᠦᠤ ᠪᠠᠢ᠌ᠳᠠᠭ᠃ ᠣᠠᠴᠠᠯᠠᠨ ᠳᠤᠷᠠᠳᠤᠭᠤᠰᠢᠳᠠᠢ ᠨᠢ ᠮᠤᠩᠭ᠋ᠤᠯ ᠭᠡᠯᠡᠨ ᠤ ᠪᠠᠭᠰᠢ ᠶᠢᠨ ᠡᠩᠨᠡᠭᠡ ᠬᠠᠭᠤᠴᠢᠷᠠᠨ᠂ ᠳᠡᠭ᠍ᠰᠢᠦᠡᠭᠡᠭ᠍ᠰᠡᠨ ᠨᠠᠰᠤ ᠬᠠᠷᠢᠴᠠᠩᠭ᠋ᠤᠢ ᠦᠨᠳᠦᠷ ᠪᠠᠢ᠌ᠵᠤ ᠰᠢᠨ᠎ᠠ ᠵᠢᠭᠠᠬᠤ ᠠᠷᠭ᠎ᠠ ᠰᠥᠪᠠᠭ᠍ᠴᠢᠯᠡᠭᠦ᠂ ᠭᠢᠴᠢᠶᠡᠯᠯᠡᠭᠡ ᠶᠢ ᠭᠦᠭ᠍ᠵᠢᠶᠡᠨ ᠲᠡᠶ ᠪᠣᠯᠭᠠᠬᠤ ᠳᠤ ᠭᠦᠴᠦᠯᠡᠭᠦ ᠵᠡᠷᠭᠡ ᠳᠠᠯ᠎ᠠ ᠪᠠᠷ ᠣᠨᠤᠭ᠎ᠠ ᠭᠦᠢᠴᠡᠯᠳᠦᠭᠦ ᠦᠭᠡᠶ ᠥᠵᠡᠭ᠍ᠳᠡᠯ ᠢᠯᠠᠷᠠᠵᠤ ᠪᠣᠢ᠃ ᠡᠭᠦᠨ ᠢ ᠰᠤᠷᠭᠠᠭᠤᠯᠢ ᠶᠢᠨ ᠣᠳᠤᠷᠢᠳᠤᠯᠭ᠎ᠠ ᠪᠣᠶᠤ ᠨᠠᠩ ᠳᠡᠭᠡᠳᠤ ᠳᠠᠰ ᠤᠨ ᠬᠠᠮᠢᠶ᠎ᠠ ᠪᠦᠭᠦᠢ ᠣᠳᠤᠷᠢᠳᠤᠯᠭ᠎ᠠ ᠨᠡᠷ ᠠᠩᠬᠠᠷᠤᠯ ᠳᠤ ᠪᠠᠨ ᠠᠪᠬᠤ ᠴᠢᠬᠤᠯᠠᠳᠠᠢ ᠪᠠᠢ᠌ᠨ᠎ᠠ᠃

ᠭᠤᠷᠪᠠ᠂ ᠰᠤᠷᠬᠤ ᠪᠢᠴᠢᠭ᠌ ᠤᠨ ᠵᠠᠷᠢᠮ ᠠᠭᠤᠯᠭ᠎ᠠ ᠭᠦᠡᠳᠤ ᠪᠠᠢ᠌ᠭ᠎ᠠ ᠵᠢᠴᠢ ᠡᠯ᠎ᠡ ᠭᠡᠪᠯᠡᠯ ᠡᠴᠡ ᠭᠠᠷᠤᠭᠰᠠᠨ ᠵᠠᠷᠢᠮ ᠵᠡᠷᠭᠡᠴᠡᠭᠡ ᠪᠣᠯᠪᠠᠰᠤᠷᠠᠯ᠂ ᠰᠤᠷᠢᠯᠳᠠ ᠶᠢᠨ ᠰᠠᠳᠤᠪ᠂ ᠨᠢᠭᠡᠴᠢ ᠶᠢᠨ ᠪᠠᠢ᠌ᠴᠠᠭᠠᠯᠳᠠ ᠵᠡᠷᠭᠡ ᠶᠢᠨ ᠰᠠᠳᠤᠪ ᠤᠨ ᠭᠦᠡᠳᠦᠴᠡ ᠵᠤᠭᠢᠮᠵᠢ ᠦᠭᠡᠶ ᠡᠴᠡ ᠪᠣᠯᠵᠤ ᠰᠤᠷᠤᠭᠴᠢᠳ ᠤᠨ ᠳᠠᠷᠤᠭᠠᠰᠤ ᠭᠦᠨᠳᠦᠷᠡᠨ ᠭᠡᠯᠡ ᠪᠢᠴᠢᠭ᠌ ᠰᠤᠷᠬᠤ ᠣᠷᠮᠠᠰᠢᠯ ᠨᠢ ᠳᠤᠷᠤᠭᠰᠢᠯᠠᠭᠰᠠᠨ ᠪᠠᠢ᠌ᠨ᠎ᠠ᠃

ᠪᠠᠭ᠎ᠠ ᠰᠤᠷᠭᠠᠭᠤᠯᠢ ᠶᠢᠨ ᠱᠠᠳᠤᠨ ᠳᠤ ᠣᠷᠤᠰᠤᠮ᠎ᠠ ᠣᠩᠰᠢᠭᠠᠤᠨ᠂ ᠰᠡᠳᠬᠢᠯᠭᠡ ᠲᠡᠶ ᠣᠶᠠᠩᠭ᠋ᠠᠯᠠᠨ᠂ ᠵᠤᠬᠢᠶᠠᠨ ᠪᠢᠴᠢᠭᠦ ᠳᠤ ᠳᠠᠭᠤᠷᠢᠶᠠᠯ ᠪᠣᠯᠭᠠᠮᠠᠷ ᠣᠬᠤᠷ ᠳᠦᠭᠦᠮ ᠭᠢᠴᠢᠶᠠᠯ ᠤᠳ ᠪᠠᠢ᠌ᠪᠠᠯ ᠪᠣᠯᠴᠢᠬᠠᠬᠤ ᠶᠤᠮ᠃ ᠰᠤᠷᠤᠭᠴᠢ ᠰᠤᠷᠬᠤ ᠠᠭᠤᠯᠭ᠎ᠠ ᠳᠤ ᠭᠦᠴᠢᠷᠳᠡᠭᠦ ᠦᠭᠡᠶ ᠪᠠᠢ᠌ᠳᠠᠯ ᠳᠤ ᠰᠠ‍‌ᠶᠢ ᠳᠤᠷᠠᠳᠠᠢ ᠰᠤᠷᠴᠤ ᠣᠷᠮ᠎ᠠ ᠲᠡᠶ ᠣᠷᠤᠯᠳᠤᠳᠠᠭ᠃ ᠰᠤᠷᠬᠤ ᠪᠢᠴᠢᠭ᠌ ᠲᠤ ᠬᠠᠭᠤᠳᠠᠰᠤ ᠭᠡᠮᠵᠢᠶ᠎ᠡ ᠳᠡᠩᠳᠡᠭᠦᠤ ᠣᠷᠳᠤ᠂ ᠭᠦᠴᠢᠷ ᠥᠭᠡ ᠣᠯᠠᠨ᠂ ᠭᠡᠯᠡᠯᠭᠡ ᠣᠢ᠌ᠯᠠᠭᠠᠮᠵᠢ ᠮᠠᠭᠤᠳᠠᠢ ᠵᠤᠬᠢᠶᠠᠯ ᠠᠷᠪᠢᠤᠠᠬᠤ ᠨᠢ ᠰᠤᠷᠤᠭᠴᠢ ᠶᠢᠨ ᠭᠢᠷᠢ ᠡᠴᠡ ᠭᠡᠳᠦᠷᠡᠨ᠂ ᠵᠤᠷᠢᠭ ᠢ ᠨᠢ ᠮᠤᠬᠤᠭᠠᠨ᠂ ᠰᠤᠷᠬᠤ ᠣᠷᠮ᠎ᠠ ᠶᠢ ᠨᠢ ᠬᠤᠭᠤᠯᠳᠠᠭ᠃ ᠢᠯᠠᠩᠭ᠋ᠤᠶ᠎ᠠ ᠣᠳᠤ ᠶᠢᠨ ᠬᠡᠦᠬᠡᠳ ᠠᠮᠢᠳᠤᠷᠠᠯ ᠤᠨ ᠬᠠᠳᠠᠭᠤ ᠣᠷᠴᠢᠨ ᠳᠤ ᠶᠠᠷᠤ ᠳᠠᠪᠳᠠᠭᠳᠠᠭ᠎ᠠ ᠦᠭᠡᠶ ᠪᠣᠯᠬᠤᠷ ᠭᠦᠴᠢᠷᠳᠡᠯ ᠳᠤ ᠳᠠᠪᠴᠢᠶᠠᠷᠢ ᠳᠤᠳᠠᠮᠠᠭ ᠪᠠᠢ᠌ᠵᠤ᠂ ᠪᠠᠶ᠎ᠠ ᠰᠡᠳᠭᠢᠯ ᠢ ᠵᠥᠳᠡᠭᠡᠭᠦ ᠡᠴᠡ ᠬᠠᠯᠠᠰᠢᠷᠠᠳᠠᠭ᠃ ᠰᠤᠷᠬᠤ ᠪᠢᠴᠢᠭ᠌ ᠲᠤ ᠰᠤᠩᠭ᠋ᠤᠭᠳᠠᠭᠰᠠᠨ ᠣᠷᠳᠤᠬᠠᠨ ᠪᠦᠭᠡᠳ ᠭᠦᠴᠢᠷᠳᠡᠯᠭᠡ ᠢᠯᠡᠭᠦᠤ ᠰᠢᠭ᠌ ᠭᠢᠴᠢᠶᠠᠯ ᠡᠴᠡ ᠭᠡᠳᠤ ᠶᠢ ᠳᠤᠷᠠᠳᠪᠠᠯ᠄ 《ᠳᠠᠷᠪᠠᠭ᠎ᠠ》 ᠭᠤᠷᠪᠠᠳᠤᠭᠠᠷ ᠣᠨ᠂ ᠳᠡᠭᠡᠳᠤ  ᠂ 《ᠵᠢᠵᠢᠭᠦᠷ ᠭᠢᠭ᠍ᠰᠡᠨ ᠨᠢ》 ᠳᠦᠷᠪᠠᠳᠦᠭᠡᠷ ᠣᠨ᠂ ᠳᠡᠭᠡᠳᠤ  ᠂ 《ᠭᠤᠸ᠎ᠠ ᠰᠠᠢ᠌ᠬᠠᠨ ᠪᠠᠰᠤᠮᠵᠢᠯᠠᠯ》 ᠳᠠᠪᠣᠳᠤᠭᠠᠷ ᠣᠨ᠂ ᠳᠡᠭᠡᠳᠤ  ᠂ 《ᠠᠪᠣ ᠶᠢᠨ ᠰᠤᠷᠭᠠᠯ》᠂ 《ᠮᠢᠨᠤ ᠨᠢᠩᠭ᠋ᠠᠷ》᠂ 《ᠨᠤᠮ ᠤᠨ ᠰᠠᠩ ᠤᠨ ᠨᠤᠮ》 ᠳᠠᠪᠣᠳᠤᠭᠠᠷ ᠣᠨ᠂ ᠳᠤᠤᠷᠠᠳᠤ ᠭᠡᠭᠦ ᠮᠠᠳᠤ᠃ ᠰᠤᠷᠬᠤ ᠪᠢᠴᠢᠭ᠌ ᠤᠨ ᠠᠷᠤ ᠶᠢᠨ ᠳᠠᠰᠬᠠᠯ᠂ ᠦᠨᠳᠦᠰᠦᠨ ᠪᠤᠯᠪᠠᠰᠦᠷᠡᠯ  ᠭᠡᠯᠡ ᠪᠢᠴᠢᠭ᠌ ᠤᠨ ᠴᠡᠴᠡᠷᠯᠢᠭ᠌ ᠭᠡᠵᠤ ᠴᠤ ᠪᠣᠢ ᠳᠤ ᠳᠤᠭᠢᠷᠠᠭᠤᠯᠤᠭᠰᠠᠨ ᠰᠠᠳᠤᠪ ᠤᠨ ᠠᠭᠤᠯᠭ᠎ᠠ ᠭᠦᠡᠳᠦᠴᠡ ᠨᠠᠯᠢᠶᠠᠤᠨ ᠳᠤᠭᠢᠷᠠᠮᠵᠢᠳᠠᠢ᠂ ᠰᠤᠷᠤᠭᠴᠢᠳ ᠤᠨ ᠶᠠᠷᠢᠵᠤ ᠢᠯᠡᠳᠭᠡᠭᠦ᠂ ᠣᠩᠰᠢᠨ ᠣᠢ᠌ᠯᠠᠭᠠᠬᠤ ᠵᠡᠷᠭᠡ ᠴᠢᠳᠠᠪᠣᠷᠢ ᠶᠢ ᠳᠡᠭᠡᠭ᠍ᠰᠢᠯᠡᠭᠦᠯᠭᠦ ᠶᠢ ᠶᠡᠭᠡᠳᠡ ᠠᠩᠬᠠᠷᠤᠭᠰᠠᠨ ᠪᠠᠢ᠌ᠭ᠎ᠠ ᠨᠢ ᠣᠯᠵᠠᠳᠠᠢ ᠰᠠᠨᠠᠭᠳᠠᠵᠤ ᠪᠠᠢ᠌ᠨ᠎ᠠ᠃ ᠭᠡᠪᠠᠴᠤ ᠭᠢᠴᠢᠶᠠᠯ ᠤᠨ ᠳᠠᠰ ᠳᠠᠷᠠᠭ᠎ᠠ ᠶᠢ ᠳᠤᠭᠢᠷᠠᠭᠤᠯᠬᠤ ᠳᠤ ᠪᠠᠨ ᠠᠮᠠᠷ ᠡᠴᠡ ᠭᠦᠴᠢᠷ ᠵᠥᠭ᠌ ᠥᠭᠡᠳᠡᠯᠡᠭᠦᠯᠤᠨ ᠰᠤᠷᠤᠭᠴᠢᠳ ᠤᠨ ᠭᠦᠯᠢᠶᠡᠨ ᠡᠵᠡᠮᠰᠢᠭᠦ ᠵᠢᠮ᠎ᠠ ᠶᠤᠰᠤᠨ ᠳᠤ ᠨᠡᠢ᠌ᠴᠡᠭᠦᠯᠭᠦ ᠶᠢ ᠪᠠᠰᠠ ᠠᠩᠬᠠᠷᠤᠯ ᠳᠤ ᠪᠠᠨ ᠠᠪᠬᠤ ᠴᠢᠬᠤᠯᠠᠳᠠᠢ ᠪᠠᠢ᠌ᠨ᠎ᠠ᠃ ᠵᠢᠱᠢᠶᠡᠯᠡᠭᠦ ᠳᠤ᠂ 《ᠮᠥᠩᠭᠡ ᠬᠠᠢ᠌ᠷ᠎ᠠ ᠶᠢᠨ ᠨᠠᠭᠤᠷ》 ᠳᠦᠷᠪᠠᠳᠦᠭᠡᠷ ᠣᠨ᠂ ᠳᠤᠤᠷᠠᠳᠤ  ᠮᠠᠳᠤ ᠶᠢᠨ ᠪᠠᠭᠳᠠᠭᠠᠮᠵᠢ ᠶᠡᠭᠡ᠂ ᠣᠤᠠᠬ᠎ᠠ ᠰᠠᠨᠠᠭ᠎ᠠ ᠭᠦᠨ ᠭᠢᠴᠢᠶᠠᠯ ᠢ ᠰᠤᠷᠬᠤ ᠪᠢᠴᠢᠭ᠌ ᠤᠨ  ᠡᠭᠢᠨ ᠤ ᠬᠠᠭᠤᠳᠠᠰᠤ ᠪᠠᠷ ᠳᠠᠯᠪᠢᠬᠤ ᠶᠢᠨ ᠣᠷᠤᠨ ᠳᠤ ᠰᠡᠭᠦᠯᠴᠢ ᠶᠢᠨ ᠳ᠋ᠤᠭᠠᠷ ᠶᠢᠡᠷ ᠳᠤᠭᠢᠷᠠᠭᠤᠯᠬᠤ ᠨᠢ ᠴᠠᠭ ᠬᠤᠭᠤᠴᠠᠭᠠᠨ ᠤ ᠳᠠᠯ᠎ᠠ ᠪᠠᠷ ᠰᠤᠷᠤᠭᠴᠢᠳ ᠲᠤ ᠪᠠᠷᠤᠭ ᠪᠦᠭᠦᠯᠢ ᠰᠤᠷᠤᠯᠭ᠎ᠠ ᠶᠢᠨ ᠬᠤᠭᠤᠴᠠᠭᠠᠨ ᠤ ᠵᠠᠢ ᠣᠯᠭᠤᠨ ᠳᠠᠳᠠᠨ ᠤ ᠭᠦᠯᠢᠶᠡᠨ ᠡᠵᠡᠮᠰᠢᠭᠦ ᠳᠤ ᠨᠠᠩ ᠠᠰᠢᠭᠳᠠᠢ ᠪᠣᠯᠤᠮᠵᠢ ᠬᠠᠩᠭ᠋ᠠᠵᠤ ᠴᠢᠳᠠᠳᠠᠭ᠃

ᠢᠩᠭᠢᠭᠦ ᠳᠤ ᠰᠤᠩᠭ᠋ᠤᠭᠳᠠᠭᠰᠠᠨ ᠭᠢᠴᠢᠶᠠᠯ ᠣᠷᠳᠤᠬᠠᠨ᠂ ᠭᠦᠴᠢᠷᠳᠡᠢ ᠪᠣᠯᠴᠢᠬᠠᠬᠤ ᠨᠢ ᠴᠤ ᠶᠠᠭᠠᠭᠢᠬᠤᠪ ᠳ᠋ᠠ᠃ ᠪᠠᠭᠰᠢ ᠨᠡᠷ ᠨᠢ ᠭᠡᠯᠡ ᠠᠮᠠ ᠪᠠᠨ ᠦᠷᠠᠨ ᠪᠠᠢ᠌ᠵᠤ ᠢᠯᠡᠭᠦᠤ ᠳᠠᠢ᠌ᠯᠪᠣᠷᠢᠯᠠᠨ ᠴᠠᠭ ᠭᠠᠷᠤᠵᠠᠳᠠᠭᠤᠯᠵᠤ ᠪᠠᠢ᠌ᠭᠠᠤᠨ ᠯᠠ ᠠᠷᠭᠠᠯᠠᠵᠤ ᠳᠦᠩᠭᠡᠴᠢᠭᠡᠨ᠎ᠡ᠃ ᠬᠠᠷᠢᠨ ᠰᠠᠳᠤᠪ ᠪᠣᠯᠪᠠᠰᠤᠷᠠᠯ ᠶᠢᠡᠷ ᠳᠠᠰᠬᠠᠯᠵᠢᠭᠤᠯᠬᠤ ᠭᠡᠵᠤ ᠨᠢᠭᠡ ᠴᠢᠬᠤᠯᠠ ᠵᠠᠩᠭᠢᠯᠭ᠎ᠠ ᠪᠠᠢ᠌ᠳᠠᠭ᠃ ᠰᠤᠷᠤᠭᠴᠢᠳ ᠭᠢᠴᠢᠶᠠᠯ ᠵᠤᠬᠢᠶᠠᠯ ᠣᠩᠰᠢᠬᠤ᠂ ᠣᠢ᠌ᠯᠠᠭᠠᠬᠤ ᠭᠡᠵᠤ ᠵᠢᠭᠠᠬᠠᠨ ᠬᠠᠯᠠᠰᠢᠷᠠᠳᠠᠭ ᠶᠤᠮ ᠪᠣᠯ ᠰᠠᠳᠤᠪ ᠳᠠᠰᠬᠠᠯ ᠭᠢᠭᠦ ᠡᠴᠡ ᠪᠣᠯ ᠨᠠᠩ ᠳᠦᠪᠠᠭ᠍ᠰᠢᠶᠡᠳᠡᠭ᠌ ᠨᠢ ᠣᠯᠠᠨ᠃ ᠢᠯᠠᠩᠭ᠋ᠤᠶ᠎ᠠ ᠭᠡᠷ ᠤᠨ ᠠᠬᠠᠮᠠᠤᠨ ᠡᠴᠡ ᠪᠠᠨ ᠠᠰᠠᠭᠤᠬᠤ ᠡᠴᠡ ᠨᠠᠭᠠᠭᠤᠷ ᠭᠢᠵᠤ ᠴᠢᠳᠠᠳᠠᠭ ᠦᠭᠡᠶ ᠭᠢᠷᠢ ᠡᠴᠡ ᠨᠢ ᠭᠡᠳᠦᠷᠡᠭ᠍ᠰᠡᠨ ᠰᠠᠳᠤᠪ ᠪᠣᠯᠪᠠᠰᠤᠷᠠᠯ ᠡᠴᠡ ᠣᠬᠠᠭᠠᠨ ᠦᠭᠡᠶ ᠡᠮᠢᠶᠡᠳᠡᠭ᠌᠃ ᠭᠡᠯᠡᠨ ᠤ ᠳᠦᠷᠤᠯ ᠤᠨ ᠭᠢᠴᠢᠶᠠᠯ ᠨᠢ ᠳᠤᠭᠠᠨ ᠤ ᠳᠦᠷᠤᠯ ᠤᠨ ᠭᠢᠴᠢᠶᠠᠯ ᠤᠨ ᠭᠢ ᠰᠢᠭ ᠠᠭᠤᠯᠭ᠎ᠠ ᠶᠢᠨ ᠳᠠᠰ ᠳᠠᠷᠠᠭᠠᠯᠠᠯ ᠳᠤ ᠴᠢᠩᠭ᠋᠎ᠠ ᠭᠢᠵᠠᠭᠠᠷᠯᠠᠭᠳᠠᠬᠤ ᠦᠭᠡᠶ ᠳᠤᠯᠠ ᠳᠠᠰᠬᠠᠯ ᠪᠣᠯᠪᠠᠰᠤᠷᠠᠯ ᠤᠨ ᠬᠤᠪᠢ ᠳᠤ ᠠᠭᠤᠯᠭ᠎ᠠ ᠭᠦᠡᠳᠦᠴᠡ ᠨᠠᠯᠢᠶᠠᠤᠨ ᠴᠢᠯᠦᠭᠡᠳᠡᠢ ᠪᠠᠢ᠌ᠳᠠᠭ᠃ ᠡᠢ᠌ᠮᠤ ᠡᠴᠡ ᠭᠢᠴᠢᠶᠡᠭᠦ ᠦᠭᠡᠶ ᠪᠣᠯᠤᠭᠰᠠᠭᠠᠷ ᠰᠠᠳᠤᠪ ᠤᠨ ᠭᠦᠡᠳᠦᠴᠡ ᠭᠡᠳᠦᠷᠡᠭᠦ ᠥᠵᠡᠭ᠍ᠳᠡᠯ ᠠᠮᠠᠷᠬᠠᠨ ᠢᠯᠡᠷᠡᠳᠡᠭ᠌᠃ ᠨᠢᠭᠡ ᠳᠦᠭᠦᠮᠭᠡᠨ ᠵᠢᠱᠢᠶ᠎ᠠ ᠳᠠᠳᠠᠶ᠎ᠠ᠄ ᠰᠤᠷᠬᠤ ᠪᠢᠴᠢᠭ᠌ ᠤᠨ ᠬᠤᠶᠠᠳᠤᠭᠠᠷ ᠣᠨ ᠤ ᠳᠡᠭᠡᠳᠤ ᠳᠠᠪᠳᠠᠷ ᠡᠴᠡ ᠥᠭᠦᠯᠡᠪᠦᠷᠢ ᠨᠠᠢ᠌ᠷᠠᠭᠤᠯᠤᠨ ᠪᠢᠴᠢᠭᠦ ᠪᠣᠯᠪᠠᠰᠤᠷᠠᠯ ᠢ ᠡᠭᠢᠯᠡᠨ ᠳᠤᠭᠢᠷᠠᠭᠤᠯᠵᠠᠢ᠃ ᠡᠨᠡ ᠴᠤ ᠵᠦᠪ ᠠᠯᠬᠤᠮ᠃ ᠨᠢᠭᠡᠳᠦᠭᠡᠷ ᠣᠨ ᠳᠤ ᠪᠠᠨ ᠠᠮᠠᠨ ᠥᠭᠦᠯᠡᠪᠦᠷᠢ ᠶᠠᠷᠢᠵᠤ ᠪᠠᠢ᠌ᠭᠰᠠᠨ ᠶᠢᠡᠨ ᠣᠳᠤ ᠪᠢᠴᠢᠵᠤ ᠳᠡᠮᠳᠡᠭᠯᠡᠵᠤ ᠴᠢᠳᠠᠬᠤ ᠶᠤᠰᠤᠳᠠᠢ ᠪᠣᠯᠤᠭᠰᠠᠨ᠃ ᠭᠡᠪᠠᠴᠤ ᠡᠨᠡ ᠱᠠᠳᠤᠨ ᠳᠤ ᠵᠠᠪᠠᠯ ᠠᠮᠠᠷ ᠳᠦᠭᠦᠮ ᠥᠭᠡ ᠪᠠᠷ ᠥᠭᠦᠯᠡᠪᠦᠷᠢ ᠵᠤᠬᠢᠶᠠᠯᠭᠠᠬᠤ ᠭᠡᠷᠡᠭ᠍ᠳᠡᠢ᠃ ᠬᠠᠷᠢᠨ ᠠᠩᠬᠠᠷᠤᠮᠵᠢ ᠦᠭᠡᠶ ᠪᠠᠷ ᠳᠡᠩᠳᠡᠭᠦᠤ ᠭᠦᠴᠢᠷ ᠥᠭᠡ᠂ ᠶᠠᠷᠰᠢᠭ ᠲᠡᠶ ᠭᠡᠯᠪᠠᠷᠢ  ᠡᠡᠷᠪᠠᠨ ᠬᠤᠤᠰ ᠬᠤᠯᠪᠣᠭ᠎ᠠ ᠥᠭᠡ ᠶᠢ ᠠᠰᠢᠭᠯᠠᠨ ᠳᠠᠪᠤᠨ ᠥᠭᠦᠯᠡᠪᠦᠷᠢ ᠵᠤᠬᠢᠶᠠᠯᠭᠠᠬᠤ ᠮᠠᠳᠤ  ᠪᠠᠷ ᠥᠭᠦᠯᠡᠪᠦᠷᠢ ᠵᠤᠬᠢᠶᠠᠯᠭᠠᠬᠤ ᠨᠢ ᠮᠠᠭᠤ ᠪᠠᠠᠳᠠᠢ ᠨᠡᠷ ᠤᠨ ᠮᠢᠨᠢ ᠭᠢᠷᠢ ᠳᠤ ᠨᠢ ᠭᠦᠷᠴᠢᠭᠡᠳᠡᠭ᠌ ᠨᠢ ᠦᠨᠡᠨ᠃ ᠭᠦᠴᠢᠷᠳᠡᠭᠦ ᠴᠤ ᠭᠠᠢ᠌ᠭᠤᠢ᠂ ᠭᠦᠴᠢᠷᠳᠡᠯ ᠭᠡᠳᠦᠷᠡᠭᠡᠳ ᠬᠣᠢ᠌ᠰᠢ ᠰᠠᠭᠤᠬᠤ ᠶᠢ ᠰᠤᠷᠪᠠᠯ ᠴᠤ ᠣᠯᠵᠠ ᠪᠢᠰᠢ ᠭᠠᠷᠤᠵᠠ ᠪᠣᠯᠬᠤ ᠨᠢ ᠳᠠᠷᠠ ︕ ᠡᠢ᠌ᠮᠤ ᠡᠴᠡ ᠰᠤᠷᠬᠤ ᠪᠢᠴᠢᠭ᠌ ᠨᠠᠢ᠌ᠷᠠᠭᠤᠯᠬᠤ ᠡᠴᠡ ᠰᠤᠷᠢᠯᠳᠠ ᠪᠣᠯᠪᠠᠰᠤᠷᠠᠯ ᠪᠢᠴᠢᠭᠦᠯᠵᠤ ᠭᠡᠪᠯᠡᠭᠦᠯᠭᠦ ᠡᠷᠭᠡ ᠪᠠᠢ᠌ᠷᠢ ᠲᠡᠶ ᠡᠯ᠎ᠡ ᠱᠠᠳᠤᠨ ᠤ ᠠᠯᠪᠠᠳᠠᠨ ᠳᠤᠰᠢᠶᠠᠯᠳᠠᠨ ᠨᠡᠷ ᠮᠠᠨᠢ ᠥᠪᠠᠳᠡᠭ᠍ᠰᠢ ᠶᠡᠭᠡ ᠪᠠᠷ ᠬᠤᠷᠠᠨ ᠬᠤᠷᠠᠯᠳᠤᠵᠤ᠂ ᠪᠠᠭ᠎ᠠ ᠰᠤᠷᠭᠠᠭᠤᠯᠢ ᠡᠴᠡ ᠠᠩᠬ᠎ᠠ ᠳᠤᠮᠳᠠᠳᠤ᠂ ᠦᠨᠳᠦᠷ ᠳᠤᠮᠳᠠᠳᠤ ᠶᠢᠨ ᠡᠯ᠎ᠡ ᠱᠠᠳᠤᠨ ᠳᠤ ᠶᠠᠮᠠᠷ ᠠᠭᠤᠯᠭ᠎ᠠ ᠶᠠᠮᠠᠷ ᠭᠦᠡᠳᠦᠴᠡ ᠳᠤᠭᠢᠷᠠᠭᠤᠯᠬᠤ ᠪᠠᠨ ᠨᠠᠷᠢᠨ ᠰᠢᠷᠢᠨ ᠳᠤᠭᠳᠠᠭᠠᠨ ᠳᠤᠤᠱᠯᠠᠭᠤᠯᠵᠤ᠂ ᠨᠢᠭᠡᠳᠦᠯᠳᠡᠢ᠂ ᠵᠤᠬᠢᠶᠠᠨ ᠪᠠᠢ᠌ᠭᠤᠯᠤᠯᠳᠠ ᠲᠡᠶ ᠪᠠᠷ ᠭᠦᠳᠡᠯᠦᠯᠴᠡᠨ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠪᠠᠨ ᠥᠭᠡᠳᠡᠯᠡᠭᠦᠯᠵᠤ ᠪᠠᠢ᠌ᠪᠠᠯ ᠶᠠᠭᠤᠳᠠᠢ ᠵᠠᠪᠰᠢᠶᠠᠨ ︕ ᠡᠰᠡ ᠳᠠᠢ᠌ᠮᠤ ᠪᠣᠯ ᠰᠤᠷᠬᠤ ᠪᠢᠴᠢᠭ᠌ ᠲᠤ ᠠᠯᠬᠤᠮ ᠳᠠᠷᠠᠭ᠎ᠠ ᠲᠡᠶ ᠠᠭᠤᠯᠭ᠎ᠠ ᠭᠦᠡᠳᠦᠴᠡ ᠳᠤᠭᠢᠷᠠᠭᠤᠯᠤᠭᠰᠠᠨ ᠪᠠᠢ᠌ᠳᠠᠯ᠎ᠠ ᠮᠠᠨ ᠤ ᠡᠯ᠎ᠡ ᠱᠠᠳᠤᠨ ᠳ᠋ᠠᠭᠢ ᠵᠡᠷᠭᠡᠴᠡᠭᠡ ᠪᠣᠯᠪᠠᠰᠤᠷᠠᠯ᠂ ᠰᠤᠷᠢᠯᠳᠠ ᠶᠢᠨ ᠰᠠᠳᠤᠪ᠂ ᠨᠢᠭᠡᠴᠢ ᠶᠢᠨ ᠪᠠᠢ᠌ᠴᠠᠭᠠᠯᠳᠠ ᠵᠡᠷᠭᠡ ᠪᠢᠴᠢᠨ ᠭᠡᠪᠯᠡᠭᠦᠯᠳᠡᠭ᠌ ᠡᠳᠡᠭᠡᠳ ᠡᠴᠡ ᠰᠤᠷᠬᠤ ᠪᠢᠴᠢᠭ᠌ ᠤᠨ ᠠᠭᠤᠯᠭ᠎ᠠ ᠭᠦᠡᠳᠦᠴᠡ ᠲᠡᠶ ᠠᠯᠬᠤᠭ᠎ᠠ ᠪᠠᠨ ᠨᠢᠭᠡᠳᠭᠡᠭᠦ ᠦᠭᠡᠶ ᠶᠤᠮ ᠪᠣᠯ ᠵᠠᠬ᠎ᠠ ᠳᠤ ᠪᠣᠷᠤᠯᠠᠭᠤᠯᠵᠤ ᠯᠠ ᠪᠠᠢ᠌ᠭ᠎ᠠ ᠵᠣᠢ᠌ᠯ ᠤᠨ ᠰᠠᠳᠤᠪ ᠤᠳ ᠢ ᠴᠢᠨᠢ ᠠᠯᠢ ᠴᠤ ᠰᠤᠷᠭᠠᠭᠤᠯᠢ ᠳᠤᠭᠤᠳᠠᠭ ᠶᠢᠠᠨ ᠵᠠᠭᠢᠶᠠᠯᠠᠵᠤ᠂ ᠠᠯᠢ ᠨᠢᠭᠡ ᠪᠠᠭᠰᠢ ᠨᠢ ᠰᠤᠨᠢᠷᠬᠠᠭᠰᠠᠨ ᠶᠢᠡᠨ ᠠᠪᠴᠢᠷᠠᠭᠠᠤᠨ ᠬᠡᠦᠬᠡᠳ ᠲᠤ ᠪᠠᠨ ᠶᠡᠭᠡ ᠶᠢ᠂ ᠭᠦᠨ ᠢ ᠰᠤᠷᠭᠠᠨ᠎ᠠ ᠭᠡᠳ ᠣᠢ᠌ᠯᠠ ᠶᠢ ᠨᠢ ᠪᠠᠷᠠᠭᠠᠭᠠᠨ᠂ ᠦᠰᠦ ᠶᠢ ᠨᠢ ᠳᠡᠭᠦᠯᠭᠡᠭᠦ ᠶᠢ ᠠᠯᠢ ᠶᠢ ᠨᠢ ᠪᠠᠢ᠌ᠭ ᠭᠡᠭᠦ ᠪᠢᠯᠠ᠃ ᠴᠠᠭᠠᠨ ᠳᠤᠯᠤᠭᠠᠢ ᠪᠠᠨ ᠰᠠ‍‌ᠶᠢ ᠨᠢᠳᠤᠯᠠᠵᠤ᠂ ᠳᠤᠷᠭᠠᠨ ᠬᠠᠷᠠᠭ᠎ᠠ ᠠᠷᠠᠢ ᠪᠦᠷᠢᠯᠳᠤᠨ᠂ ᠥᠭᠡ ᠶᠢᠨ ᠣᠤᠠᠬ᠎ᠠ ᠭᠡᠳᠡᠭ᠌ ᠶᠠᠭᠤᠮ᠎ᠠ ᠶᠢ ᠠᠩᠬ᠎ᠠ ᠮᠡᠳᠡᠷᠡᠭᠦ ᠲᠡᠶ ᠦᠭᠡᠶ ᠲᠡᠶ ᠪᠠᠢ᠌ᠭ᠎ᠠ ᠨᠢᠭᠡᠳᠦᠭᠡᠷ ᠣᠨ ᠤ ᠬᠡᠦᠬᠡᠳ ᠲᠤ ᠣᠠᠳᠤᠤ ᠣᠤᠠᠬ᠎ᠠ᠂ ᠰᠠᠯᠠᠭ᠎ᠠ ᠣᠤᠠᠬ᠎ᠠ ᠪᠠᠷ ᠥᠭᠡ ᠬᠤᠯᠪᠣᠭᠤᠯᠵᠤ ᠤᠢ᠌ᠷᠠᠯᠴᠠᠭ᠎ᠠ ᠣᠤᠠᠬ᠎ᠠ᠂ ᠬᠤᠯᠪᠣᠭ᠎ᠠ ᠥᠭᠡ ᠭᠡᠳᠡᠭ᠌ ᠲᠡᠶ ᠨᠢ ᠡᠪ ᠲᠡᠶ ᠳᠤᠳᠤ ᠳᠠᠨᠢᠯᠴᠠᠬᠤ ᠡᠴᠡ ᠨᠢ ᠡᠮᠦᠨ᠎ᠡ ᠤᠢ᠌ᠷᠠᠯᠴᠠᠭ᠎ᠠ ᠣᠤᠠᠬ᠎ᠠ ᠲᠡᠶ ᠬᠤᠯᠪᠣᠭ᠎ᠠ ᠥᠭᠡ ᠭᠡᠵᠤ ᠵᠤᠬᠢᠶᠠᠯᠭᠠᠨ ᠠᠷᠭ᠎ᠠ ᠶᠢ ᠨᠢ ᠪᠠᠷᠠᠭᠠᠭᠠᠵᠤ ᠠᠯᠠᠭ᠎ᠠ ᠶᠢ ᠨᠢ ᠨᠤᠬᠤᠯᠤᠭᠤᠯᠤᠨ᠂ ᠳᠤᠬᠤ ᠳᠤᠯᠤᠭᠠᠢ ᠶᠢ ᠨᠢ ᠡᠷᠭᠢᠭᠦᠯᠵᠤ᠂ ᠳᠦᠭᠦᠭᠡ ᠣᠬᠠᠭᠠᠨ ᠢ ᠨᠢ ᠳᠦᠭᠡᠷᠢᠭᠦᠯᠭᠦ ᠭᠡᠳᠡᠭ᠌ ᠴᠤ ᠮᠥᠯᠭᠦᠭᠦ ᠡᠴᠡ ᠨᠢ ᠤᠷᠢᠳ ᠭᠦᠶ‍ᠦᠯᠭᠡᠭᠦ ᠶᠢ ᠶᠠᠭᠠᠷᠠᠨ ᠳᠠᠰᠢᠭᠤᠷ ᠳᠠᠯᠠᠢ᠌ᠵᠤ᠂ ᠮᠢᠯᠠᠭ᠎ᠠ ᠡᠷᠭᠢᠭᠦᠯᠦᠭ᠍ᠰᠡᠨ ᠳᠡᠨᠡᠭ᠌ ᠠᠵᠢᠯᠯᠠᠭ᠎ᠠ ᠪᠣᠯᠬᠤ ᠨᠢ ᠡ ︕

ᠳᠦᠷᠪᠠ᠂ ᠰᠤᠷᠤᠭᠴᠢᠳ ᠤᠨ ᠭᠡᠯᠡ ᠪᠢᠴᠢᠭ᠌ ᠤᠨ ᠭᠢᠷᠢ ᠪᠦᠳᠦᠮᠵᠢ ᠳᠤᠤᠷ᠎ᠠ᠂ ᠰᠤᠷᠬᠤ ᠣᠷᠮᠠᠰᠢᠯ ᠠᠨᠠᠢ ᠪᠠᠢ᠌ᠭ᠎ᠠ ᠠᠰᠠᠭᠤᠳᠠᠯ ᠳᠤ ᠮᠤᠩᠭ᠋ᠤᠯ ᠭᠡᠯᠡᠨ ᠤ ᠪᠠᠭᠰᠢ ᠪᠣᠯᠤᠭᠰᠠᠨ ᠪᠢᠳᠠ ᠨᠡᠷ ᠶᠠᠷᠢᠶᠠᠨ ᠦᠭᠡᠶ ᠨᠠᠩ ᠣᠯᠠᠨ ᠬᠠᠷᠢᠭᠤᠴᠠᠯᠭ᠎ᠠ ᠡᠭᠦᠷᠭᠡᠯᠡᠭᠦ ᠶᠤᠰᠤᠳᠠᠢ ᠨᠢ ᠮᠡᠳᠡᠭᠡᠵᠢ᠃ ᠵᠢᠱᠢᠶᠡᠯᠡᠭᠦ ᠳᠤ᠂ ᠮᠤᠩᠭ᠋ᠤᠯ ᠭᠡᠯᠡᠨ ᠤ ᠣᠯᠠᠩᠭᠢ ᠪᠠᠭᠰᠢ ᠨᠡᠷ ᠮᠢᠨᠢ ᠴᠠᠭ ᠦᠶ᠎ᠡ᠂ ᠬᠡᠦᠬᠡᠳ ᠤᠨ ᠶᠢᠡᠨ ᠪᠣᠳᠠᠳᠤ ᠪᠠᠢ᠌ᠳᠠᠯ ᠳᠤ ᠵᠤᠭᠢᠴᠠᠭᠤᠯᠤᠨ ᠵᠢᠭᠠᠬᠤ ᠠᠷᠭ᠎ᠠ ᠪᠠᠨ ᠰᠢᠨᠡᠴᠢᠯᠡᠭᠦ ᠦᠭᠡᠶ᠂ ᠠᠰᠠᠭᠤᠳᠠᠯ᠂ ᠭᠦᠴᠢᠷᠳᠡᠯ ᠢ ᠴᠠᠭ ᠳᠤᠬᠠᠢ ᠳᠤ ᠨᠢ ᠰᠢ᠌ᠳᠪᠦᠷᠢᠯᠡᠭᠦ ᠰᠢᠨ᠎ᠠ ᠠᠷᠭ᠎ᠠ ᠬᠠᠢ᠌ᠨ ᠰᠥᠪᠠᠭ᠍ᠴᠢᠯᠡᠭᠦ ᠦᠭᠡᠶ᠂ ᠴᠢᠨᠠᠭᠰᠢᠯᠠᠭᠠᠤᠨ ᠦᠪᠡᠷᠰᠠᠤᠨ ᠶᠢᠡᠨ ᠴᠤ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠪᠠᠨ ᠢᠳᠡᠭᠡᠯ ᠠᠯᠳᠠᠷᠠᠨ ᠵᠤᠷᠢᠭ ᠮᠤᠬᠤᠵᠤ ᠵᠠᠷᠢᠮ ᠦᠶ᠎ᠡ ᠬᠠᠰᠢ ᠶᠠᠰᠢ ᠠᠯᠪᠠ ᠬᠠᠰᠢᠵᠤ ᠢᠷᠡᠭ᠍ᠰᠡᠨ ᠪᠠᠢ᠌ᠵᠤ ᠮᠠᠳᠠᠨ᠎ᠠ᠃ ᠡᠭᠦᠨ ᠤ ᠳᠡᠭᠡᠷ᠎ᠡ ᠮᠤᠩᠭ᠋ᠤᠯ ᠭᠡᠯᠡᠨ ᠤ ᠪᠠᠭᠰᠢ ᠶᠢᠨ ᠡᠩᠨᠡᠭᠡ ᠬᠠᠭᠤᠴᠢᠷᠠᠨ᠂ ᠪᠠᠭᠰᠢ ᠶᠢᠨ ᠭᠦᠴᠤᠨ ᠮᠡᠭᠦᠰᠳᠡᠭᠦ ᠵᠡᠷᠭᠡ ᠪᠣᠰᠤᠤᠠᠴᠢ ᠰᠢᠯᠳᠠᠭᠠᠨ ᠳᠠᠪᠬᠤᠷᠯᠠᠨ ᠮᠤᠩᠭ᠋ᠤᠯ ᠭᠡᠯᠡᠨ ᠤ ᠵᠢᠭᠠᠨ ᠰᠤᠷᠭᠠᠯᠳᠠ ᠮᠢᠨᠢ ᠴᠠᠰᠤᠨ ᠤ ᠳᠡᠭᠡᠷ᠎ᠡ ᠭᠢᠷᠠᠭᠤ ᠨᠡᠮᠡᠷᠢᠯᠡᠭ᠍ᠰᠡᠨ ᠭᠦᠡᠳᠦᠭᠡᠨ ᠣᠷᠴᠢᠨ ᠳᠤ ᠣᠷᠤᠭᠠᠤᠨ ᠪᠣᠢ᠃ ᠪᠢᠳᠠ ᠡᠨᠡ ᠪᠠᠢ᠌ᠳᠠᠯ ᠡᠴᠡ ᠡᠷᠳᠡᠭᠡᠨ ᠮᠤᠯᠳᠤᠷᠠᠬᠤ ᠶᠢᠨ ᠲᠦᠯᠦᠭᠡ ᠠᠷᠭ᠎ᠠ ᠪᠦᠭᠦᠨ ᠢ ᠰᠥᠪᠠᠭ᠍ᠴᠢᠯᠡᠭᠦ ᠭᠡᠷᠡᠭ᠍ᠳᠡᠢ᠃ ᠶᠠᠭᠤᠨ ᠤ ᠡᠮᠦᠨ᠎ᠡ ᠮᠤᠩᠭ᠋ᠤᠯ ᠭᠡᠯᠡ ᠪᠢᠴᠢᠭ᠌ ᠶᠢᠡᠨ ᠵᠢᠭᠠᠵᠤ ᠪᠠᠢ᠌ᠭ᠎ᠠ ᠪᠢᠳᠠ ᠨᠡᠷ ᠦᠪᠡᠷ ᠤᠨ ᠪᠠᠶ᠎ᠠ ᠳᠤ ᠪᠠᠨ᠂ ᠡᠭᠡ ᠭᠡᠯᠡᠨ ᠤ ᠵᠢᠭᠠᠨ ᠰᠤᠷᠭᠠᠯᠳᠠ ᠳᠤ ᠪᠠᠨ ᠢᠳᠡᠭᠡᠯ ᠳᠡᠭᠦᠯᠳᠡᠷ ᠪᠠᠢ᠌ᠵᠤ᠂ ᠨᠠᠩ ᠴᠢᠬᠠᠤᠯᠠ ᠨᠢ ᠡᠨᠡ ᠢᠳᠡᠭᠡᠯ ᠢ ᠰᠤᠷᠤᠭᠴᠢᠳ ᠲᠤ ᠪᠠᠨ ᠣᠯᠭᠤᠨ᠂ ᠰᠤᠷᠤᠭᠴᠢᠳ ᠤᠨ ᠭᠡᠯᠡ ᠪᠢᠴᠢᠭ᠌ ᠶᠢᠡᠨ ᠰᠤᠷᠬᠤ ᠣᠷᠮᠠᠰᠢᠯ ᠢ ᠦᠣᠠᠳᠠᠷ ᠳᠡᠭᠡᠭ᠍ᠰᠢᠯᠡᠭᠦᠯᠭᠦ ᠡᠴᠡ ᠭᠠᠷᠳᠠᠬᠤ ᠭᠡᠷᠡᠭ᠍ᠳᠡᠢ᠃ ᠡᠭᠦᠨ ᠢ ᠪᠠᠶᠡᠯᠡᠭᠦᠯᠭᠦ ᠳᠤ ᠣᠷᠢᠳᠠᠪᠠᠷ ᠰᠤᠷᠤᠭᠴᠢᠳ ᠤᠨ ᠣᠷᠮ᠎ᠠ ᠰᠡᠳᠬᠢᠯᠭᠡ ᠶᠢᠨ ᠭᠡᠯᠪᠠᠷᠢᠯ ᠢ ᠮᠤᠩᠭ᠋ᠤᠯ ᠭᠡᠯᠡ ᠪᠢᠴᠢᠭ᠌ ᠤᠨ ᠭᠢᠴᠢᠶᠠᠯ ᠵᠥᠭ᠌ ᠶᠢᠡᠨ ᠳᠠᠳᠠᠨ ᠠᠪᠴᠢᠷᠠᠬᠤ ᠪᠠᠷ ᠦᠷᠢᠰᠦᠭᠡᠨ ᠵᠠᠷᠯᠠᠬᠤ ᠭᠡᠷᠡᠭ᠍ᠳᠡᠢ᠃ ᠢᠩᠭᠢᠭᠦ ᠳᠤ ᠪᠢᠳᠠ ᠵᠢᠭᠠᠬᠤ ᠠᠷᠭ᠎ᠠ ᠪᠠᠨ ᠰᠢᠨᠠᠴᠢᠯᠠᠨ᠂ ᠭᠢᠴᠢᠶᠡᠯᠯᠡᠭᠡ ᠶᠢ ᠭᠦᠭ᠍ᠵᠢᠶᠡᠨ ᠲᠡᠶ ᠪᠣᠯᠭᠠᠬᠤ ᠳᠤ ᠭᠦᠴᠦᠯᠡᠭᠦ ᠡᠴᠡ ᠭᠠᠳᠠᠨ᠎ᠠ ᠮᠤᠩᠭ᠋ᠤᠯ ᠭᠡᠯᠡᠨ ᠤ ᠪᠠᠨ ᠡᠭᠡ ᠭᠡᠯᠡ ᠪᠣᠯᠤᠭᠰᠠᠨ ᠤ ᠳᠠᠪᠠᠭᠤᠯᠢᠭ ᠢ ᠠᠰᠢᠭᠯᠠᠬᠤ ᠪᠠᠨ ᠶᠠᠭᠠᠭᠢᠭᠰᠠᠨ ᠴᠤ ᠣᠮᠳᠤᠭᠠᠢ᠌ᠯᠠᠵᠤ ᠪᠣᠯᠬᠤ ᠦᠭᠡᠶ᠃ ᠡᠭᠦᠨ ᠳᠤ ᠪᠢᠳᠠ ᠡᠢ᠌ᠮᠤ ᠬᠤᠶᠠᠷ ᠳᠠᠯ᠎ᠠ ᠳᠤ ᠠᠩᠬᠠᠷᠤᠯ ᠶᠢᠡᠨ ᠬᠠᠠᠳᠤᠭᠤᠯᠤᠶ᠎ᠠ᠃

1᠂ ᠡᠩ ᠳᠡᠷᠢᠭᠦᠨ ᠳᠤ ᠮᠤᠩᠭ᠋ᠤᠯ ᠰᠤᠷᠤᠭᠴᠢᠳ ᠶᠢᠡᠨ ᠭᠦᠨ ᠵᠤᠵᠠᠭᠠᠨ ᠦᠨᠳᠦᠰᠦᠳᠠᠨ ᠤ ᠬᠠᠢ᠌ᠷ᠎ᠠ ᠰᠡᠳᠬᠢᠯᠭᠡ ᠲᠡᠶ ᠪᠣᠯᠭᠠᠨ ᠭᠦᠮᠦᠵᠢᠭᠦᠯᠭᠦ ᠭᠡᠷᠡᠭ᠍ᠳᠡᠢ᠃ ᠭᠢᠴᠢᠶᠡᠯᠯᠡᠭᠡ ᠪᠦᠭᠦᠨ ᠳᠤ ᠪᠠᠨ᠂ ᠭᠦᠮᠦᠵᠢᠯ ᠪᠣᠯᠭᠠᠨ ᠳᠤ ᠪᠠᠨ ᠡᠨᠡ ᠣᠬᠠᠮᠰᠠᠷ ᠢ ᠠᠭᠤᠰᠬᠠᠨ ᠨᠡᠪᠴᠢᠭᠡᠵᠤ᠂ ᠳᠠᠳᠠᠨ ᠢ ᠦᠨᠳᠦᠰᠦᠳᠠᠨ ᠤ ᠥᠭᠡ ᠭᠡᠯᠡ᠂ ᠥᠰᠦᠭ᠌ ᠪᠢᠴᠢᠭ᠌᠂ ᠳᠡᠦᠭᠡ ᠰᠤᠶᠤᠯ ᠁᠁ ᠠᠯᠢ ᠪᠦᠭᠦᠨ ᠳᠤ ᠪᠠᠨ ᠬᠠᠢ᠌ᠷᠠᠳᠠᠢ ᠪᠣᠯᠭᠠᠨ ᠰᠡᠩᠭᠡᠷᠡᠭᠦᠯᠵᠤ᠂ ᠦᠨᠳᠦᠰᠦᠳᠠᠨ ᠤ ᠪᠠᠬᠠᠷᠬᠠᠯ᠂ ᠣᠮᠤᠭᠰᠢᠯ᠂ ᠪᠢᠰᠢᠷᠠᠯ ᠢ ᠨᠢ ᠳᠦᠷᠦᠭ᠍ᠳᠡᠭᠦᠯᠤᠨ ᠦᠨᠳᠦᠰᠦᠳᠠᠨ ᠤ ᠥᠭᠡ ᠭᠡᠯᠡ᠂ ᠥᠰᠦᠭ᠌ ᠪᠢᠴᠢᠭ᠌ ᠶᠢᠡᠨ ᠰᠤᠷᠴᠤ ᠡᠵᠡᠮᠰᠢᠨ᠂ ᠵᠠᠯᠭᠠᠮᠵᠢᠯᠠᠵᠤ ᠭᠦᠭ᠍ᠵᠢᠭᠦᠯᠭᠦ ᠶᠢᠨ ᠴᠢᠬᠤᠯᠠ ᠴᠢᠨᠠᠷ ᠢ ᠠᠯᠬᠤᠮ ᠠᠯᠬᠤᠮ ᠶᠢᠡᠷ ᠭᠦᠡᠵᠡᠭᠡᠢ ᠳᠠᠨᠢᠭᠤᠯᠤᠨ ᠵᠢᠷᠦᠭᠡ ᠰᠡᠳᠭᠢᠯ ᠳᠤ ᠨᠢ ᠬᠠᠳᠠᠩᠰᠢᠭᠤᠯᠬᠤ ᠭᠡᠷᠡᠭ᠍ᠳᠡᠢ᠃ ᠬᠠᠢ᠌ᠷᠠᠳᠠᠢ ᠪᠦᠭᠦᠨ ᠶᠢᠡᠨ ᠨᠠᠠᠳᠢᠩᠨᠠᠨ᠂ ᠳᠤᠷᠠᠳᠠᠢ ᠪᠦᠭᠦᠨ ᠳᠤ ᠪᠠᠨ ᠵᠢᠳᠭᠦᠭᠦ ᠭᠡᠭ᠍ᠴᠢ ᠰᠡᠳᠭᠢᠯ ᠤᠨ ᠵᠢᠮ᠎ᠠ ᠶᠤᠮ ᠪᠣᠯᠬᠤᠷ ᠦᠨᠢᠷ ᠠᠭᠤᠳᠠᠮ ᠮᠤᠩᠭ᠋ᠤᠯ ᠨᠤᠳᠤᠭ᠂ ᠥᠭ᠍‍ᠭᠢᠶᠡᠮᠦᠷᠴᠢ ᠴᠠᠢ᠌ᠯᠭᠠᠨ ᠮᠤᠩᠭ᠋ᠤᠯ ᠭᠦᠮᠤᠨ᠂ ᠦᠷᠯᠦᠭ᠌ ᠳᠡᠦᠭᠡ᠂ ᠦᠨᠡᠳᠤ ᠰᠤᠶᠤᠯ ᠳᠤ ᠪᠠᠨ ᠬᠠᠢ᠌ᠷᠠᠳᠠᠢ ᠪᠣᠯᠤᠭᠰᠠᠨ ᠮᠤᠩᠭ᠋ᠤᠯ ᠬᠡᠦᠬᠡᠳ ᠮᠢᠨᠢ ᠰᠤᠳᠤᠨ ᠪᠠᠶᠠᠯᠢᠭ ᠮᠤᠩᠭ᠋ᠤᠯ ᠭᠡᠯᠡ᠂ ᠰᠦᠷᠯᠢᠭ᠌ ᠪᠣᠰᠤᠭ᠎ᠠ ᠮᠤᠩᠭ᠋ᠤᠯ ᠥᠰᠦᠭ᠌ ᠶᠢᠡᠨ ᠰᠤᠷᠴᠤ ᠡᠵᠡᠮᠰᠢᠭᠦ ᠳᠤᠷᠠᠳᠠᠢ ᠪᠣᠯᠬᠤ ᠨᠢ ᠴᠤ ᠯᠠᠪᠳᠠᠢ ᠰᠠᠨ ︕

2᠂ ᠰᠤᠷᠤᠭᠴᠢᠳ ᠤᠨ ᠮᠤᠩᠭ᠋ᠤᠯ ᠭᠡᠯᠡ ᠪᠢᠴᠢᠭ᠌ ᠶᠢᠡᠨ ᠰᠤᠷᠬᠤ ᠳᠤᠷᠠᠳᠠᠢ ᠪᠣᠯᠤᠭᠰᠠᠨ ᠦᠵᠡᠯ ᠣᠬᠠᠮᠰᠠᠷ ᠤᠨ ᠰᠠᠭᠤᠷᠢᠨ ᠳᠡᠭᠡᠷ᠎ᠡ ᠪᠢᠳᠠ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠡᠴᠡ ᠨᠢ ᠡᠭᠢᠯᠡᠨ ᠮᠤᠩᠭ᠋ᠤᠯ ᠰᠤᠶᠤᠯ ᠤᠨ ᠶᠢᠡᠨ ᠦᠨᠡᠳᠤ ᠦᠪ ᠣᠭᠢ ᠳᠠᠯᠠᠰ ᠪᠣᠯᠤᠭᠰᠠᠨ ᠮᠤᠩᠭ᠋ᠤᠯ ᠦᠯᠢᠭᠡᠷ ᠳᠤᠮᠤᠭ᠂ ᠳᠡᠦᠭᠡᠨ ᠳᠤᠤᠯᠢ᠂ ᠢᠷᠠᠭᠤ ᠰᠠᠢ᠌ᠬᠠᠨ ᠮᠤᠩᠭ᠋ᠤᠯ ᠰᠢᠯᠦᠭ᠌ ᠡᠴᠡ ᠪᠠᠨ ᠦᠷᠭᠦᠯᠵᠢ ᠰᠤᠨᠢᠷᠬᠠᠭᠤᠯᠤᠨ᠂ ᠰᠠᠴᠠᠨ ᠥᠭᠡ ᠰᠤᠳᠤᠨ ᠭᠡᠯᠡᠴᠡ ᠡᠴᠡ ᠴᠡᠭᠡᠵᠢᠯᠡᠭᠦᠯᠭᠦ ᠪᠠᠨ ᠡᠭᠡᠨᠡᠭ᠍ᠳᠡ ᠪᠠᠷᠢᠮᠳᠠᠯᠠᠵᠤ᠂ ᠣᠯᠠᠮᠵᠢᠯᠠᠯᠳᠤ ᠰᠤᠶᠤᠯ ᠤᠨ ᠶᠢᠡᠨ ᠦᠪᠡᠷᠮᠢᠴᠠ ᠰᠤᠳᠤᠨ ᠦᠨᠦᠷ ᠠᠮᠳᠠᠨ ᠳᠤ ᠰᠤᠭᠳᠤᠭᠤᠷᠠᠭᠤᠯᠤᠨ᠂ ᠦᠯᠠᠮᠵᠢ ᠶᠢᠨ ᠴᠢᠨᠠᠷᠳᠤ ᠭᠤᠸ᠎ᠠ ᠰᠠᠢ᠌ᠬᠠᠨ ᠶᠢᠡᠷ ᠨᠢ ᠨᠥᠯᠦᠭᠡᠯᠡᠭᠡᠳ ᠯᠠ ᠴᠢᠳᠠᠴᠢᠬᠠᠪᠠᠯ ᠮᠤᠩᠭ᠋ᠤᠯ ᠰᠤᠷᠤᠭᠴᠢᠳ ᠮᠢᠨᠢ ᠮᠤᠩᠭ᠋ᠤᠯ ᠭᠡᠯᠡ ᠪᠢᠴᠢᠭ᠌ ᠶᠢᠡᠨ ᠰᠤᠷᠴᠤ ᠡᠵᠡᠮᠰᠢᠭᠦ ᠪᠠᠷ ᠡᠷᠭᠡ ᠦᠭᠡᠶ ᠮᠠᠷᠠᠢ᠌ᠨ ᠳᠡᠮᠡᠤᠯᠡᠭᠦ ᠶᠤᠰᠤᠳᠠᠢ ︕

ᠮᠤᠩᠭ᠋ᠤᠯ ᠭᠡᠯᠡ ᠮᠢᠨᠢ ᠳᠡᠯᠡᠭᠡᠢ ᠶᠢᠨ ᠪᠣᠯᠪᠠᠰᠤᠨ ᠢ ᠡᠭᠦᠳᠦᠭ᠍ᠰᠡᠨ ᠠᠭᠤᠤ ᠶᠡᠭᠡ ᠭᠡᠯᠡ ᠰᠤᠶᠤᠯ ᠤᠨ ᠨᠢᠭᠡ  ᠨᠢ ᠪᠢᠯᠠ᠃ ᠮᠤᠩᠭ᠋ᠤᠯᠴᠤᠳ ᠮᠢᠨᠢ ᠭᠡᠯᠡ ᠡᠴᠡ ᠪᠠᠨ ᠪᠣᠯᠤᠭᠠᠤᠨ ᠳᠤᠷᠣᠢ᠌ᠳᠠᠬᠤ ᠶᠤᠰᠤ ᠦᠭᠡᠶ᠃ ᠭᠡᠯᠡ ᠪᠠᠨ ᠭᠤᠯᠤᠭᠠᠤᠨ ᠯᠠ ᠰᠠ‍‌ᠶᠢ ᠣᠷᠤᠭᠤᠳᠠᠵᠤ ᠪᠣᠢ ᠰᠢᠤ ︕ 《ᠬᠠᠢ᠌ᠷ᠎ᠠ ᠶᠢᠨ ᠵᠤᠪᠠᠯᠠᠩ ᠰᠠᠢ᠌ᠬᠠᠨ ᠪᠠᠢ᠌ᠳᠠᠭ  ᠬᠠᠢ᠌ᠷᠠᠳᠠᠢ ᠪᠣᠯᠬᠤᠷ ᠳᠤᠷᠠᠳᠠᠢ ᠵᠤᠪᠠᠳᠠᠭ  ᠴᠢᠮ᠎ᠠ ᠳᠤ ᠬᠠᠢ᠌ᠷᠠᠳᠠᠢ ᠵᠢᠷᠭᠠᠵᠤ ᠶᠠᠪᠣᠬᠤ ᠳᠤ ᠪᠠᠨ  ᠴᠠᠭ ᠢᠮᠠᠭᠳᠠ ᠵᠤᠪᠠᠬᠤ ᠳᠤᠷᠠᠳᠠᠢ ᠶᠤᠮ ᠡ ᠪᠢ  ᠦᠪᠣᠷ ᠮᠤᠩᠭ᠋ᠤᠯ ᠮᠢᠨᠢ ︕》 ᠭᠡᠵᠤ ᠠᠯᠳᠠᠷᠳᠤ ᠢᠷᠠᠭᠤ ᠨᠠᠢ᠌ᠷᠠᠭᠴᠢ ᠠᠷᠳᠠᠢ ᠭᠤᠸᠠᠢ 《ᠮᠢᠨᠤ ᠦᠪᠣᠷ ᠮᠤᠩᠭ᠋ᠤᠯ》 ᠭᠡᠭᠦ ᠰᠠᠢ᠌ᠬᠠᠨ ᠰᠢᠯᠦᠭ᠌ ᠲᠤ ᠪᠠᠨ ᠣᠶᠠᠩᠭ᠋ᠠᠯᠠᠭᠰᠠᠨ ᠰᠢᠭ ᠶᠢᠡᠷ᠂ ᠪᠢᠳᠠ ᠬᠠᠢ᠌ᠷᠠᠳᠠᠢ ᠣᠢ᠌ᠯᠠᠰ ᠤᠨ ᠶᠢᠡᠨ ᠲᠦᠯᠦᠭᠡ ᠳᠤᠷᠠᠳᠠᠢ ᠵᠤᠪᠠᠵᠠᠭᠠᠶ᠎ᠠ᠂ ᠮᠤᠩᠭ᠋ᠤᠯ ᠰᠤᠶᠤᠯ ᠮᠤᠩᠭ᠋ᠤᠯ ᠲᠦᠮᠡᠨ ᠳᠤ ᠪᠠᠨ ᠬᠠᠢ᠌ᠷᠠᠳᠠᠢ ᠳᠦᠭ᠌ ᠲᠦᠮᠡᠨ ᠮᠤᠩᠭ᠋ᠤᠯ ᠣᠢ᠌ᠯᠠᠰᠴᠢᠳ ᠮᠢᠨᠢ ᠡ ︕


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ

ᠵᠤᠬᠢᠶᠠᠭᠴᠢ᠄ ᠮᠦᠯᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3882
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ