☆ ᠰᠤᠳᠤᠭᠤᠸᠠ
ᠮᠤᠩᠭ᠋ᠤᠯ ᠭᠡᠯᠡ ᠪᠢᠴᠢᠭ᠌ ᠤᠨ ᠭᠢᠴᠢᠶᠡᠯᠯᠡᠭᠡ ᠳᠤ ᠠᠰᠠᠭᠤᠯᠳᠠ ᠳᠤᠷᠠᠳᠬᠤ ᠶᠢᠨ ᠣᠷᠠᠯᠢᠭ
ᠮᠢᠨᠤ ᠮᠤᠩᠭ᠋ᠤᠯ ᠭᠡᠯᠡ ᠰᠤᠷᠤᠭᠰᠠᠨ ᠪᠠ ᠮᠤᠩᠭ᠋ᠤᠯ ᠭᠡᠯᠡ ᠪᠢᠴᠢᠭ᠌ ᠵᠢᠭᠠᠭᠰᠠᠨ ᠥᠩᠭᠡᠷᠡᠯᠳᠡ ᠡᠴᠡ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠰᠤᠷᠤᠭᠴᠢᠳ ᠲᠤ ᠬᠠᠠᠳᠤᠵᠤ ᠥᠭᠦᠯᠡᠭᠦ ᠳᠤ᠂ ᠭᠡᠯᠡ ᠪᠢᠴᠢᠭ᠌ ᠪᠣᠯ ᠪᠣᠰᠤᠳ ᠲᠦᠷᠦᠯ ᠤᠨ ᠭᠢᠴᠢᠶᠠᠯ ᠢ ᠰᠤᠷᠬᠤ ᠶᠢᠨ ᠰᠠᠭᠤᠷᠢ ᠮᠦᠨ᠃ ᠳᠤᠭ᠎ᠠ ᠴᠤ ᠳᠠᠷᠠ᠂ ᠰᠢᠡᠵᠢᠯᠡᠭᠦ ᠣᠬᠠᠭᠠᠨ ᠤ ᠭᠢᠴᠢᠶᠠᠯ ᠴᠤ ᠳᠠᠷᠠ ᠪᠦᠷ ᠯᠠ ᠥᠭᠡ ᠥᠭᠦᠯᠡᠪᠦᠷᠢ ᠳᠡᠭᠡᠷ᠎ᠡ ᠰᠠᠭᠤᠷᠢᠯᠠᠵᠤ ᠪᠠᠢ᠌ᠳᠠᠭ᠃ ᠡᠢ᠌ᠮᠤ ᠡᠴᠡ ᠮᠤᠩᠭ᠋ᠤᠯ ᠭᠡᠯᠡ ᠪᠠᠨ ᠰᠤᠷᠬᠤ ᠳᠤ ᠥᠭᠡ ᠥᠭᠦᠯᠡᠪᠦᠷᠢ ᠶᠢᠨ ᠪᠣᠯᠪᠠᠰᠤᠷᠠᠯ ᠪᠣᠯ ᠣᠮᠳᠤᠭᠠᠢ᠌ᠯᠠᠵᠤ ᠪᠣᠯᠤᠰᠢ ᠦᠭᠡᠶ ᠴᠢᠬᠤᠯᠠ ᠠᠰᠠᠭᠤᠳᠠᠯ ᠮᠦᠨ᠃ ᠪᠣᠳᠠᠳᠠᠢ ᠪᠠᠷ ᠶᠠᠷᠢᠪᠠᠯ᠂ ᠭᠡᠯᠡ ᠪᠢᠴᠢᠭ᠌ ᠨᠢ ᠪᠠᠭᠠᠵᠢᠴᠢ ᠴᠢᠨᠠᠷ ᠪᠣᠯᠤᠨ ᠬᠠᠷᠢᠯᠴᠠᠭᠠᠨ ᠤ ᠴᠢᠨᠠᠷ ᠲᠡᠶ ᠪᠠᠢ᠌ᠳᠠᠭ ᠡᠴᠡ ᠪᠢᠳᠠ ᠡᠳᠦᠷ ᠳᠤᠳᠤᠮ ᠤᠨ ᠠᠵᠢᠯ ᠠᠮᠢᠳᠤᠷᠠᠯ ᠤᠨ ᠳᠤᠮᠳᠠ ᠬᠠᠷᠢᠯᠴᠠᠨ ᠰᠠᠨᠠᠯ ᠶᠢᠡᠨ ᠰᠤᠯᠢᠯᠴᠠᠨ᠂ ᠪᠣᠳᠤᠯ ᠶᠢᠡᠨ ᠢᠯᠡᠳᠭᠡᠭᠦ ᠳᠤ ᠥᠭᠡ ᠥᠭᠦᠯᠡᠪᠦᠷᠢ ᠪᠣᠯ ᠬᠠᠮᠤᠭ ᠤᠨ ᠴᠢᠬᠤᠯᠠ ᠵᠠᠭᠤᠴᠢ ᠪᠣᠯᠵᠤ ᠪᠠᠢ᠌ᠭ᠎ᠠ ᠶᠤᠮ᠃ ᠥᠭᠦᠯᠡᠪᠦᠷᠢ ᠳᠤ ᠪᠢᠳᠠ ᠰᠠᠨᠠᠭ᠎ᠠ ᠪᠠᠨ ᠰᠢᠩᠭᠡᠭᠡᠵᠤ᠂ ᠥᠭᠦᠯᠡᠪᠦᠷᠢ ᠪᠠᠷ ᠪᠢᠳᠠ ᠰᠠᠨᠠᠭ᠎ᠠ ᠪᠠᠨ ᠢᠯᠡᠳᠭᠡᠵᠤ ᠪᠠᠢ᠌ᠳᠠᠭ ᠣᠴᠢᠷ ᠡᠴᠡ ᠰᠤᠷᠤᠭᠴᠢᠳ ᠮᠤᠩᠭ᠋ᠤᠯ ᠭᠡᠯᠡ ᠶᠢ ᠰᠤᠷᠬᠤ ᠳᠤ ᠬᠠᠮᠤᠭ ᠤᠨ ᠰᠠᠭᠤᠷᠢ ᠪᠣᠯᠬᠤ ᠨᠢ ᠳᠠᠷᠤᠢ ᠥᠭᠦᠯᠡᠪᠦᠷᠢ ᠮᠦᠨ᠃
ᠨᠢᠭᠡ᠂ ᠠᠰᠠᠭᠤᠯᠳᠠ ᠳᠤᠷᠠᠳᠬᠤ ᠪᠣᠯ ᠭᠢᠴᠢᠶᠠᠯ ᠢ ᠪᠦᠭᠦᠯᠢ ᠴᠤᠭᠴᠠ ᠡᠴᠡ ᠣᠢ᠌ᠯᠠᠭᠠᠭᠤᠯᠬᠤ ᠶᠢᠨ ᠵᠠᠩᠭᠢᠯᠠᠭ᠎ᠠ ᠮᠦᠨ᠃
ᠰᠢᠨ᠎ᠠ ᠭᠢᠴᠢᠶᠡᠯᠯᠡᠭᠡ ᠶᠢᠨ ᠪᠠᠷᠢᠮᠵᠢᠶ᠎ᠠ ᠳᠤ ᠴᠤ ᠦᠪᠡᠷᠮᠢᠴᠠ ᠭᠡᠯᠡ ᠭᠡᠯᠡᠯᠭᠡ᠂ ᠵᠠᠩᠭᠢᠯᠠᠭ᠎ᠠ ᠶᠢᠨ ᠥᠭᠡ ᠥᠭᠦᠯᠡᠪᠦᠷᠢ ᠶᠢ ᠵᠠᠳᠠᠯᠵᠤ᠂ ᠭᠢᠴᠢᠶᠠᠯ ᠢ ᠪᠦᠭᠦᠯᠢ ᠴᠤᠭᠴᠠ ᠡᠴᠡ ᠨᠢ ᠡᠵᠡᠮᠳᠡᠭᠦ ᠶᠢ ᠴᠢᠬᠤᠯᠠᠴᠢᠯᠠᠭᠰᠠᠨ ᠪᠠᠢ᠌ᠳᠠᠭ᠃ ᠡᠨᠡ ᠨᠢ ᠶᠠᠭᠤᠨ ᠤ ᠡᠮᠦᠨ᠎ᠡ᠂ ᠤᠷᠢᠳ ᠶᠢᠡᠷ ᠣᠩᠰᠢᠭᠠᠤᠨ ᠵᠤᠬᠢᠶᠠᠯ ᠤᠨ ᠠᠭᠤᠯᠭ᠎ᠠ ᠶᠢ ᠪᠦᠭᠦᠯᠢ ᠴᠤᠭᠴᠠ ᠡᠴᠡ ᠨᠢ ᠡᠵᠡᠮᠰᠢᠨ᠎ᠡ᠃ ᠵᠠᠩᠭᠢᠯᠠᠭ᠎ᠠ ᠶᠢᠨ ᠥᠭᠡ ᠥᠭᠦᠯᠡᠪᠦᠷᠢ ᠶᠢ ᠠᠳᠬᠤᠨ᠎ᠠ᠃ ᠳᠠᠭᠢᠨ ᠣᠩᠰᠢᠬᠤ ᠦᠶᠡᠰ ᠭᠡᠰᠡᠭ᠌ ᠳᠠᠯ᠎ᠠ ᠪᠣᠶᠤ ᠵᠠᠩᠭᠢᠯᠠᠭ᠎ᠠ ᠶᠢᠨ ᠥᠭᠡ ᠥᠭᠦᠯᠡᠪᠦᠷᠢ ᠶᠢᠨ ᠣᠤᠠᠬ᠎ᠠ ᠶᠢ ᠵᠠᠳᠠᠯᠵᠤ᠂ ᠡᠯ᠎ᠡ ᠭᠡᠰᠡᠭ᠌ ᠪᠦᠯᠦᠭ᠌ ᠤᠨ ᠬᠤᠭᠤᠷᠤᠠᠳᠤᠭᠢ ᠬᠠᠷᠢᠴᠠᠭ᠎ᠠ ᠬᠤᠯᠪᠣᠭ᠎ᠠ ᠶᠢ ᠵᠠᠳᠠᠯᠤᠨ᠎ᠠ᠃ ᠬᠠᠮᠤᠭ ᠰᠡᠭᠦᠯ ᠳᠤ ᠶᠡᠷᠦᠩᠭᠡᠢ᠌ᠯᠡᠨ ᠵᠠᠳᠠᠯᠤᠭᠰᠠᠨ ᠰᠢᠵᠢᠮ ᠶᠢᠡᠨ ᠬᠤᠷᠢᠶᠠᠩᠭ᠋ᠣᠢ᠌ᠯᠠᠨ ᠦᠪᠡᠷ ᠤᠨ ᠣᠢ᠌ᠯᠠᠭᠠᠯᠳᠠ ᠪᠠᠨ ᠳᠡᠯᠭᠡᠨ᠎ᠡ᠃
ᠭᠡᠯᠡ ᠪᠢᠴᠢᠭ᠌ ᠤᠨ ᠭᠢᠴᠢᠶᠠᠯ ᠳᠤ ᠶᠠᠮᠠᠷ ᠠᠭᠤᠯᠭ᠎ᠠ ᠶᠢ ᠪᠢᠴᠢᠭ᠍ᠰᠡᠨ ᠢ ᠣᠩᠰᠢᠮᠠᠭᠴᠠ ᠣᠢ᠌ᠯᠠᠭᠠᠴᠢᠬᠠᠳᠠᠭ ᠳᠤᠯᠠ ᠬᠠᠷᠢᠨ ᠶᠠᠮᠠᠷ ᠥᠭᠡ ᠶᠢ ᠶᠠᠭᠠᠭᠢᠵᠤ ᠵᠠᠷᠤᠵᠤ᠂ ᠶᠠᠮᠠᠷ ᠥᠭᠦᠯᠡᠪᠦᠷᠢ ᠳᠤ ᠶᠠᠭᠠᠭᠢᠵᠤ ᠭᠡᠷᠡᠭᠯᠡᠨ᠂ ᠶᠠᠮᠠᠷ ᠰᠠᠨᠠᠭ᠎ᠠ ᠪᠠᠨ ᠶᠠᠭᠠᠭᠢᠵᠤ ᠢᠯᠡᠳᠭᠡᠵᠤ ᠪᠠᠢ᠌ᠭ᠎ᠠ ᠶᠢ ᠰᠤᠳᠤᠯᠤᠨ ᠰᠤᠷᠤᠯᠴᠠᠭᠤᠯᠬᠤ ᠨᠢ ᠭᠦᠴᠢᠷᠳᠡᠯᠭᠡ ᠮᠥᠷᠳᠡᠭᠡᠨ ᠵᠢᠭᠠᠬᠤ ᠬᠠᠷᠠᠯᠳᠠ ᠪᠠᠨ ᠪᠠᠶᠡᠯᠡᠭᠦᠯᠭᠦ ᠶᠢᠨ ᠭᠤᠤᠯᠳᠠᠯᠭ᠎ᠠ ᠪᠣᠯᠤᠨ᠎ᠠ᠃ ᠵᠢᠱᠢᠶᠠᠯᠠᠪᠠᠯ᠄ 《ᠽᠤᠶᠠ ᠪᠠᠰᠠ ᠳᠠᠪᠤᠨ ᠬᠤᠪᠢ ᠣᠯᠪᠠ》 ᠭᠡᠳᠡᠭ᠌ ᠭᠢᠴᠢᠶᠠᠯ ᠢ ᠰᠤᠷᠤᠭᠴᠢᠳ ᠠᠩᠬ᠎ᠠ ᠣᠩᠰᠢᠮᠠᠭᠴᠠ ᠭᠢᠴᠢᠶᠠᠯ ᠶᠢᠡᠨ ᠪᠦᠭᠦᠯᠢ ᠴᠤᠭᠴᠠ ᠡᠴᠡ ᠨᠢ ᠽᠤᠶᠠ ᠶᠢᠨ ᠳᠠᠪᠤᠨ ᠬᠤᠪᠢ ᠣᠯᠤᠭᠰᠠᠨ ᠭᠡᠳᠡᠭ᠌ ᠢ ᠣᠢ᠌ᠯᠠᠭᠠᠵᠤ ᠮᠡᠳᠡᠭᠦ ᠶᠤᠮ᠃ ᠳᠠᠭᠢᠨ ᠣᠩᠰᠢᠬᠤ ᠦᠶ᠎ᠡ ᠳᠤ ᠭᠡᠰᠡᠭ᠌ ᠳᠠᠯ᠎ᠠ ᠪᠣᠶᠤ ᠭᠤᠤᠯ ᠪᠣᠯᠬᠤ ᠥᠭᠡ ᠥᠭᠦᠯᠡᠪᠦᠷᠢ ᠶᠢ ᠳᠠᠳᠠᠨ ᠭᠠᠷᠭᠠᠵᠤ᠂ ᠭᠦᠡᠳᠤ ᠥᠭᠡᠰ ᠢ ᠥᠭᠡ ᠥᠭᠦᠯᠡᠪᠦᠷᠢ ᠶᠢᠨ ᠣᠷᠴᠢᠨ ᠳᠤ ᠣᠩᠰᠢᠨ ᠣᠬᠤᠴᠢᠯᠠᠵᠤ᠂ ᠵᠠᠩᠭᠢᠯᠠᠭ᠎ᠠ ᠶᠢᠨ ᠥᠭᠦᠯᠡᠪᠦᠷᠢ ᠶᠢᠨ ᠣᠤᠠᠬ᠎ᠠ ᠶᠢ ᠵᠠᠳᠠᠯᠪᠠᠯ ᠭᠤᠤᠯ ᠠᠭᠤᠯᠭ᠎ᠠ ᠪᠠ ᠣᠤᠠᠬ᠎ᠠ ᠰᠠᠨᠠᠭ᠎ᠠ ᠶᠢ ᠣᠢ᠌ᠯᠠᠭᠠᠬᠤ ᠳᠤ ᠳᠦᠭᠦᠮ ᠪᠣᠯᠴᠢᠬᠠᠳᠠᠭ᠃
ᠬᠤᠶᠠᠷ᠂ ᠭᠤᠤᠯ ᠪᠣᠯᠬᠤ ᠥᠭᠡ ᠥᠭᠦᠯᠡᠪᠦᠷᠢ ᠶᠢ ᠡᠵᠡᠮᠰᠢᠭᠦ ᠨᠢ ᠠᠰᠠᠭᠤᠯᠳᠠ ᠪᠠᠨ ᠰᠢ᠌ᠳᠪᠦᠷᠢᠯᠡᠭᠦ ᠶᠢᠨ ᠰᠠᠭᠤᠷᠢ ᠪᠣᠯᠤᠨ᠎ᠠ᠃
ᠪᠠᠭᠰᠢ ᠡᠴᠡ ᠰᠤᠷᠤᠭᠴᠢᠳ ᠤᠨ ᠣᠩᠰᠢᠯᠭ᠎ᠠ ᠶᠢ ᠪᠠᠢ᠌ᠴᠠᠭᠠᠨ ᠥᠨᠡᠯᠡᠭᠦ ᠳᠤ ᠪᠠᠨ ᠭᠤᠤᠯ ᠪᠣᠯᠬᠤ ᠭᠦᠡᠳᠤ ᠥᠭᠡ ᠪᠠᠨ ᠥᠭᠡ ᠥᠭᠦᠯᠡᠪᠦᠷᠢ ᠶᠢᠨ ᠣᠷᠴᠢᠨ ᠳᠤ ᠣᠤᠠᠬ᠎ᠠ ᠶᠢ ᠨᠢ ᠶᠠᠷᠢᠭᠤᠯᠤᠨ᠎ᠠ᠃ ᠳᠠᠷᠤᠢ 《ᠽᠤᠶᠠ ᠪᠠᠰᠠ ᠳᠠᠪᠤᠨ ᠬᠤᠪᠢ ᠣᠯᠪᠠ》 ᠭᠡᠭᠦ ᠭᠢᠴᠢᠶᠠᠯ ᠤᠨ ᠭᠠᠷᠴᠠᠭ ᠢ ᠬᠤᠶᠠᠷ ᠵᠣᠢ᠌ᠯ ᠶᠢᠡᠷ ᠣᠢ᠌ᠯᠠᠭᠠᠵᠤ ᠮᠡᠳᠡᠭᠦ ᠪᠣᠯᠤᠯᠴᠠᠭ᠎ᠠ ᠲᠡᠶ᠃
1. ᠽᠤᠶᠠ ᠭᠡᠳᠡᠭ᠌ ᠰᠤᠷᠤᠭᠴᠢ ᠪᠠᠰᠠ ᠳᠠᠪᠤᠨ ᠬᠤᠪᠢ ᠣᠯᠤᠭᠰᠠᠨ ᠭᠡᠭᠦ ᠪᠣᠶᠤ ᠽᠤᠶᠠ ᠡᠨᠡ ᠣᠳᠠᠭ᠎ᠠ ᠪᠠᠰᠠ ᠳᠠᠪᠤᠨ ᠬᠤᠪᠢ ᠣᠯᠤᠯ᠎ᠠ ᠭᠡᠭᠦ ᠮᠠᠳᠤ᠃
2. 《ᠪᠠᠰᠠ》 ᠭᠡᠳᠡᠭ᠌ ᠥᠭᠡ ᠶᠢᠨ ᠳᠤᠰ ᠭᠢᠴᠢᠶᠠᠯ ᠳᠤ ᠭᠡᠷᠡᠭᠯᠡᠭ᠍ᠳᠡᠭ᠍ᠰᠡᠨ ᠣᠤᠠᠬ᠎ᠠ ᠶᠢ ᠨᠢ ᠦᠨᠳᠦᠰᠦᠯᠠᠪᠠᠯ ᠽᠤᠶᠠ ᠪᠠᠰᠠ ᠨᠢᠭᠡ ᠣᠳᠠᠭ᠎ᠠ ᠳᠠᠪᠤᠨ ᠬᠤᠪᠢ ᠣᠯᠤᠯ᠎ᠠ ᠭᠡᠳᠡᠭ᠌ ᠢ ᠮᠠᠳᠠᠵᠤ ᠪᠣᠯᠤᠨ᠎ᠠ᠃ ᠳᠡᠭᠡᠪᠠᠯ ᠽᠤᠶᠠ ᠵᠠᠷᠢᠮ ᠭᠢᠴᠢᠶᠠᠯ ᠳᠤ ᠭᠦᠴᠢᠷᠳᠡᠳᠡᠭ᠌ ᠪᠠᠢ᠌ᠳᠠᠯ᠎ᠠ ᠶᠠᠭᠠᠭᠢᠭᠠᠤᠨ ᠪᠠᠰᠠ ᠳᠠᠪᠤᠨ ᠬᠤᠪᠢ ᠣᠯᠪᠠ︖ ᠠᠯᠢ ᠠᠯᠢ ᠥᠭᠡᠨ ᠡᠴᠡ ᠳᠡᠭᠦᠨ ᠤ ᠰᠤᠷᠤᠯᠭ᠎ᠠ ᠳᠤ ᠪᠠᠨ ᠭᠦᠴᠢᠷᠳᠡᠵᠤ ᠪᠠᠢ᠌ᠭ᠎ᠠ ᠶᠢ ᠮᠠᠳᠠᠵᠤ ᠪᠣᠯᠬᠤ ᠪᠣᠢ︖ ᠭᠡᠭᠦ ᠮᠠᠳᠤᠴᠢᠯᠠᠨ ᠭᠤᠤᠯ ᠥᠭᠦᠯᠡᠪᠦᠷᠢ ᠶᠢ ᠣᠯᠵᠤ ᠣᠩᠰᠢᠭᠤᠯᠵᠤ ᠣᠢ᠌ᠯᠠᠭᠠᠭᠤᠯᠤᠨ᠎ᠠ᠃ ᠳᠠᠷᠤᠢ᠂ ᠽᠤᠶᠠ ᠣᠳᠠᠭ᠎ᠠ ᠪᠣᠯᠭᠠᠨ ᠳᠡᠭᠦᠤ ᠡᠴᠡ ᠪᠠᠨ ᠬᠤᠴᠤᠷᠳᠠᠭ᠃ ᠳᠠᠰᠬᠠᠯ ᠶᠢᠡᠨ ᠭᠢᠵᠤ ᠴᠢᠳᠠᠬᠤ ᠦᠭᠡᠶ ᠰᠦᠨᠢ ᠳᠦᠯᠢ ᠪᠣᠯᠳᠠᠯ᠎ᠠ ᠰᠠᠭᠤᠳᠠᠭ ᠭᠡᠭᠦ ᠮᠠᠳᠤ ᠥᠭᠦᠯᠡᠪᠦᠷᠢ ᠨᠤᠭᠦᠳ ᠪᠠᠢ᠌ᠳᠠᠭ᠃
ᠳᠡᠭᠡᠪᠠᠯ᠂ ᠽᠤᠶᠠ ᠶᠢᠨ ᠥᠷᠭᠦᠯᠵᠢ ᠳᠠᠪᠤᠨ ᠬᠤᠪᠢ ᠣᠯᠳᠠᠭ ᠤᠨ ᠭᠢᠨ ᠨᠢᠭᠤᠴᠠ ᠨᠢ᠄
(1) ᠳᠡᠭᠦᠤ ᠪᠠᠷ ᠶᠢᠡᠨ ᠬᠠᠪᠰᠤᠷᠤᠭᠤᠯᠳᠠᠭ ᠦᠭᠡᠶ᠃
(2) ᠳᠡᠭᠦᠤ ᠶᠢᠨ ᠶᠢᠡᠨ ᠳᠠᠰᠬᠠᠯ ᠢ ᠬᠠᠭᠤᠯᠳᠠᠭ ᠦᠭᠡᠶ᠃
(3) ᠨᠣᠢ᠌ᠷ ᠨᠢ ᠭᠦᠷᠪᠠᠯ ᠭᠦᠢᠳᠡᠨ ᠣᠰᠤ ᠪᠠᠷ ᠨᠢᠭᠤᠷ ᠶᠢᠡᠨ ᠣᠭᠢᠶᠠᠭᠠᠤᠨ ᠳᠠᠭᠢᠨ ᠳᠠᠰᠬᠠᠯ ᠶᠢᠡᠨ ᠭᠢᠳᠡᠭ᠌᠃
(4) ᠳᠠᠰᠬᠠᠯ ᠶᠢᠡᠨ ᠭᠢᠵᠤ ᠪᠠᠷᠠᠬᠤ ᠦᠭᠡᠶ ᠪᠣᠯ ᠣᠠᠳᠠᠳᠠᠭ ᠦᠭᠡᠶ ᠵᠡᠷᠭᠡ ᠡᠴᠡ ᠪᠢᠳᠠ ᠭᠠᠷᠴᠠᠭ ᠤᠨ ᠠᠭᠤᠯᠭ᠎ᠠ ᠶᠢ ᠨᠠᠩ ᠳᠤᠳᠤᠷᠬᠠᠢ ᠣᠢ᠌ᠯᠠᠭᠠᠨ᠂ ᠳᠡᠭᠦᠨ ᠤ ᠰᠤᠷᠤᠯᠭ᠎ᠠ ᠳᠤ ᠪᠠᠨ ᠭᠦᠴᠢᠷᠳᠡᠳᠡᠭ᠌ ᠪᠠᠢ᠌ᠳᠠᠯ᠎ᠠ ᠪᠠᠨ ᠥᠷᠭᠦᠯᠵᠢ ᠣᠠᠴᠠ ᠳ᠋ᠦ᠋ᠩ ᠠᠪᠳᠠᠭ ᠤᠨ ᠨᠢᠭᠤᠴᠠ ᠶᠢ ᠮᠠᠳᠠᠵᠤ ᠪᠣᠯᠤᠨ᠎ᠠ᠃ ᠡᠨᠡ ᠰᠠᠭᠤᠷᠢᠨ ᠳᠡᠭᠡᠷ᠎ᠡ ᠭᠢᠴᠢᠶᠠᠯ ᠤᠨ ᠠᠭᠤᠯᠭ᠎ᠠ ᠪᠠ ᠣᠤᠠᠬ᠎ᠠ ᠰᠠᠨᠠᠭ᠎ᠠ ᠶᠢ ᠳ᠋ᠦ᠋ᠩᠨᠡᠭᠦ ᠳᠤ ᠲᠤᠩ ᠭᠢᠯᠪᠠᠷ ᠪᠣᠯᠵᠤ ᠣᠢ᠌ᠯᠠᠭᠠᠮᠵᠢ ᠪᠠᠷ ᠴᠤ ᠰᠠᠢ᠌ᠨ ᠪᠠᠢ᠌ᠳᠠᠭ᠃
《ᠨᠠᠢ᠌ᠵᠠ》 ᠭᠡᠭᠦ ᠭᠢᠴᠢᠶᠠᠯ ᠶᠢᠡᠷ ᠠᠪᠴᠤ ᠥᠵᠡᠭᠦ ᠳᠤ ᠴᠤ᠂ ᠰᠤᠷᠤᠭᠴᠢᠳ ᠠᠩᠬ᠎ᠠ ᠠᠯᠬᠤᠮ ᠤᠨ ᠣᠩᠰᠢᠯᠭ᠎ᠠ ᠳᠤ ᠪᠠᠨ ᠪᠦᠭᠦᠯᠢ ᠴᠤᠭᠴᠠ ᠡᠴᠡ ᠨᠢ ᠴᠢᠮᠡᠭ᠌ ᠴᠡᠴᠡᠭ᠌ ᠤᠨ ᠰᠤᠷᠤᠯᠭ᠎ᠠ ᠶᠢ ᠬᠠᠪᠰᠤᠷᠤᠭᠰᠠᠨ ᠭᠡᠳᠡᠭ᠌ ᠢ ᠶᠡᠭᠡ ᠲᠦᠯᠦᠪ ᠣᠢ᠌ᠯᠠᠭᠠᠵᠤ ᠮᠡᠳᠡᠭᠦ ᠶᠤᠮ᠃ ᠳᠠᠷᠠᠭ᠎ᠠ ᠠᠯᠬᠤᠮ ᠤᠨ ᠣᠩᠰᠢᠯᠭ᠎ᠠ ᠳᠤ ᠡᠨᠡ ᠭᠢᠴᠢᠶᠠᠯ ᠳᠤ ᠶᠠᠮᠠᠷ ᠥᠭᠡ ᠶᠢ ᠶᠠᠭᠠᠭᠢᠵᠤ ᠭᠡᠷᠡᠭᠯᠡᠭ᠍ᠰᠡᠨ᠂ ᠶᠠᠮᠠᠷ ᠣᠢ᠌ᠯᠠᠳᠤᠯ ᠥᠵᠡᠭᠦᠯᠵᠤ ᠪᠠᠢ᠌ᠭ᠎ᠠ᠂ ᠶᠠᠮᠠᠷ ᠰᠠᠨᠠᠭ᠎ᠠ ᠶᠢ ᠢᠯᠡᠳᠭᠡᠵᠤ ᠪᠠᠢ᠌ᠭ᠎ᠠ ᠶᠢ ᠰᠤᠳᠤᠯᠤᠨ ᠶᠠᠷᠢᠯᠴᠠᠬᠤ ᠴᠢᠬᠤᠯᠠ ᠲᠡᠶ᠃ ᠢᠩᠭᠢᠵᠤ ᠠᠭᠤᠯᠭ᠎ᠠ ᠪᠠᠨ ᠠᠩᠬ᠎ᠠ ᠠᠯᠬᠤᠮ ᠣᠢ᠌ᠯᠠᠭᠠᠵᠤ ᠮᠡᠳᠡᠭ᠍ᠰᠡᠨ ᠤ ᠰᠠᠭᠤᠷᠢᠨ ᠳᠤ ᠭᠦᠡᠳᠤ ᠥᠭᠡ ᠪᠠ ᠵᠠᠷᠢᠮ ᠥᠭᠡ ᠥᠭᠦᠯᠡᠪᠦᠷᠢ ᠶᠢᠨ ᠭᠢᠴᠢᠶᠠᠯ ᠳᠤ ᠥᠢᠯᠡᠴᠢᠯᠡᠭ᠍ᠰᠡᠨ ᠰᠠᠨᠠᠭ᠎ᠠ ᠶᠢ ᠵᠠᠳᠠᠯᠪᠠᠯ ᠭᠦᠡᠳᠤ ᠥᠭᠡᠰ ᠶᠢᠡᠨ ᠠᠮᠢᠳᠤᠯᠢᠭ ᠪᠣᠳᠠᠳᠠᠢ ᠪᠠᠷ ᠡᠵᠡᠮᠰᠢᠵᠤ ᠴᠢᠳᠠᠬᠤ ᠮᠥᠷᠳᠡᠭᠡᠨ ᠭᠤᠤᠯ ᠠᠭᠤᠯᠭ᠎ᠠ ᠪᠠ ᠣᠤᠠᠬ᠎ᠠ ᠰᠠᠨᠠᠭ᠎ᠠ ᠪᠠᠨ ᠴᠤ ᠣᠯᠠᠮ ᠭᠦᠡᠵᠡᠭᠡᠢ ᠡᠵᠡᠮᠰᠢᠵᠤ ᠴᠢᠳᠠᠬᠤ ᠶᠤᠮ᠃
ᠭᠤᠷᠪᠠ᠂ ᠭᠦᠡᠳᠤ ᠥᠭᠡᠰ ᠤᠨ ᠣᠤᠠᠬ᠎ᠠ ᠶᠢ ᠡᠵᠡᠮᠰᠢᠭᠦ ᠨᠢ ᠠᠰᠠᠭᠤᠯᠳᠠ ᠪᠠᠨ ᠣᠢ᠌ᠯᠭᠠᠬᠤ ᠶᠢᠨ ᠵᠠᠩᠭᠢᠯᠠᠭ᠎ᠠ ᠪᠣᠯᠳᠠᠭ᠃
ᠪᠠᠠᠠᠰᠢ ᠡᠴᠡ ᠰᠤᠷᠤᠠᠠᠴᠢᠳ ᠤᠨ ᠭᠢᠴᠢᠶᠠᠯ ᠶᠢᠡᠨ ᠭᠢᠷᠢ ᠵᠡᠷᠭᠡ ᠣᠢ᠌ᠯᠠᠭᠠᠵᠤ ᠪᠠᠢ᠌ᠬᠤ ᠶᠢ ᠪᠠᠢ᠌ᠴᠠᠭᠠᠨ ᠮᠥᠷᠳᠡᠭᠦ ᠳᠤ ᠪᠠᠨ ᠣᠯᠠᠭᠠᠨ ᠮᠦᠷ᠂ ᠭᠡᠰᠡᠭ᠌ ᠪᠦᠯᠦᠭ᠌ ᠲᠤ ᠭᠢ ᠭᠦᠡᠳᠤ ᠥᠭᠡᠰ ᠢ ᠺᠠᠷᠲ᠋ᠯᠠᠬᠤ ᠪᠣᠶᠤ ᠰᠠᠮᠪᠠᠷᠠᠯᠠᠵᠤ᠂ ᠠᠯᠢ ᠭᠡᠰᠡᠭ᠌ ᠲᠤ ᠪᠠᠢ᠌ᠭ᠎ᠠ᠂ ᠶᠠᠮᠠᠷ ᠥᠰᠦᠭ᠌ ᠲᠡᠶ ᠬᠤᠯᠪᠤᠨ ᠣᠩᠰᠢᠬᠤ᠂ ᠶᠠᠮᠠᠷ ᠣᠤᠠᠬ᠎ᠠ ᠶᠢ ᠢᠯᠡᠳᠭᠡᠭ᠍ᠰᠡᠨ ᠵᠡᠷᠭᠡ ᠶᠢ ᠶᠠᠷᠢᠭᠤᠯᠵᠤ᠂ ᠵᠦᠪ ᠬᠠᠷᠢᠭᠤᠯᠳᠠ ᠶᠢ ᠨᠢ ᠳᠤᠳᠤᠷᠬᠠᠢ᠌ᠯᠠᠪᠠᠯ ᠵᠤᠭᠢᠨ᠎ᠠ᠃
1. ᠭᠦᠡᠳᠤ ᠥᠭᠡᠰ ᠢ ᠡᠵᠡᠮᠰᠢᠭᠦᠯᠭᠦ ᠳᠤ ᠪᠠᠨ ᠳ᠋ᠠᠩ ᠭᠠᠠᠠᠴᠠ ᠭᠦᠡᠳᠤ ᠥᠭᠡᠰ ᠤᠨ ᠣᠤᠠᠬ᠎ᠠ ᠶᠢ ᠳᠠᠢ᠌ᠯᠬᠤ ᠡᠴᠡ ᠵᠠᠢ᠌ᠯᠠᠰᠭᠢᠨ᠂ ᠥᠭᠦᠯᠡᠪᠦᠷᠢ ᠶᠢᠨ ᠣᠷᠴᠢᠨ ᠳᠤ ᠥᠭᠡᠰ ᠢ ᠣᠢ᠌ᠯᠭᠠᠭᠤᠯᠬᠤ ᠵᠥᠭ᠌ ᠭᠦᠳᠦᠯᠤᠨ ᠵᠢᠯᠤᠭᠤᠤᠠᠪᠠᠯ ᠦᠶ᠎ᠡ ᠠᠰᠢᠭ ᠶᠢᠡᠷ ᠰᠠᠢ᠌ᠨ ᠪᠠᠢ᠌ᠳᠠᠭ᠃
2. ᠪᠠᠠᠠᠰᠢ ᠡᠴᠡ ᠭᠦᠡᠳᠤ ᠥᠭᠡᠰ ᠢ ᠭᠠᠷᠭᠠᠬᠤ ᠳᠤ ᠪᠠᠨ ᠶᠠᠮᠠᠷ ᠴᠤ ᠣᠢ᠌ᠯᠠᠭᠠᠠᠠᠳᠠᠬᠤᠨ ᠦᠭᠡᠶ ᠪᠠᠢ᠌ᠳᠠᠯ ᠳᠤᠤᠷ᠎ᠠ ᠳᠤᠷ᠎ᠠ ᠪᠠᠷ ᠶᠢᠡᠨ ᠭᠦᠡᠳᠤ ᠥᠭᠡᠰ ᠢ ᠰᠠᠮᠪᠠᠷᠠᠯᠠᠨ ᠰᠤᠷᠤᠠᠠᠴᠢᠳ ᠶᠢᠡᠷ ᠣᠩᠰᠢᠯᠭ᠎ᠠ ᠪᠢᠴᠢᠯᠭᠡ᠂ ᠣᠤᠠᠬ᠎ᠠ ᠶᠢ ᠡᠵᠡᠮᠰᠢᠭᠦᠯᠭᠦ ᠭᠡᠳ ᠭᠦᠴᠦᠯᠡᠨ ᠣᠷᠤᠯᠳᠤᠬᠤ ᠨᠢ ᠠᠮᠢᠳᠤᠯᠢᠭ ᠪᠢᠰᠢ ᠮᠥᠷᠳᠡᠭᠡᠨ ᠦᠷ᠎ᠡ ᠠᠰᠢᠭ ᠶᠢᠡᠷ ᠳᠠᠢ᠌ᠮᠤ ᠰᠠᠢ᠌ᠨ ᠪᠢᠰᠢ᠂ ᠡᠷᠭᠡᠪᠰᠢ ᠭᠢᠴᠢᠶᠠᠯ ᠶᠢᠡᠨ ᠣᠩᠰᠢᠠᠠᠰᠠᠨ ᠰᠠᠭᠤᠷᠢᠨ ᠳᠡᠭᠡᠷ᠎ᠡ ᠡᠮᠭᠢ ᠳᠠᠷᠠᠭ᠎ᠠ ᠲᠡᠶ ᠪᠠᠷ ᠳᠤᠰ ᠭᠢᠴᠢᠶᠠᠯ ᠤᠨ ᠶᠢᠡᠨ ᠠᠭᠤᠯᠭ᠎ᠠ ᠶᠢ ᠣᠢ᠌ᠯᠠᠭᠠᠬᠤ ᠳᠤ ᠰᠢᠵᠢᠮ ᠪᠣᠯᠵᠤ ᠴᠢᠳᠠᠬᠤ ᠥᠭᠡᠰ ᠵᠡᠷᠭᠡ ᠶᠢ ᠴᠤ ᠠᠩᠬᠠᠷᠤᠯ ᠳᠤ ᠪᠠᠨ ᠠᠪᠣᠪᠠᠯ ᠵᠤᠭᠢᠨ᠎ᠠ᠃
3. ᠭᠦᠡᠳᠤ ᠥᠭᠡᠰ ᠢ ᠰᠢ᠌ᠳᠪᠦᠷᠢᠯᠡᠭᠦ ᠳᠤ ᠪᠠᠠᠠᠰᠢ ᠶᠢᠨ ᠳᠤᠷᠠᠳᠬᠤ ᠠᠰᠠᠭᠤᠯᠳᠠ ᠴᠢᠬᠤᠯᠠ ᠣᠢ᠌ᠯᠠᠳᠤᠯ ᠥᠵᠡᠭᠦᠯᠳᠡᠭ᠌᠃ ᠪᠠᠠᠠᠰᠢ ᠶᠢᠨ ᠠᠰᠠᠭᠤᠯᠳᠠ ᠴᠢᠭ᠍ᠯᠡᠯᠳᠤ ᠴᠢᠨᠠᠷ ᠶᠢᠡᠷ ᠴᠢᠩᠭ᠋᠎ᠠ ᠪᠠᠢ᠌ᠪᠠᠯ 《ᠨᠢᠭᠡ ᠰᠤᠮᠤ ᠪᠠᠷ ᠬᠤᠶᠠᠷ ᠢ ᠣᠨᠤᠭᠠᠬᠤ》 ᠳᠤ ᠠᠰᠢᠠᠠᠳᠠᠢ᠃ ᠳᠠᠷᠤᠢ ᠭᠦᠡᠳᠤ ᠥᠭᠡᠰ ᠤᠨ ᠶᠢᠡᠨ ᠭᠢᠴᠢᠶᠠᠯ ᠳᠤ ᠭᠡᠷᠡᠭᠯᠡᠭ᠍ᠳᠡᠭ᠍ᠰᠡᠨ ᠰᠠᠨᠠᠭ᠎ᠠ ᠶᠢ ᠣᠢ᠌ᠯᠠᠭᠠᠨ ᠳᠠᠨᠢᠬᠤ ᠪᠠᠷ ᠪᠠᠷᠠᠬᠤ ᠦᠭᠡᠶ᠂ ᠪᠠᠰᠠ ᠭᠢᠴᠢᠶᠠᠯ ᠤᠨ ᠭᠤᠤᠯ ᠠᠭᠤᠯᠭ᠎ᠠ ᠣᠤᠠᠬ᠎ᠠ ᠰᠠᠨᠠᠭ᠎ᠠ ᠶᠢ ᠴᠤ ᠨᠠᠪᠳᠠ ᠣᠢ᠌ᠯᠠᠭᠠᠵᠤ ᠴᠢᠳᠠᠬᠤ ᠶᠤᠮ᠃
ᠴᠢᠨᠠᠷᠯᠢᠭ ᠳᠦᠰᠦᠪᠯᠡᠭ᠍ᠰᠡᠨ ᠠᠰᠠᠭᠤᠯᠳᠠ ᠪᠣᠯ ᠪᠠᠠᠠᠰᠢ ᠭᠦᠮᠤᠨ ᠤ ᠵᠢᠭᠠᠬᠤ ᠮᠠᠲ᠋ᠸᠷᠢᠶᠠᠯ ᠶᠢᠡᠨ ᠰᠤᠳᠤᠯᠵᠤ᠂ ᠵᠢᠭᠠᠬᠤ ᠶᠠᠪᠣᠴᠠ ᠪᠠᠨ ᠳᠤᠭᠢᠷᠠᠭᠤᠯᠬᠤ ᠦᠵᠡᠯ ᠰᠠᠨᠠᠭᠠᠨ ᠤ ᠭᠢᠨ ᠦᠷ᠎ᠡ ᠳ᠋ᠦ᠋ᠩ ᠪᠣᠯᠤᠨ᠎ᠠ᠃ ᠠᠮᠠᠨ ᠤ ᠠᠶ᠎ᠠ ᠪᠠᠷ ᠠᠰᠠᠭᠤᠯᠳᠠ ᠳᠤᠷᠠᠳᠬᠤ ᠨᠢ ᠣᠠᠠᠳᠤᠬᠠᠨ ᠴᠤ ᠯᠤᠭᠢᠭ ᠬᠠᠷᠢᠴᠠᠭ᠎ᠠ ᠦᠭᠡᠶ ᠮᠥᠷᠳᠡᠭᠡᠨ ᠰᠡᠩᠭᠡᠷᠡᠭᠦᠯᠭᠦ ᠥᠷᠳᠡᠭ᠌ ᠦᠭᠡᠶ ᠪᠠᠢ᠌ᠳᠠᠭ᠃
ᠠᠰᠠᠭᠤᠯᠳᠠ ᠳᠦᠰᠦᠪᠯᠡᠭᠦ ᠳᠤ ᠪᠠᠨ ᠡᠷᠭᠡᠪᠰᠢ 《ᠭᠤᠤᠯ ᠠᠰᠠᠭᠤᠯᠳᠠ》 ᠵᠢ ᠨᠠᠷᠢᠯᠢᠭ ᠲᠦᠰᠤᠪᠯᠠᠵᠤ᠂ ᠨᠢᠭᠡ ᠯᠠ ᠠᠰᠠᠭᠤᠯᠳᠠ ᠪᠠᠷ ᠰᠡᠭᠡᠭᠡᠷᠡᠭᠦᠯᠵᠤ ᠳᠡᠢ᠌ᠯᠭᠦ ᠭᠡᠮᠵᠢᠶ᠎ᠡ ᠳᠤ ᠴᠠᠭᠠᠰᠢᠳᠠ ᠭᠦᠡᠵᠡᠭᠡᠢ᠌ᠷᠡᠭᠦ ᠭᠡᠷᠡᠭ᠍ᠳᠡᠢ᠃ 《ᠭᠤᠤᠯ ᠠᠰᠠᠭᠤᠯᠳᠠ》 ᠭᠡᠳᠡᠭ᠌ ᠨᠢ ᠨᠢᠭᠡ ᠰᠢᠵᠢᠮ ᠢ ᠳᠠᠳᠠᠪᠠᠯ ᠪᠦᠭᠦ ᠦᠶ᠎ᠡ ᠨᠢ ᠭᠦᠳᠡᠯᠭᠦ ᠠᠰᠠᠭᠤᠯᠳᠠ ᠶᠢ ᠵᠢᠭᠠᠵᠤ ᠪᠠᠢ᠌ᠨ᠎ᠠ᠃ ᠳᠤᠤᠷ᠎ᠠ ᠪᠢ ᠭᠤᠤᠯ ᠠᠰᠠᠭᠤᠯᠳᠠ ᠶᠢᠨ ᠳᠤᠭᠤᠷᠢᠨ ᠳᠤ ᠭᠡᠷᠭᠢᠨ ᠰᠠᠯᠪᠣᠷᠢ ᠠᠰᠠᠭᠤᠯᠳᠠ ᠨᠤᠭᠤᠳ ᠢ ᠳᠤᠷᠠᠳᠤᠨ ᠭᠠᠷᠭᠠᠬᠤ ᠳᠤᠬᠠᠢ ᠵᠢᠱᠢᠶ᠎ᠠ ᠲᠡᠶ ᠶᠠᠷᠢᠶ᠎ᠠ᠃
(1) 《ᠨᠠᠢ᠌ᠵᠠ》 ᠭᠡᠭᠦ ᠭᠢᠴᠢᠶᠠᠯ ᠳᠤ ᠶᠠᠮᠠᠷ ᠣᠴᠢᠷ ᠡᠴᠡ ᠪᠣᠯᠵᠤ ᠴᠢᠮᠡᠭ᠌ ᠴᠡᠴᠡᠭ᠌ ᠢ ᠳᠤᠰᠠᠯᠠᠬᠤ ᠪᠣᠯᠪᠠ︖ (ᠴᠡᠴᠡᠭ᠌ ᠤᠨ ᠡᠵᠢ ᠨᠢ ᠡᠪᠡᠳᠴᠢᠨ ᠲᠡᠶ᠂ ᠳᠡᠭᠦᠤ ᠨᠢ ᠪᠠᠰᠠ ᠪᠦᠯᠢᠶᠡᠷᠡᠭᠡᠳ ᠳᠠᠰᠬᠠᠯ ᠶᠢᠡᠨ ᠭᠢᠵᠤ ᠠᠮᠵᠢᠠᠠᠰᠠᠨ ᠦᠭᠡᠶ ᠡᠴᠡ ᠪᠣᠯᠵᠤ ᠳᠡᠭᠦᠨ ᠢ ᠬᠠᠪᠰᠤᠷᠤᠠᠠᠰᠠᠨ)ᠪᠦᠯᠢᠶᠡᠷᠡᠭᠡᠳ ᠭᠡᠳᠡᠭ᠌ ᠨᠢ ᠶᠠᠭᠤ ᠭᠡᠰᠡᠨ ᠥᠭᠡ ᠪᠣᠢ︖ ᠳᠡᠭᠦᠤ ᠨᠢ ᠶᠠᠭᠠᠭᠢᠪᠠ︖
(2) ᠴᠢᠮᠡᠭ᠌ ᠶᠠᠮᠠᠷ ᠮᠠᠶᠢᠭ ᠶᠢᠡᠷ ᠬᠠᠪᠰᠤᠷᠪᠠ︖ (《ᠠᠯᠢ ᠪᠣᠢ᠂ ᠨᠠᠢ᠌ᠵᠠ ᠨᠢ ᠪᠣᠳᠤᠭᠠᠤᠨ ᠦᠭᠭᠦᠶ᠎ᠡ》᠃ 《ᠠᠯᠢ ᠪᠣᠢ᠂ ᠬᠠᠭᠤᠯ ᠳᠦᠷᠭᠡᠭᠡᠨ ᠬᠠᠭᠤᠯᠤᠭᠠᠴᠢ︕》 ᠭᠡᠵᠤ ᠰᠢᠪᠠᠳᠠᠭᠤᠯᠤᠨ᠎ᠠ᠃) ᠰᠢᠪᠠᠳᠠᠭᠤᠯᠤᠨ᠎ᠠ ᠭᠡᠳᠡᠭ᠌ ᠨᠢ ᠶᠠᠮᠠᠷ ᠣᠤᠠᠬ᠎ᠠ ᠲᠡᠶ ᠪᠣᠢ︖
(3) ᠰᠢᠯᠭᠠᠯᠳᠠ ᠪᠣᠯᠬᠤ ᠳᠤ ᠪᠠᠰᠠ ᠶᠠᠭᠠᠭᠢᠵᠤ ᠬᠠᠪᠰᠤᠷᠬᠤ ᠭᠡᠪᠡ︖ (《ᠴᠢᠳᠠᠬᠤ ᠪᠠᠷ ᠶᠢᠡᠨ ᠳᠤᠰᠠᠯᠠᠨ᠎ᠠ᠂ ᠮᠠᠭᠤ ᠨᠠᠢ᠌ᠵᠠ ᠳᠤ ᠪᠠᠨ ᠳᠤᠰᠠᠯᠠᠬᠤ ᠦᠭᠡᠶ ᠥᠭᠡᠷ᠎ᠡ ᠭᠡᠨ ᠳᠤ ᠳᠤᠰᠠᠯᠠᠨ᠎ᠠ ᠪᠣᠢ》 ᠭᠡᠵᠤ ᠠᠮᠠᠯᠠᠨ᠎ᠠ) ᠠᠮᠠᠯᠠᠨ᠎ᠠ ᠭᠡᠳᠡᠭ᠌ ᠨᠢ ᠶᠠᠭᠠᠭᠢᠬᠤ ᠶᠢ ᠭᠡᠯᠡᠵᠤ ᠪᠠᠢ᠌ᠬᠤ ᠪᠣᠢ︖
(4) ᠰᠢᠯᠭᠠᠯᠳᠠ ᠪᠣᠯᠬᠤ ᠳᠤ ᠴᠡᠴᠡᠭ᠌ ᠶᠠᠮᠠᠷ ᠪᠠᠢ᠌ᠳᠠᠯ ᠲᠡᠶ ᠪᠠᠢ᠌ᠪᠠ︖ ᠶᠠᠭᠠᠭᠢᠭᠠᠤᠨ︖(ᠨᠢᠳᠤ ᠨᠢ ᠪᠦᠯᠳᠡᠭᠡᠨᠡᠨ᠂ ᠬᠠᠮᠠᠷ ᠡᠴᠡ ᠨᠢ ᠭᠦᠯᠦᠰᠤ ᠪᠣᠷᠵᠠᠢ᠌ᠵᠤ᠂ ᠪᠠᠢ᠌ᠨ ᠪᠠᠢ᠌ᠨ ᠳᠤᠬᠤᠢ ᠪᠠᠷ ᠶᠢᠡᠨ ᠶᠤᠪᠣᠷᠴᠤ ᠪᠠᠢ᠌ᠪᠠ》᠂ 《ᠨᠠᠢ᠌ᠵᠠ ᠡ᠂ ᠮᠢᠨᠤ ᠭᠢ ᠶᠢ ᠳᠦᠷᠭᠡᠨ ᠪᠣᠳᠤᠭᠠᠤᠨ ᠦᠭᠭᠦᠭᠡᠴᠢ ᠭᠡᠵᠤ ᠨᠢᠳᠤ ᠪᠠᠷ ᠶᠢᠡᠨ ᠱᠠᠯᠠᠠᠠᠰᠠᠭᠠᠷ ᠪᠠᠢ᠌ᠯ᠎ᠠ᠃》) ᠭᠦᠯᠦᠰᠤ ᠪᠣᠷᠵᠠᠢ᠌ᠵᠤ ᠊᠊᠊᠊᠊᠊᠊᠊᠊᠊᠊᠊᠊᠊᠊ ᠶᠠᠮᠠᠷ ᠪᠠᠢ᠌ᠳᠠᠯ ᠢ ᠬᠠᠷᠠᠭᠤᠯᠪᠠ︖ ᠶᠠᠮᠠᠷ ᠰᠠᠨᠠᠭ᠎ᠠ ᠶᠢ ᠢᠯᠡᠳᠭᠡᠪᠡ︖ ᠶᠠᠭᠠᠭᠢᠭᠠᠤᠨ ᠳᠡᠭᠡᠪᠡ︖ ᠶᠤᠪᠣᠷᠴᠤ ᠊᠊᠊᠊᠊᠊᠊᠊᠊᠊᠊᠊᠊᠊᠊ ᠣᠤᠠᠬ᠎ᠠ ᠨᠢ︖ ᠨᠢᠳᠤ ᠪᠠᠷ ᠶᠢᠡᠨ ᠱᠠᠯᠠᠠᠠᠰᠠᠭᠠᠷ ᠊᠊᠊᠊᠊᠊᠊᠊᠊᠊᠊᠊᠊᠊᠊ ᠶᠠᠮᠠᠷ ᠪᠠᠢ᠌ᠳᠠᠯ ᠢ ᠬᠠᠷᠠᠭᠤᠯᠪᠠ︖ ᠶᠠᠮᠠᠷ ᠰᠠᠨᠠᠭ᠎ᠠ ᠲᠡᠶ ᠪᠣᠢ︖
(5) ᠴᠢᠮᠡᠭ᠌ ᠶᠠᠭᠠᠭᠢᠪᠠ︖(ᠦᠪᠡᠷ ᠤᠨ ᠶᠢᠡᠨ ᠬᠠᠭᠠᠰ ᠳᠤᠳᠠᠭᠤ ᠭᠢᠭ᠍ᠰᠡᠨ᠃ ᠡᠭᠢᠨ ᠤ ᠳᠤᠭ᠎ᠠ ᠪᠠᠨ ᠪᠣᠳᠤᠭᠠᠤᠨ ᠳᠠᠪᠳᠠᠷ ᠤᠨ ᠶᠢᠡᠨ ᠳᠤᠤᠭᠤᠷ ᠭᠤᠯᠭᠤᠭᠤᠯᠤᠠᠠᠰᠠᠨ ᠳᠤ ᠪᠠᠠᠠᠰᠢ ᠬᠠᠷᠠᠭᠰᠠᠨ᠂ 《ᠶᠤᠰᠤᠳᠠᠢ ᠥᠭᠡᠭᠦ ᠴᠤ ᠪᠢᠰᠢ᠂ ᠪᠣᠯᠴᠢᠷᠬᠠᠢ ᠴᠤ ᠪᠢᠰᠢ》 ᠭᠡᠭ᠍ᠴᠢ ᠪᠣᠯᠬᠤ ᠨᠢ ᠡ) ᠭᠤᠯᠭᠤᠭᠤᠯᠤᠠᠠᠰᠠᠨ ᠊᠊᠊᠊᠊᠊᠊᠊᠊᠊᠊᠊᠊᠊᠊ ᠶᠠᠭᠠᠭᠢᠬᠤ ᠶᠢ ᠭᠡᠯᠡᠪᠡ︖ 《ᠥᠭᠡᠭᠦ ᠴᠤ ᠪᠢᠰᠢ᠂ ᠪᠣᠯᠴᠢᠷᠬᠠᠢ ᠴᠤ ᠪᠢᠰᠢ》 ᠭᠡᠳᠡᠭ᠌ ᠨᠢ ᠶᠠᠮᠠᠷ ᠣᠤᠠᠬ᠎ᠠ ᠲᠡᠶ ᠪᠣᠢ︖
(6) ᠪᠠᠠᠠᠰᠢ ᠨᠢ ᠶᠠᠭᠤ ᠭᠡᠪᠡ︖ (《ᠡᠨᠡ ᠴᠢᠨᠢ ᠳᠤᠰᠠᠯᠠᠵᠤ ᠪᠠᠢ᠌ᠭ᠎ᠠ ᠪᠢᠰᠢ ᠣᠰᠤᠯᠠᠵᠤ ᠪᠠᠢ᠌ᠭ᠎ᠠ ᠭᠡᠷᠡᠭ᠌》) ᠭᠡᠰᠡᠨ᠃
(7) ᠬᠤᠶᠠᠷ ᠨᠠᠢ᠌ᠵᠠ ᠶᠠᠭᠠᠭᠢᠪᠠ︖(ᠢᠴᠢᠭ᠍ᠰᠡᠨ) ᠴᠢᠮᠡᠭ᠌ ᠶᠠᠭᠤᠨ ᠳᠤ ᠢᠴᠢᠪᠠ︖ ᠴᠡᠴᠡᠭ᠌ ᠶᠠᠭᠤᠨ ᠳᠤ ᠢᠴᠢᠪᠠ︖
(8) ᠴᠢᠮᠡᠭ᠌ ᠶᠠᠭᠠᠭᠢᠭᠠᠤᠨ ᠨᠠᠢ᠌ᠵᠠ ᠳᠤ ᠪᠠᠨ ᠭᠤᠮᠤᠳᠠᠮᠠᠷ ᠪᠣᠯᠤᠠᠠᠰᠠᠨ ᠪᠣᠯᠪᠠᠴᠤ ᠭᠤᠮᠤᠳᠠᠵᠤ ᠴᠢᠳᠠᠠᠠᠰᠠᠨ ᠦᠭᠡᠶ ᠪᠣᠢ︖
ᠡᠨᠡ ᠮᠠᠳᠤ ᠠᠰᠠᠭᠤᠯᠳᠠ ᠪᠠ ᠶᠠᠷᠢᠯᠴᠠᠭ᠎ᠠ ᠪᠠᠷ ᠳᠠᠮᠵᠢᠪᠠᠯ ᠭᠦᠡᠳᠤ ᠥᠭᠡᠰ ᠢ ᠣᠢ᠌ᠯᠠᠭᠠᠵᠤ ᠮᠡᠳᠡᠭᠦ ᠪᠠᠷ ᠪᠠᠷᠠᠬᠤ ᠦᠭᠡᠶ᠂ ᠭᠦᠡᠳᠤ ᠥᠭᠡᠰ ᠤᠨ ᠭᠢᠴᠢᠶᠠᠯ ᠳᠤ ᠭᠡᠷᠡᠭᠯᠡᠭ᠍ᠳᠡᠭ᠍ᠰᠡᠨ ᠰᠠᠨᠠᠭ᠎ᠠ ᠡᠴᠡ ᠴᠤ ᠭᠢᠴᠢᠶᠠᠯ ᠤᠨ ᠠᠭᠤᠯᠭ᠎ᠠ ᠶᠢ ᠣᠢ᠌ᠯᠠᠭᠠᠵᠤ ᠳᠡᠢ᠌ᠯᠭᠦ ᠶᠤᠮ᠃ ᠥᠭᠡᠷ᠎ᠡ ᠪᠠᠷ ᠭᠡᠯᠡᠪᠠᠯ ᠵᠤᠬᠢᠶᠠᠯ ᠤᠨ ᠳᠡᠭᠦᠰᠭᠡᠯ ᠤᠨ ᠦᠷ᠎ᠡ ᠳ᠋ᠦ᠋ᠩ ᠨᠢ ᠶᠠᠮᠠᠷ ᠪᠣᠯᠤᠠᠠᠰᠠᠨ ᠳᠤᠬᠠᠢ ᠰᠤᠷᠤᠠᠠᠴᠢᠳ ᠠᠮᠠᠷᠬᠠᠨ ᠣᠢ᠌ᠯᠠᠭᠠᠯᠳᠠ ᠣᠯᠤᠨ᠎ᠠ᠃ ᠳᠠᠷᠤᠢ ᠴᠢᠮᠡᠭ᠌ ᠨᠠᠢ᠌ᠵᠠ ᠪᠠᠨ ᠪᠣᠷᠤᠭᠤ ᠳᠤᠰᠠᠯᠠᠠᠠᠰᠠᠨ ᠡᠴᠡ ᠡᠢ᠌ᠮᠤ ᠦᠨᠡᠯᠠᠯᠳᠠ ᠣᠯᠤᠠᠠᠰᠠᠨ᠃ ᠴᠡᠴᠡᠭ᠌ ᠪᠣᠰᠤᠳ ᠲᠤ ᠳᠦᠰᠢᠭᠯᠡᠭ᠍ᠰᠡᠨ ᠡᠴᠡ ᠡᠢ᠌ᠮᠤ ᠦᠷ᠎ᠡ ᠳ᠋ᠦ᠋ᠩ ᠭᠠᠷᠤᠠᠠᠰᠠᠨ ᠢ ᠳᠤᠳᠤᠷᠬᠠᠢ ᠣᠯᠵᠤ ᠬᠠᠷᠠᠨ᠎ᠠ᠃
ᠳᠠᠭᠢᠪᠠᠯ᠂ ᠽᠤᠶᠠ ᠪᠣᠯᠤᠨ ᠴᠡᠴᠡᠭ᠌ ᠤᠨ ᠳᠦᠷᠢ ᠶᠢ ᠬᠠᠷᠢᠴᠠᠭᠤᠯᠤᠨ ᠠᠳᠠᠯᠢᠤᠠᠬᠠᠪᠠᠯ᠄ ᠪᠢᠳᠠ ᠳᠤᠰ ᠬᠤᠶᠠᠷ ᠵᠤᠬᠢᠶᠠᠯ ᠤᠨ ᠪᠠᠭᠠᠳᠤᠷ ᠤᠨ ᠵᠠᠩ ᠴᠢᠨᠠᠷ ᠤᠨ ᠦᠨᠳᠦᠰᠦᠨ ᠢᠯᠭᠠᠭ᠎ᠠ ᠶᠢ ᠮᠡᠳᠡᠴᠢᠭᠡᠭᠦ ᠶᠤᠮ᠃ ᠽᠤᠶᠠ ᠦᠪᠡᠷ ᠤᠨ ᠪᠠᠶ᠎ᠠ ᠪᠠᠨ ᠳᠠᠭᠠᠭᠠᠵᠤ ᠬᠠᠳᠠᠭᠤᠵᠢᠯᠳᠠᠢ ᠴᠢᠷᠮᠠᠢ᠌ᠳᠠᠭ ᠡᠴᠡ 《ᠪᠠᠰᠠ》 ᠳᠠᠪᠤᠨ ᠬᠤᠪᠢ ᠣᠯᠤᠠᠠᠰᠠᠨ᠂ ᠴᠡᠴᠡᠭ᠌ ᠪᠣᠰᠤᠳ ᠤᠨ ᠭᠢ ᠶᠢ ᠬᠠᠭᠤᠯᠳᠠᠭ ᠡᠴᠡ ᠭᠡᠵᠢᠶ᠎ᠡ ᠴᠤ ᠠᠪᠣᠭ᠎ᠠ ᠦᠭᠡᠶ 《ᠰᠠᠢ᠌ᠨ》 ᠭᠡᠭᠦ ᠳ᠋ᠦ᠋ᠩ ᠢ ᠠᠪᠣᠠᠠᠰᠠᠨ ᠵᠡᠷᠭᠡ ᠵᠦᠷᠢᠶ᠎ᠠ ᠡᠴᠡ ᠳᠤᠰ ᠬᠤᠶᠠᠷ ᠤᠨ ᠭᠦᠮᠦᠵᠢᠯ ᠤᠨ ᠣᠤᠠᠬ᠎ᠠ ᠶᠢ ᠨᠠᠪᠳᠠ ᠣᠢ᠌ᠯᠠᠭᠠᠵᠤ ᠪᠣᠯᠤᠨ᠎ᠠ᠃
ᠳᠦᠷᠪᠡ᠂ ᠰᠤᠷᠤᠠᠠᠰᠠᠨ ᠭᠢᠴᠢᠶᠠᠯ ᠶᠢᠡᠨ ᠳ᠋ᠦ᠋ᠩᠨᠠᠵᠤ ᠣᠯᠤᠯᠳᠠ ᠳᠦᠷᠦᠭ᠍ᠳᠡᠯ ᠶᠢᠡᠨ ᠶᠠᠷᠢᠵᠤ ᠢᠯᠡᠳᠭᠡᠵᠤ ᠴᠢᠳᠠᠬᠤ ᠨᠢ ᠵᠤᠬᠢᠶᠠᠨ ᠪᠢᠴᠢᠭᠦ ᠴᠢᠳᠠᠪᠣᠷᠢ ᠶᠢ ᠳᠡᠭᠡᠭ᠍ᠰᠢᠯᠡᠭᠦᠯᠭᠦ ᠪᠠᠷ ᠪᠠᠷᠠᠬᠤ ᠦᠭᠡᠶ᠂ ᠪᠠᠰᠠ ᠠᠰᠠᠭᠤᠳᠠᠯ ᠢ ᠢᠯᠡᠷᠡᠭᠦᠯᠭᠦ ᠪᠠ ᠰᠢᠠᠵᠢᠨ ᠵᠠᠳᠠᠯᠬᠤ ᠴᠢᠳᠠᠪᠣᠷᠢ ᠶᠢ ᠴᠤ ᠳᠡᠭᠡᠭ᠍ᠰᠢᠯᠡᠭᠦᠯᠭᠦ ᠳᠤ ᠲᠤᠩ ᠠᠰᠢᠠᠠᠳᠠᠢ ᠪᠠᠢ᠌ᠳᠠᠭ᠃ ᠰᠤᠷᠤᠠᠠᠴᠢᠳ ᠶᠠᠮᠠᠷ ᠴᠤ ᠭᠢᠴᠢᠶᠠᠯ ᠢ ᠰᠤᠷᠤᠠᠠᠰᠠᠨ ᠴᠤ ᠪᠦᠷ ᠦᠪᠡᠷ ᠤᠨ ᠣᠯᠤᠯᠳᠠ ᠳᠦᠷᠦᠭ᠍ᠳᠡᠯ ᠲᠡᠶ ᠪᠠᠢ᠌ᠳᠠᠭ᠃ ᠡᠢ᠌ᠮᠤ ᠡᠴᠡ ᠭᠢᠴᠢᠶᠠᠯ ᠶᠢᠡᠨ ᠰᠤᠷᠴᠤ ᠪᠠᠷᠠᠠᠠᠰᠠᠨ ᠤ ᠳᠠᠷᠠᠭ᠎ᠠ᠂ ᠪᠠᠠᠠᠰᠢ ᠡᠴᠡ ᠳᠤᠰ ᠭᠢᠴᠢᠶᠠᠯ ᠡᠴᠡ ᠶᠠᠮᠠᠷ ᠶᠤᠰᠤ ᠣᠴᠢᠷ ᠢ ᠣᠯᠵᠤ ᠮᠠᠳᠠᠪᠠ︖ ᠠᠯᠢ ᠨᠢᠭᠡ ᠭᠡᠰᠡᠭ᠌ ᠪᠠᠳᠠᠭ ᠢ ᠳᠤᠭᠤᠵᠤ ᠪᠠᠬᠠᠷᠬᠠᠪᠠ︖ ᠶᠠᠭᠠᠭᠢᠭᠠᠤᠨ ᠳᠤᠭᠤᠪᠠ︖ ᠭᠡᠭᠦ ᠮᠠᠳᠤ ᠪᠠᠷ ᠰᠤᠷᠤᠠᠠᠴᠢᠳ ᠶᠢᠡᠷ ᠣᠯᠤᠯᠳᠠ ᠳᠦᠷᠦᠭ᠍ᠳᠡᠯ ᠢ ᠨᠢ ᠶᠠᠷᠢᠭᠤᠯᠬᠤ ᠪᠠ ᠦᠪᠡᠷ ᠤᠨ ᠭᠢᠨ ᠬᠠᠮᠤᠭ ᠡᠴᠡ ᠳᠤᠭᠤᠳᠠᠭ ᠭᠡᠰᠡᠭ᠌ ᠪᠠᠳᠠᠭ ᠢ ᠡᠷᠢᠭᠦᠯᠵᠤ᠂ ᠶᠠᠮᠠᠷ ᠣᠴᠢᠷ ᠡᠴᠡ ᠳᠤᠭᠤᠳᠠᠭ ᠭᠡᠭᠦ ᠮᠠᠳᠤ ᠪᠠᠷ ᠰᠤᠷᠤᠭᠴᠢᠳ ᠶᠢᠡᠷ ᠰᠡᠳᠭᠢᠭ᠍ᠳᠡᠯ ᠪᠠ ᠳᠤᠭᠤᠳᠠᠭ ᠰᠢᠯᠳᠠᠭᠠᠨ ᠢ ᠨᠢ ᠶᠠᠷᠢᠭᠤᠯᠵᠤ ᠳᠠᠷᠠᠭ᠎ᠠ ᠨᠢ ᠴᠡᠭᠡᠵᠢᠯᠡᠭᠦᠯᠵᠤ᠂ ᠵᠤᠬᠢᠶᠠᠨ ᠪᠢᠴᠢᠯᠭᠡ ᠳᠤ ᠪᠠᠨ ᠭᠡᠷᠡᠭᠯᠡᠭᠦ ᠪᠣᠯᠪᠠᠰᠤᠷᠠᠯ ᠭᠢᠯᠭᠡᠵᠤ ᠪᠣᠯᠤᠨ᠎ᠠ᠃ ᠣᠯᠠᠨ ᠣᠳᠠᠭ᠎ᠠ ᠡᠢ᠌ᠮᠦᠷᠭᠦᠤ ᠪᠣᠯᠪᠠᠰᠤᠷᠠᠯ ᠭᠢᠯᠭᠡᠪᠠᠯ ᠰᠤᠷᠤᠠᠠᠴᠢᠳ ᠤᠨ ᠰᠡᠳᠭᠢᠭᠦᠢ ᠶᠢ ᠭᠦᠭ᠍ᠵᠢᠭᠦᠯᠵᠤ ᠪᠣᠯᠬᠤ ᠪᠠᠷ ᠪᠠᠷᠠᠬᠤ ᠦᠭᠡᠶ᠂ ᠳᠠᠳᠠᠨ ᠢ ᠪᠣᠳᠤᠵᠤ ᠰᠡᠳᠭᠢᠭ᠍ᠰᠡᠨ ᠶᠢᠡᠨ ᠳᠡᠮᠳᠡᠭᠯᠡᠨ ᠪᠢᠴᠢᠭᠦ ᠳᠠᠳᠬᠠᠯ ᠲᠡᠶ ᠪᠣᠯᠭᠠᠵᠤ ᠴᠢᠳᠠᠨ᠎ᠠ᠃
ᠡᠢ᠌ᠮᠤ ᠡᠴᠡ ᠭᠤᠤᠯ ᠠᠰᠠᠭᠤᠯᠳᠠ ᠪᠣᠯ ᠬᠤᠷᠢᠶᠠᠩᠭ᠋ᠣᠢ᠌ᠯᠠᠵᠤ ᠪᠣᠯᠪᠠᠰᠤᠷᠠᠬᠤ ᠶᠢ ᠳᠠᠮᠵᠢᠠᠠᠰᠠᠨ᠂ ᠪᠠᠠᠠᠰᠢ ᠡᠴᠡ ᠵᠢᠭᠠᠬᠤ ᠮᠠᠲ᠋ᠸᠷᠢᠶᠠᠯ ᠶᠢᠡᠨ ᠭᠦᠡᠵᠡᠭᠡᠢ ᠰᠤᠳᠤᠯᠵᠤ ᠭᠢᠴᠢᠶᠡᠯᠯᠡᠭᠦ ᠠᠭᠢᠴᠠ ᠪᠠᠨ ᠵᠤᠭᠢᠰᠳᠠᠢ ᠳᠦᠰᠦᠪᠯᠡᠭ᠍ᠰᠡᠨ ᠤ ᠦᠷ᠎ᠡ ᠳ᠋ᠦ᠋ᠩ ᠪᠣᠯᠬᠤ ᠣᠴᠢᠷ ᠡᠴᠡ ᠭᠢᠴᠢᠶᠠᠯ ᠢ ᠪᠦᠭᠦᠯᠢ ᠴᠤᠠᠠᠴᠠ ᠡᠴᠡ ᠨᠢ ᠣᠩᠰᠢᠨ ᠣᠢ᠌ᠯᠠᠭᠠᠬᠤ ᠵᠢᠭᠠᠨ ᠰᠤᠷᠭᠠᠬᠤ ᠶᠢᠨ ᠨᠢᠭᠡᠨ ᠴᠢᠬᠤᠯᠠ ᠠᠷᠭ᠎ᠠ ᠵᠠᠮ ᠪᠣᠯᠤᠨ᠎ᠠ᠃
《ᠭᠤᠤᠯ ᠠᠰᠠᠭᠤᠯᠳᠠ》 ᠳᠤ ᠳᠠᠳᠠᠬᠤ ᠭᠦᠴᠤᠨ ᠪᠠᠢ᠌ᠳᠠᠭ᠃
ᠨᠢᠭᠡ ᠳᠤ᠂ ᠨᠢᠭᠡ ᠰᠢᠵᠢᠮ ᠶᠢᠡᠷ ᠭᠡᠯᠭᠢᠭᠦ ᠣᠢ᠌ᠯᠠᠳᠤᠯ ᠲᠡᠶ ᠳᠤᠯᠠ ᠭᠢᠴᠢᠶᠠᠯ ᠢ ᠣᠢ᠌ᠯᠠᠭᠠᠵᠤ ᠠᠮᠳᠠᠷᠠᠬᠠᠬᠤ ᠳᠤ ᠳᠤᠰᠠᠯᠠᠨ᠎ᠠ᠃ ᠬᠤᠶᠠᠷ ᠲᠤ᠂ ᠭᠢᠴᠢᠶᠡᠯᠯᠡᠭᠡ ᠶᠢ ᠭᠦᠡᠵᠡᠭᠡᠢ᠌ᠷᠡᠭᠦᠯᠤᠨ ᠭᠠᠯ ᠵᠤᠯᠭᠠᠭᠤᠯᠤᠠᠠᠴᠢ ᠪᠠ ᠨᠠᠭᠠᠯᠳᠠ ᠰᠢᠭ ᠪᠠᠢ᠌ᠵᠤ᠂ ᠨᠢᠭᠡ ᠨᠢ ᠠᠷᠪᠠ ᠲᠡᠶ ᠳᠡᠩᠴᠡᠭᠦ ᠣᠷᠠᠯᠢᠭ ᠤᠨ ᠭᠦᠴᠤᠨ ᠲᠡᠶ ᠪᠠᠢ᠌ᠳᠠᠭ᠃ ᠣᠷᠠᠯᠢᠭ ᠤᠨ ᠭᠦᠴᠤᠨ ᠨᠢ ᠬᠠᠮᠢᠭ᠎ᠠ ᠳᠦᠪᠯᠡᠷᠡᠳᠡᠭ᠌ ᠪᠣᠢ ᠭᠡᠪᠠᠯ᠂ ᠭᠢᠴᠢᠶᠠᠯ ᠢ ᠪᠦᠭᠦᠯᠢ ᠴᠤᠠᠠᠴᠠ ᠡᠴᠡ ᠨᠢ ᠣᠢ᠌ᠯᠭᠠᠭᠤᠯᠬᠤ ᠵᠢᠭᠠᠨ ᠰᠤᠷᠭᠠᠯᠳᠠ ᠳᠤ ᠠᠰᠢᠠᠠᠳᠠᠢ᠃ ᠰᠤᠷᠤᠠᠠᠴᠢ ᠶᠢᠨ 《ᠪᠠᠶ᠎ᠠ ᠪᠠᠨ ᠳᠠᠭᠠᠭᠠᠵᠤ ᠣᠩᠰᠢᠬᠤ ᠴᠢᠳᠠᠪᠣᠷᠢ ᠶᠢ ᠭᠦᠮᠦᠵᠢᠭᠦᠯᠭᠦ》 ᠵᠡᠷᠭᠡ ᠳᠤ ᠠᠰᠢᠠᠠᠳᠠᠢ ᠪᠠᠢ᠌ᠳᠠᠭ᠃
ᠳᠠᠢ᠌ᠮᠤ ᠡᠴᠡ ᠪᠠᠠᠠᠰᠢ ᠪᠣᠯᠤᠠᠠᠰᠠᠤᠨ ᠰᠤᠷᠤᠠᠠᠴᠢᠳ ᠶᠢᠡᠨ ᠪᠦᠭᠦ ᠳᠠᠯ᠎ᠠ ᠪᠠᠷ ᠭᠦᠮᠦᠵᠢᠭᠦᠯᠵᠤ᠂ ᠳᠠᠳᠠᠨ ᠢ ᠥᠷᠭᠡᠨ ᠳᠡᠯᠭᠡᠷ ᠮᠡᠳᠡᠯᠭᠡ ᠲᠡᠶ ᠭᠦᠮᠤᠨ ᠪᠣᠯᠭᠠᠬᠤ ᠡᠭᠦᠳᠡᠨ ᠡᠴᠡ ᠵᠢᠭᠠᠬᠤ᠂ ᠰᠤᠷᠤᠯᠴᠠᠭᠤᠯᠬᠤ ᠠᠷᠭ᠎ᠠ ᠪᠠᠷᠢᠯ ᠶᠢᠡᠨ ᠴᠢᠨᠠᠷᠯᠢᠭ ᠰᠤᠩᠭ᠋ᠤᠵᠤ ᠠᠮᠢᠳᠤᠯᠢᠭ ᠥᠢᠯᠡᠳᠦᠯᠭᠡᠵᠢᠭᠦᠯᠤᠨ᠂ ᠴᠠᠭᠠᠰᠢᠳᠠ ᠨᠢᠠᠠᠳᠠᠯᠠᠵᠤ ᠰᠤᠳᠤᠯᠤᠨ ᠰᠥᠪᠠᠭ᠍ᠴᠢᠯᠡᠶᠡ︕
ᠰᠢᠯᠢ ᠶᠢᠨ ᠭᠤᠤᠯ ᠠᠢ᠌ᠮᠠᠭ ᠤᠨ ᠪᠠᠷᠠᠭᠤᠨ ᠦᠵᠦᠮᠤᠴᠢᠨ ᠬᠤᠰᠢᠭᠤᠨ ᠤ ᠮᠤᠩᠭ᠋ᠤᠯ ᠨᠢᠭᠡᠳᠦᠭᠡᠷ ᠪᠠᠭ᠎ᠠ ᠰᠤᠷᠭᠠᠭᠤᠯᠢ
ᠵᠤᠬᠢᠶᠠᠭᠴᠢ᠄ ᠰᠤᠳᠤᠭᠤᠸᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 4800
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ