ᠨᠡᠪᠲᠡᠷᠡᠨ ᠤᠷᠤᠬᠤ
ᠭᠡᠯᠡ ᠪᠢᠴᠢᠭ᠌ ᠤᠨ ᠶᠡᠷᠦᠩᠭᠡᠢ᠌ᠯᠡᠭ᠍ᠰᠡᠨ ᠥᠢᠯᠡᠳᠦᠯᠭᠡ ᠭᠦᠳᠡᠯᠪᠦᠷᠢ ᠶᠢᠨ ᠭᠢᠴᠢᠶᠠᠯ ᠢ ᠭᠡᠷᠭᠢᠨ ᠭᠡᠷᠡᠭ᠍ᠵᠢᠭᠦᠯᠭᠦ ᠳᠤᠬᠠᠢ ᠦᠪᠡᠷ ᠤᠨ ᠳᠠᠨᠢᠯᠳᠠ

ᠣᠳᠤᠬᠠᠨ ᠤ ᠰᠤᠷᠠᠭ ᠵᠠᠩᠭᠢᠴᠢᠯᠠᠭᠰᠠᠨ ᠨᠡᠢ᠌ᠭᠡᠮ ᠳᠤ ᠰᠤᠷᠤᠭᠴᠢᠳ ᠭᠡᠷᠪᠡ ᠵᠥᠪᠭᠡᠨ ᠭᠦᠳᠡᠯᠦᠩᠭᠦᠢ ᠪᠣᠰᠤ ᠪᠠᠷ ᠭᠦᠯᠢᠶᠡᠨ ᠠᠪᠬᠤ ᠪᠠᠷ ᠰᠤᠷᠤᠯᠴᠠᠳᠠᠭ ᠪᠣᠯ ᠵᠥᠪᠭᠡᠨ ᠳᠤᠩ ᠭᠢᠵᠠᠭᠠᠷᠳᠠᠢ ᠮᠡᠳᠡᠯᠭᠡ ᠡᠵᠡᠮᠰᠢᠨ ᠬᠣᠢ᠌ᠰᠢᠳᠠ ᠶᠢᠨ ᠠᠮᠢᠳᠤᠷᠠᠯ ᠠᠵᠯ ᠳᠤᠮᠳᠠ ᠱᠠᠭᠠᠷᠳᠠᠬᠤ ᠪᠦᠭᠦ ᠮᠡᠳᠡᠯᠭᠡ ᠶᠢ ᠡᠵᠡᠮᠰᠢᠵᠤ ᠳᠡᠢ᠌ᠯᠭᠦ ᠶᠢᠨ ᠠᠷᠭ᠎ᠠ ᠦᠭᠡᠶ᠂ ᠡᠢ᠌ᠮᠤ ᠡᠴᠡ ᠵᠠᠪᠠᠯ ᠰᠤᠷᠤᠭᠴᠢᠳ ᠤᠨ ᠰᠤᠷᠤᠯᠴᠠᠬᠤ ᠴᠢᠳᠠᠪᠣᠷᠢ ᠶᠢ ᠭᠦᠮᠦᠵᠢᠭᠦᠯᠤᠨ ᠰᠤᠷᠴᠤ ᠴᠢᠳᠠᠭᠤᠯᠤᠨ᠂ ᠦᠪᠡᠷ ᠢ ᠪᠠᠨ ᠢᠯᠡᠷᠡᠭᠦᠯᠵᠤ᠂ ᠪᠣᠰᠤᠳ ᠲᠡᠶ ᠬᠠᠷᠢᠯᠴᠠᠵᠤ ᠴᠢᠳᠠᠬᠤ ᠴᠢᠳᠠᠪᠣᠷᠢ ᠲᠡᠶ ᠪᠣᠯᠭᠠᠨ ᠭᠦᠮᠦᠵᠢᠭᠦᠯᠭᠦ ᠶᠢ ᠱᠠᠭᠠᠷᠳᠠᠵᠤ ᠪᠣᠢ᠃

ᠶᠡᠷᠦᠩᠭᠡᠢ᠌ᠯᠡᠭ᠍ᠰᠡᠨ ᠥᠢᠯᠡᠳᠦᠯᠭᠡ ᠭᠦᠳᠡᠯᠪᠦᠷᠢ ᠶᠢᠨ ᠭᠢᠴᠢᠶᠠᠯ ᠨᠢ ᠭᠢᠴᠢᠶᠠᠯ ᠳᠦᠷᠤᠯ ᠤᠨ ᠮᠡᠳᠡᠯᠭᠡ ᠶᠢᠨ ᠬᠤᠭᠤᠷᠤᠠᠳᠤᠭᠢ ᠰᠠᠯᠤᠩᠭᠢᠷᠠᠭᠰᠠᠨ ᠭᠡᠯᠪᠠᠷᠢ ᠶᠢ ᠡᠪᠳᠡᠵᠤ᠂ ᠠᠳᠠᠯᠢ ᠪᠣᠰᠤ ᠭᠢᠴᠢᠶᠠᠯ ᠳᠦᠷᠤᠯ ᠤᠨ ᠮᠡᠳᠡᠯᠭᠡ ᠶᠢᠨ ᠬᠤᠯᠪᠣᠭᠳᠠᠯ ᠢ ᠴᠢᠩᠭ᠋ᠠᠳᠬᠠᠵᠤ᠂ ᠰᠤᠷᠤᠭᠴᠢᠳ ᠪᠦᠭᠦᠯᠢ ᠴᠤᠭᠴᠠ ᠶᠢᠨ ᠬᠠᠷᠢᠨ ᠭᠡᠰᠡᠭ᠌ ᠪᠣᠰᠠᠭ ᠪᠢᠰᠢ ᠮᠡᠳᠡᠯᠭᠡ ᠶᠢ ᠣᠯᠵᠤ ᠭᠦᠷᠳᠡᠭᠡᠭᠦ ᠪᠦᠭ᠍ᠡᠳ ᠭᠢᠴᠢᠶᠠᠯ ᠪᠣᠯᠤᠨ ᠰᠤᠷᠤᠭᠴᠢᠳ ᠤᠨ ᠳᠤᠷᠰᠢᠯᠭ᠎ᠠ ᠶᠢᠨ ᠬᠤᠯᠪᠣᠭᠳᠠᠯ ᠢ ᠴᠢᠩᠭ᠋ᠠᠳᠬᠠᠪᠠ᠃ ᠡᠨᠡ ᠮᠠ‍ᠶᠢᠭ ᠤᠨ ᠭᠢᠴᠢᠶᠠᠯ ᠤᠨ ᠭᠡᠯᠪᠠᠷᠢ ᠨᠢ ᠦᠷᠦᠭᠡᠰᠦᠯ᠂ ᠭᠦᠳᠡᠯᠦᠩᠭᠦᠢ ᠪᠣᠰᠤ ᠭᠦᠯᠢᠶᠡᠨ ᠠᠪᠬᠤ ᠰᠤᠷᠤᠯᠴᠠᠬᠤ ᠭᠡᠯᠪᠠᠷᠢ ᠶᠢ ᠱᠠᠭᠠᠷᠳᠠᠨ ᠰᠤᠷᠤᠭᠴᠢᠳ ᠤᠨ ᠰᠤᠷᠤᠯᠴᠬᠤ ᠳᠤ ᠪᠠᠶ᠎ᠠ ᠪᠠᠨ ᠳᠠᠭᠠᠭᠠᠭᠰᠠᠨ ᠴᠢᠨᠠᠷ ᠰᠠᠨᠠᠭᠠᠴᠢᠯᠭᠠᠳᠤ ᠴᠢᠨᠠᠷ ᠢ ᠪᠠᠳᠠᠷᠠᠭᠤᠯᠵᠤ᠂ ᠡᠵᠡᠮᠰᠢᠭ᠍ᠰᠡᠨ ᠮᠡᠳᠡᠯᠭᠡ ᠪᠠᠨ ᠢᠳᠠᠪᠭᠢᠳᠠᠢ ᠪᠠᠷ ᠦᠪᠡᠷ ᠤᠨ ᠳᠤᠷᠰᠢᠯᠭ᠎ᠠ ᠲᠡᠶ ᠪᠠᠨ ᠬᠤᠯᠪᠣᠵᠤ᠂ ᠮᠡᠳᠡᠯᠭᠡ ᠳᠤᠷᠰᠢᠯᠭ᠎ᠠ ᠶᠢᠨ ᠰᠢᠯᠵᠢᠯᠳᠠ ᠶᠢ ᠪᠠᠶᠡᠯᠡᠭᠦᠯᠦᠨ᠎ᠡ᠃ ᠶᠡᠷᠦᠩᠭᠡᠢ᠌ᠯᠡᠭ᠍ᠰᠡᠨ ᠥᠢᠯᠡᠳᠦᠯᠭᠡ ᠭᠦᠳᠡᠯᠪᠦᠷᠢ ᠶᠢᠨ ᠭᠢᠴᠢᠶᠠᠯ ᠪᠣᠯ ᠰᠤᠷᠤᠭᠴᠢᠳ ᠤᠨ ᠰᠢᠭᠤᠳ ᠳᠤᠷᠰᠢᠯᠭ᠎ᠠ ᠳᠤ ᠰᠠᠭᠤᠷᠢᠯᠠᠵᠤ᠂ ᠰᠤᠷᠤᠭᠴᠢᠳ ᠤᠨ ᠪᠠᠶ᠎ᠠ ᠪᠠᠷ ᠶᠢᠡᠨ ᠥᠩᠭᠡᠷᠡᠭᠦᠯᠭᠦ ᠶᠢ ᠴᠢᠬᠤᠯᠠᠴᠢᠯᠠᠨ ᠰᠤᠷᠤᠭᠴᠢᠳ ᠤᠨ ᠢᠳᠠᠪᠭᠢᠳᠠᠢ ᠪᠠᠷ ᠡᠯ᠎ᠡ ᠭᠦᠳᠡᠯᠭᠡᠭᠡᠨ ᠳᠤ ᠣᠷᠤᠯᠴᠬᠤ ᠶᠢ ᠱᠠᠭᠠᠷᠳᠠᠵᠤ ᠭᠢᠭᠦ ᠪᠠᠢ᠌ᠴᠠᠭᠠᠬᠤ ᠳᠤᠷᠰᠢᠬᠤ ᠰᠥᠪᠠᠭ᠍ᠴᠢᠯᠠᠭᠦ ᠵᠡᠷᠭᠡ ᠣᠯᠠᠨ ᠭᠦᠳᠡᠯᠭᠡᠭᠡᠨ ᠤ ᠳᠤᠮᠳᠠ ᠠᠰᠠᠭᠤᠳᠠᠯ ᠢ ᠢᠯᠡᠷᠡᠭᠦᠯᠵᠤ᠂ ᠠᠰᠠᠭᠤᠳᠠᠯ ᠢ ᠰᠢ᠌ᠳᠪᠣᠷᠢᠯᠡᠵᠤ᠂ ᠠᠮᠢᠳᠤᠷᠠᠯ ᠢ ᠪᠠᠶᠠᠴᠢᠯᠠᠨ ᠣᠬᠠᠭᠠᠵᠤ ᠣᠢ᠌ᠯᠭᠠᠨ ᠮᠠᠳᠠᠷᠠᠵᠤ᠂ ᠥᠢᠯᠡᠳᠦᠯᠭᠡ ᠶᠢᠨ ᠴᠢᠳᠠᠪᠣᠷᠢ ᠪᠠ ᠰᠢᠨ᠎ᠠ ᠶᠢ ᠡᠭᠦᠳᠭᠦ ᠴᠢᠳᠠᠪᠣᠷᠢ ᠶᠢ ᠨᠢ ᠭᠦᠭ᠍ᠵᠢᠭᠦᠯᠦᠨ᠎ᠡ᠃ ᠡᠨᠡ ᠨᠢ ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ ᠡᠭᠢᠯᠡᠨ ᠳᠡᠭᠡᠳᠤ ᠳᠤᠮᠳᠠᠳᠤ ᠶᠢᠨ ᠨᠢᠭᠡᠳᠦᠭᠡᠷ ᠣᠨ ᠭᠦᠷᠳᠡᠯ᠎ᠡ ᠨᠡᠭᠡᠭᠡᠭ᠍ᠰᠡᠨ ᠵᠠᠪᠯ ᠰᠤᠷᠬᠤ ᠭᠢᠴᠢᠶᠠᠯ ᠮᠦᠨ᠃ ᠮᠢᠨᠤ ᠥᠵᠡᠭᠦ ᠪᠠᠷ ᠡᠨᠡᠭᠦ ᠭᠢᠴᠢᠶᠠᠯ ᠢ ᠳᠤᠤᠷ᠎ᠠ ᠣᠨ ᠡᠴᠡ ᠡᠭᠢᠯᠡᠨ ᠰᠤᠷᠤᠭᠴᠢ ᠶᠢᠨ ᠪᠣᠳᠠᠳᠤ ᠪᠠᠢ᠌ᠳᠠᠯ ᠲᠡᠶ ᠪᠠᠨ ᠣᠶᠠᠯᠳᠤᠭᠤᠯᠤᠨ ᠵᠢᠭᠠᠬᠤ ᠮᠠᠲ᠋ᠸᠷᠢᠶᠠᠯ ᠲᠡᠶ ᠬᠤᠯᠪᠣᠭᠳᠠᠭᠤᠯᠵᠤ ᠰᠤᠷᠤᠭᠴᠢᠳ ᠤᠨ ᠰᠤᠷᠬᠤ ᠢᠳᠠᠪᠭᠢᠵᠢᠯ ᠢ ᠳᠠᠢ᠌ᠴᠢᠯᠠᠵᠤ ᠰᠤᠷᠬᠤ ᠪᠠᠬ᠎ᠠ ᠶᠢ ᠨᠢ ᠭᠦᠭ᠍ᠵᠢᠭᠡᠵᠤ ᠪᠣᠯᠤᠨ᠎ᠠ᠃

ᠨᠢᠭᠡ᠂ ᠳᠤᠤᠷ᠎ᠠ ᠣᠨ ᠳᠤ ᠳᠤᠭᠯᠠᠯᠳᠠ ᠪᠠᠷ ᠭᠤᠤᠯ ᠠᠷᠭ᠎ᠠ ᠭᠡᠯᠪᠠᠷᠢ ᠪᠠᠨ ᠪᠣᠯᠭᠠᠨ᠎ᠠ᠃ ᠳᠠᠩ ᠥᠭᠡᠰ ᠤᠨ ᠰᠤᠷᠭᠠᠯᠳᠠ ᠳᠤᠮᠳᠠ ᠥᠵᠡᠭᠦᠯᠤᠨ ᠳᠠᠨᠢᠭᠤᠯᠵᠤ᠂ ᠳᠦᠷᠢᠯᠠᠨ ᠥᠵᠡᠭᠦᠯᠵᠤ᠂ ᠭᠦᠳᠡᠯᠭᠡᠭᠡᠨ ᠬᠠᠪᠰᠤᠷᠭᠠᠵᠤ ᠭᠦᠮᠦᠵᠢᠯ ᠭᠦᠷᠳᠡᠭᠡᠵᠤ ᠪᠣᠯᠤᠨ᠎ᠠ᠃ ᠳᠤᠤᠷ᠎ᠠ ᠣᠨ ᠤ ᠬᠡᠦᠬᠡᠳ ᠴᠤᠪᠣᠭᠤ ᠭᠦᠭᠡᠷᠦᠭᠦᠨ᠂ ᠠᠵᠢᠭᠴᠢ᠂ ᠭᠦᠳᠡᠯᠭᠦ ᠳᠤᠷ᠎ᠠ ᠲᠡᠶ ᠪᠠᠢ᠌ᠳᠠᠯ ᠳᠤ ᠳᠤᠭᠢᠷᠠᠭᠤᠯᠤᠨ ᠳᠠᠩ ᠥᠭᠡᠰ ᠵᠦᠪ ᠪᠣᠷᠤᠭᠤ᠂ ᠵᠡᠭᠦᠨ ᠪᠠᠷᠠᠭᠤᠨ᠂ ᠡᠮᠦᠨ᠎ᠡ ᠬᠣᠢ᠌ᠨ᠎ᠠ ᠵᠡᠷᠭᠡ ᠥᠭᠡᠰ ᠢ ᠰᠤᠷᠭᠠᠬᠤ ᠳᠤ ᠵᠦᠪ ᠪᠣᠷᠤᠭᠤ ᠶᠢ ᠮᠠᠭᠠᠳᠯᠠᠬᠤ ᠳᠤᠭᠯᠠᠯᠳᠠ ᠭᠢᠵᠤ ᠪᠣᠯᠤᠨ᠎ᠠ᠃ ᠵᠦᠪ ᠭᠢᠭ᠍ᠰᠡᠨ ᠪᠣᠯ ᠪᠠᠷᠠᠭᠤᠨ ᠭᠠᠷ ᠶᠢᠡᠨ ᠵᠡᠭᠦᠨ ᠮᠦᠷᠤ ᠳᠡᠭᠡᠷ᠎ᠡ ᠪᠠᠨ ᠳᠠᠯᠪᠢᠵᠤ ᠭᠡᠯᠪᠠᠷᠢ ᠲᠡᠶ ᠭᠦᠳᠡᠯᠭᠡᠭᠡᠨ ᠭᠢᠵᠤ᠂ ᠪᠣᠷᠤᠭᠤ ᠪᠣᠯ ᠬᠤᠶᠠᠷ ᠭᠠᠷ ᠶᠢᠡᠨ ᠰᠤᠯᠪᠢᠴᠠᠭᠤᠯᠤᠨ ᠭᠡᠯᠪᠠᠷᠢ ᠶᠢᠨ ᠭᠦᠳᠡᠯᠭᠡᠭᠡᠨ ᠬᠠᠪᠰᠤᠷᠭᠠᠵᠤ᠂ ᠠᠰᠠᠷ ᠤᠨ ᠱᠠᠳᠤ ᠪᠠᠷ ᠭᠠᠷᠬᠤ ᠳᠤ ᠪᠠᠷᠠᠭᠤᠨ ᠳᠠᠯ᠎ᠠ ᠪᠠᠷ ᠭᠠᠷᠬᠤ᠂ ᠵᠠᠮ ᠶᠠᠪᠣᠬᠤ ᠳᠤ ᠪᠠᠷᠠᠭᠤᠨ ᠮᠦᠷᠤ ᠪᠠᠨ ᠳᠠᠭᠠᠵᠤ ᠶᠠᠪᠣᠬᠤ᠂ ᠪᠠᠷᠠᠭᠤᠨ ᠭᠠᠷ ᠶᠢᠡᠷ ᠦᠰᠦᠭ᠌ ᠪᠢᠴᠢᠭᠦ ᠨᠢ ᠵᠦᠪ ᠪᠣᠯᠬᠤ ᠶᠢ ᠳᠤᠰᠬᠠᠭᠤᠷ ᠲᠤ ᠢᠯᠡᠷᠡᠭᠦᠯᠵᠤ᠂ ᠦᠪᠡᠷ ᠤᠨ ᠪᠠᠶ᠎ᠠ ᠪᠠᠨ ᠠᠩᠭᠢ ᠶᠢᠨ ᠠᠯᠢ ᠪᠠᠢ᠌ᠷᠢ ᠳᠤ ᠰᠠᠭᠤᠵᠤ ᠪᠠᠢ᠌ᠬᠤ᠂ ᠳᠠᠷᠤᠢ ᠮᠢᠨᠤ ᠡᠮᠦᠨ᠎ᠡ ᠳᠠᠯ᠎ᠠ ᠳᠤ ᠭᠡᠨ ᠪᠠᠢ᠌ᠬᠤ ᠬᠣᠢ᠌ᠨ᠎ᠠ ᠭᠡᠨ ᠪᠠᠢ᠌ᠬᠤ᠂ ᠵᠡᠭᠦᠨ ᠭᠡᠨ ᠪᠠᠢ᠌ᠬᠤ᠂ ᠪᠠᠷᠠᠭᠤᠨ ᠭᠡᠨ ᠪᠠᠢ᠌ᠬᠤ ᠶᠢ ᠣᠯᠠᠨ ᠤ ᠡᠮᠦᠨ᠎ᠡ ᠭᠠᠷᠴᠤ ᠵᠤᠷᠢᠭᠳᠠᠢ ᠶᠠᠷᠢᠭᠤᠯᠵᠤ᠂ ᠵᠥᠭ᠌ ᠴᠢᠭᠯᠡᠯ᠂ ᠣᠷᠤᠨ ᠪᠠᠢ᠌ᠷᠢ᠂ ᠵᠦᠪ ᠪᠣᠷᠤᠭᠤ ᠶᠢᠨ ᠳᠤᠬᠠᠢ ᠰᠠᠭᠤᠭᠳᠠᠯ ᠢ ᠨᠢ ᠭᠦᠨ ᠪᠣᠯᠭᠠᠨ᠎ᠠ᠃

ᠬᠤᠶᠠᠷ᠃ ᠵᠢᠭᠠᠬᠤ ᠮᠠᠲ᠋ᠸᠷᠢᠶᠠᠯ ᠲᠡᠶ ᠪᠠᠨ ᠬᠤᠯᠪᠣᠭᠳᠠᠭᠤᠠᠵᠤ ᠰᠤᠷᠤᠭᠴᠢᠳ ᠢ ᠵᠤᠬᠢᠶᠠᠨ ᠪᠠᠢ᠌ᠭᠤᠯᠵᠤ ᠰᠤᠷᠬᠤ ᠢᠳᠠᠪᠭᠢᠵᠢᠯ ᠢ ᠳᠠᠢ᠌ᠴᠢᠯᠠᠵᠤ ᠰᠤᠷᠬᠤ ᠣᠷᠮ᠎ᠠ ᠪᠠᠬ᠎ᠠ ᠶᠢ ᠨᠢ ᠭᠦᠭ᠍ᠵᠢᠭᠡᠨ᠎ᠡ᠃ ᠠᠢ᠌ᠠᠰᠲ᠋ᠧᠨ ᠳᠤᠷ᠎ᠠ ᠪᠠᠬ᠎ᠠ ᠲᠡᠶ ᠪᠠᠢ᠌ᠬᠤ ᠨᠢ ᠬᠠᠷᠢᠭᠤᠴᠠᠯᠭ᠎ᠠ ᠲᠡᠶ ᠪᠠᠢ᠌ᠬᠤ ᠡᠴᠡ ᠨᠠᠩ ᠰᠠᠢ᠌ᠨ ᠪᠠᠭᠰᠢ ᠮᠦᠨ ᠭᠡᠵᠤ ᠭᠡᠯᠡᠵᠤ ᠥᠩᠭᠡᠷᠡᠪᠡ᠃ ᠰᠤᠷᠬᠤ ᠣᠷᠮ᠎ᠠ ᠪᠠᠬ᠎ᠠ ᠶᠢ ᠨᠢ ᠳᠠᠳᠠᠪᠠᠯ ᠰᠤᠷᠤᠭᠴᠢᠳ ᠠᠶᠠᠠᠳᠠᠭᠠᠨ ᠠᠩᠬᠠᠷᠤᠯ ᠶᠢᠡᠨ ᠳᠦᠪᠯᠡᠷᠡᠭᠦᠯᠵᠤ᠂ ᠦᠷᠭᠦᠯᠵᠢᠯᠡᠨ ᠰᠤᠷᠴᠤ ᠰᠤᠳᠤᠯᠬᠤ ᠢᠳᠠᠪᠭᠢᠵᠢᠯ ᠢ ᠨᠢ ᠳᠠᠢ᠌ᠴᠢᠯᠠᠵᠤ ᠴᠢᠳᠠᠨ᠎ᠠ᠃ ᠬᠤᠭᠤᠰᠤᠨ ᠥᠭᠡ ᠳᠤᠳᠠᠭᠤ ᠶᠠᠷᠢ ᠭᠡᠭᠦ ᠭᠢᠴᠢᠶᠠᠯ ᠢ ᠰᠤᠷᠴᠤ ᠪᠠᠷᠠᠭᠰᠠᠨ ᠤ ᠳᠠᠷᠠᠭ᠎ᠠ ᠭᠢᠴᠢᠶᠠᠯ ᠲᠡᠶ ᠪᠠᠨ ᠬᠤᠯᠪᠣᠭᠳᠠᠭᠤᠯᠤᠨ ᠭᠦᠮᠤᠨ ᠤ ᠨᠢᠳᠤ᠂ ᠴᠢᠭᠢ᠂ ᠬᠠᠮᠠᠷ᠂ ᠠᠮᠠ᠂ ᠭᠠᠷ᠂ ᠭᠦᠯ ᠤᠨ ᠣᠢ᠌ᠯᠠᠳᠤᠯ ᠢ ᠶᠠᠷᠢᠭᠤᠯᠵᠤ᠂ ᠵᠢᠶᠠᠩᠶ‍ᠢᠤ ᠼᠤᠤ ᠶᠢ ᠢᠯᠭᠠᠨ ᠳᠠᠨᠢᠬᠤ ᠳᠤᠷᠰᠢᠯᠳᠠ ᠭᠢᠯᠭᠡᠵᠤ ᠰᠤᠷᠭᠠᠭᠤᠯᠢ ᠶᠢᠨ ᠤᠢ᠌ᠷ᠎ᠡ ᠬᠠᠷᠠᠭ᠎ᠠ ᠲᠡᠶ ᠨᠢᠳᠤᠨ ᠰᠢᠯ ᠵᠡᠭᠦᠵᠤ ᠪᠠᠢ᠌ᠬᠤ ᠰᠤᠷᠤᠭᠴᠢ ᠶᠢᠨ ᠳᠤᠭ᠎ᠠ ᠶᠢ ᠪᠦᠷᠢᠳᠭᠡᠵᠤ ᠶᠠᠷᠤ ᠴᠠᠭ ᠤᠨ ᠠᠮᠢᠳᠤᠷᠠᠯ ᠰᠤᠷᠤᠯᠴᠠᠯᠭ᠎ᠠ ᠶᠢᠨ ᠳᠤᠮᠳᠠ ᠪᠠᠨ ᠨᠢᠳᠤ ᠬᠠᠮᠠᠷ ᠶᠢᠡᠨ ᠭᠡᠷᠭᠢᠨ ᠬᠠᠮᠠᠭᠠᠯᠠᠬᠤ ᠳᠤᠬᠠᠢ ᠪᠣᠳᠠᠳᠠᠢ ᠲᠡᠶ ᠣᠶᠠᠯᠳᠤᠭᠤᠯᠤᠨ ᠭᠦᠮᠦᠵᠯ ᠭᠦᠷᠳᠡᠭᠡᠵᠤ ᠴᠢᠭᠢ ᠬᠠᠮᠠᠷ ᠶᠢᠡᠨ ᠣᠬᠤᠴᠢᠯᠠᠬᠤ ᠮᠠᠭᠤ ᠵᠠᠩ ᠳᠠᠳᠬᠠᠯ ᠢ ᠳᠡᠪᠴᠢᠭᠦ ᠵᠡᠷᠭᠡ ᠡᠷᠡᠭᠦᠯ ᠬᠠᠮᠠᠭᠠᠯᠠᠯ ᠤᠨ ᠳᠤᠬᠠᠢ ᠮᠡᠳᠡᠯᠭᠡ ᠣᠯᠠᠮᠵᠢᠯᠠᠵᠤ ᠪᠣᠯᠤᠨ᠎ᠠ᠃ ᠨᠢᠳᠤ ᠶᠢ ᠨᠢ ᠪᠦᠳᠡᠭᠡᠵᠤ ᠶᠠᠭᠤᠮ᠎ᠠ ᠠᠪᠬᠤ ᠭᠦᠳᠡᠯᠭᠡᠭᠡᠨ ᠶᠢᠠᠷ ᠳᠠᠮᠵᠢᠵᠤ ᠰᠠᠨᠠᠭ᠎ᠠ ᠰᠡᠳᠬᠢᠯᠭᠡ ᠪᠠᠨ ᠢᠯᠡᠷᠡᠭᠦᠯᠭᠦ ᠳᠤᠭᠯᠠᠯᠳᠠ ᠪᠠᠷ ᠳᠠᠮᠵᠢᠨ ᠨᠢᠳᠤ ᠠᠮᠠ ᠶᠢᠨ ᠴᠢᠬᠤᠯᠠ ᠭᠡᠷᠡᠭ᠍ᠴᠡᠭᠡ ᠶᠢ ᠮᠡᠳᠡᠭᠦᠯᠵᠤ᠂ ᠵᠡᠮᠳᠡᠭ᠌ ᠬᠡᠦᠬᠡᠳ ᠢ ᠦᠷᠤ ᠡᠪᠡᠳᠴᠤ᠂ ᠬᠠᠢ᠌ᠷᠠᠯᠠᠬᠤ ᠳᠡᠮᠵᠢᠯᠭᠡ ᠥᠵᠡᠭᠦᠯᠭᠦ ᠵᠡᠷᠭᠡ ᠦᠵᠡᠯ ᠰᠠᠨᠠᠭᠠᠨ ᠤ ᠭᠦᠮᠦᠵᠢᠯ ᠭᠢᠵᠤ ᠪᠣᠯᠤᠨ᠎ᠠ᠃

ᠭᠤᠷᠪᠠ᠂ ᠠᠮᠢᠳᠤᠷᠠᠯ ᠳᠤᠮᠳᠠ ᠡᠴᠡ ᠰᠤᠷᠤᠭᠴᠢᠳ ᠤᠨ ᠬᠠᠵᠠᠭᠤ ᠳᠤ ᠭᠠᠷᠴᠤ ᠪᠠᠢ᠌ᠬᠤ ᠠᠯᠢ ᠣᠯᠠᠨ ᠣᠴᠢᠷ ᠶᠠᠪᠣᠳᠠᠯ ᠢ ᠠᠩᠬᠠᠷᠤᠯ ᠳᠠᠭᠠᠨ ᠠᠪᠴᠤ᠂ ᠭᠢᠴᠢᠶᠠᠯ ᠤᠨ ᠡᠭᠢ ᠪᠠᠶᠠᠯᠢᠭ ᠪᠣᠯᠭᠠᠵᠤ᠂ ᠰᠤᠷᠤᠭᠴᠢᠳ ᠢ ᠵᠤᠬᠢᠶᠠᠨ ᠪᠠᠢ᠌ᠭᠤᠯᠵᠤ᠃ ᠠᠮᠢᠳᠤᠷᠠᠯ ᠤᠨ ᠪᠣᠳᠠᠳᠠᠢ ᠡᠴᠡ ᠭᠢᠴᠢᠶᠠᠯ ᠤᠨ ᠡᠭᠢ ᠪᠠᠶᠠᠯᠢᠭ ᠢ ᠰᠠᠷᠠᠨ ᠮᠡᠳᠡᠭᠦᠯᠦᠨ᠎ᠡ᠃ ᠵᠢᠱᠢᠶᠠᠯᠠᠪᠠᠯ ᠡᠳᠦᠷ ᠪᠦᠷᠢ ᠬᠠᠶᠠᠳᠠᠭ ᠰᠦᠯᠢᠶᠤᠤ ᠣᠭᠤᠳᠠ᠂ ᠰᠦ᠋ ᠶᠢᠨ ᠣᠭᠤᠳᠠ᠂ ᠣᠮᠳᠠᠭᠠᠨ ᠤ ᠯᠤᠩᠬᠤ᠂ ᠬᠠᠶᠠᠭᠳᠠᠮᠠᠯ ᠴᠠᠭᠠᠰᠤ᠂ ᠳᠠᠮᠤᠷ ᠵᠡᠷᠭᠡ ᠶᠢ ᠳᠦᠷᠤᠯ ᠬᠤᠪᠢᠶᠠᠵᠤ ᠬᠤᠭ ᠨᠤᠪᠰᠢ ᠶᠢᠨ ᠬᠠᠢ᠌ᠷᠴᠠᠭ ᠭᠢᠭᠦ ᠰᠠᠳᠤᠪ ᠪᠣᠯᠭᠠᠵᠤ᠂ ᠭᠤᠤᠯ ᠰᠠᠳᠤᠪᠳᠤ ᠠᠩᠭᠢ ᠶᠢᠨ ᠬᠤᠷᠠᠯ ᠢ ᠬᠤᠷᠠᠯᠳᠤᠭᠤᠯᠵᠤ ᠪᠣᠯᠤᠨ᠎ᠠ᠃ ᠠᠮᠤ ᠪᠣᠳᠠᠭ᠎ᠠ ᠶᠢ ᠪᠦᠷᠢᠯᠭᠡᠵᠤ ᠪᠠᠢ᠌ᠭ᠎ᠠ ᠪᠠᠢ᠌ᠳᠠᠯ᠂ ᠣᠰᠤ ᠶᠢ ᠪᠦᠷᠢᠯᠭᠡᠵᠤ ᠪᠠᠢ᠌ᠬᠤ ᠪᠠᠢ᠌ᠳᠠᠯ ᠳᠤ ᠴᠢᠭᠯᠡᠭᠦᠯᠤᠨ᠂ ᠠᠮᠤ ᠪᠣᠳᠠᠭ᠎ᠠ᠂ ᠣᠰᠤ ᠶᠢ ᠠᠷᠪᠢᠯᠠᠨ ᠭᠠᠮᠨᠠᠬᠤ ᠳᠤᠬᠠᠢ ᠰᠤᠷᠭᠠᠭᠤᠯᠢ ᠶᠢᠨ ᠭᠡᠪᠴᠢᠶᠡᠨ᠎ᠡ ᠦᠷᠨᠢᠭᠦᠯᠵᠤ ᠪᠣᠯᠤᠨ᠎ᠠ᠃ ᠣᠰᠤ ᠶᠢ ᠪᠦᠷᠢᠯᠭᠡᠵᠤ ᠪᠠᠢ᠌ᠬᠤ ᠥᠵᠡᠭ᠍ᠳᠡᠯ ᠤᠨ ᠳᠤᠬᠠᠢ ᠰᠤᠷᠤᠭᠴᠢᠳ ᠶᠢᠡᠷ ᠪᠣᠳᠠᠳᠠᠢ ᠪᠠᠢ᠌ᠴᠠᠭᠠᠯᠳᠠ ᠭᠢᠯᠭᠡᠨ ᠶᠠᠷᠢᠭᠤᠯᠵᠤ᠂ ᠪᠠᠭᠰᠢ ᠡᠴᠡ ᠵᠢᠷᠤᠭ ᠳᠤᠰᠬᠠᠭᠤᠷ ᠵᠢᠡᠷ ᠢᠯᠡᠷᠡᠭᠦᠯᠵᠤ᠂ ᠰᠤᠷᠤᠭᠴᠢᠳ ᠤᠨ ᠠᠵᠢᠭᠯᠠᠬᠤ ᠴᠢᠳᠠᠪᠣᠷᠢ᠃ ᠰᠡᠳᠭᠢᠭᠦ ᠴᠢᠳᠠᠪᠣᠷᠢ᠂ ᠢᠯᠡᠳᠭᠡᠭᠦ ᠴᠢᠳᠠᠪᠣᠷᠢ ᠵᠡᠷᠭᠡ ᠶᠡᠷᠦᠩᠭᠡᠢ᠌ᠯᠡᠭ᠍ᠰᠡᠨ ᠴᠢᠳᠠᠪᠣᠷᠢ ᠶᠢ ᠨᠢ ᠳᠡᠭᠡᠭ᠍ᠰᠢᠯᠡᠭᠦᠯᠵᠤ ᠪᠣᠯᠤᠨ᠎ᠠ᠃

ᠶᠡᠷᠦᠩᠭᠡᠢ᠌ᠯᠡᠭ᠍ᠰᠡᠨ ᠥᠢᠯᠡᠳᠦᠯᠭᠡ ᠭᠦᠳᠡᠯᠪᠦᠷᠢ ᠶᠢᠨ ᠭᠢᠴᠢᠶᠠᠯ ᠨᠢ ᠰᠤᠷᠤᠭᠴᠢᠳ ᠤᠨ ᠣᠷᠮ᠎ᠠ ᠪᠠᠬ᠎ᠠ ᠳᠤᠷ᠎ᠠ ᠰᠤᠨᠢᠷᠬᠠᠯ ᠢ ᠭᠦᠢᠴᠡᠳ ᠭᠦᠡᠳᠦᠳᠭᠡᠨ᠃ ᠰᠤᠷᠤᠭᠴᠢᠳ ᠤᠨ ᠪᠠᠶ᠎ᠠ ᠪᠠᠨ ᠳᠠᠭᠠᠭᠠᠭᠰᠠᠨ ᠦᠷᠭᠡᠨ ᠠᠭᠤᠳᠠᠮ ᠣᠷᠤᠨ ᠵᠠᠢ ᠶᠢ ᠨᠡᠭᠡᠭᠡᠨ ᠦᠭ‍ᠭᠦᠨ᠎ᠡ᠃ ᠭᠡᠭᠦ ᠳᠤ ᠵᠢᠯᠤᠭᠤᠳᠬᠤ ᠪᠠᠭᠰᠢ ᠡᠴᠡ ᠰᠤᠷᠤᠭᠴᠢᠳ ᠤᠨ ᠠᠵᠢᠯᠯᠠᠪᠣᠷᠢ ᠶᠢ ᠣᠷᠤᠯᠠᠨ ᠭᠦᠢᠴᠡᠳᠭᠡᠭᠦ ᠡᠴᠡ ᠵᠠᠢ᠌ᠯᠠᠰᠭᠢᠨ᠎ᠠ᠃ ᠪᠠᠰᠠ ᠳᠤᠤᠷ᠎ᠠ ᠣᠨ ᠳᠤ ᠣᠷᠤᠬᠤ ᠳᠤ ᠠᠭᠤᠯᠭ᠎ᠠ ᠳᠤᠭᠢᠷᠠᠮᠵᠢᠳᠠᠢ᠂ ᠳᠤᠭᠯᠠᠯᠳᠠ ᠠᠷᠪᠢᠳᠬᠤ ᠥᠯᠢᠭᠡᠷ ᠣᠯᠠᠰᠢᠷᠠᠬᠤ ᠡᠴᠡ ᠵᠠᠢ᠌ᠯᠠᠰᠭᠢᠨ᠎ᠠ᠃ ᠰᠤᠷᠤᠭᠴᠢ ᠤᠨ ᠪᠣᠳᠠᠳᠤ ᠪᠠᠢ᠌ᠳᠠᠯ ᠡᠴᠡ ᠦᠨᠳᠦᠰᠦᠯᠠᠨ ᠭᠢᠴᠢᠶᠠᠯ ᠪᠦᠷᠢ ᠨᠢ ᠰᠤᠷᠤᠭᠴᠢ ᠶᠢᠨ ᠮᠡᠳᠡᠯᠭᠡ ᠶᠢᠨ ᠬᠤᠷᠠᠮᠳᠤᠭᠤᠯᠭ᠎ᠠ᠂ ᠰᠤᠷᠤᠯᠴᠠᠬᠤ ᠭᠦᠰᠡᠯ ᠢ ᠬᠠᠩᠭ᠋ᠠᠬᠤ ᠳᠤ ᠵᠤᠷᠢᠭᠤᠯᠤᠨ ᠰᠤᠷᠭᠠᠭᠤᠯᠢ ᠨᠡᠢ᠌ᠭᠡᠮ᠂ ᠭᠡᠷ ᠪᠦᠯᠢ ᠵᠡᠷᠭᠡ ᠡᠯ᠎ᠡ ᠳᠠᠯ᠎ᠠ ᠡᠴᠡ ᠬᠠᠪᠰᠤᠷᠤᠯᠭ᠎ᠠ ᠳᠡᠮᠵᠢᠯᠭᠡ ᠥᠵᠡᠭᠦᠯᠪᠠᠯ ᠰᠠ‍‌ᠶᠢ ᠨᠠᠩ ᠪᠣᠳᠠᠳᠠᠢ ᠰᠠᠢ᠌ᠨ ᠶᠠᠪᠣᠭᠳᠠᠵᠤ ᠳᠠᠢ᠌ᠯᠤᠨ᠎ᠠ᠃

ᠳᠡᠭᠡᠷ᠎ᠡ ᠳᠤᠷᠠᠳᠤᠭᠰᠠᠨ ᠪᠣᠯ ᠮᠢᠨᠤ ᠭᠡᠯᠡ ᠪᠢᠴᠢᠭ᠌ ᠤᠨ ᠶᠡᠷᠦᠩᠭᠡᠢ᠌ᠯᠡᠭ᠍ᠰᠡᠨ ᠥᠢᠯᠡᠳᠦᠯᠭᠡ ᠭᠦᠳᠡᠯᠪᠦᠷᠢ ᠶᠢᠨ ᠭᠢᠴᠢᠶᠠᠯ ᠢ ᠭᠡᠷᠡᠭ᠍ᠵᠢᠭᠦᠯᠭᠦ ᠳᠤᠬᠠᠢ ᠳᠦᠭᠦᠮ ᠣᠢ᠌ᠯᠠᠭᠠᠯᠳᠠ ᠳᠠᠨᠢᠯᠳᠠ ᠮᠦᠨ᠃ ᠡᠭᠦᠨ ᠳᠤ ᠠᠯᠳᠠᠭ᠎ᠠ ᠳᠤᠳᠠᠭᠳᠠᠯ ᠣᠷᠤᠰᠢᠬᠤ ᠨᠢ ᠭᠠᠷᠴᠠᠭ᠎ᠠ ᠦᠭᠡᠶ᠂ ᠬᠣᠢ᠌ᠰᠢᠳᠠ ᠶᠡᠷᠦᠩᠭᠡᠢ᠌ᠯᠡᠭ᠍ᠰᠡᠨ ᠥᠢᠯᠡᠳᠦᠯᠭᠡ ᠭᠦᠳᠡᠯᠪᠦᠷᠢ ᠶᠢᠨ ᠭᠢᠴᠢᠶᠠᠯ ᠤᠨ ᠳᠤᠬᠠᠢ ᠰᠤᠷᠤᠯᠴᠠᠯᠭ᠎ᠠ ᠪᠠᠨ ᠴᠢᠩᠭ᠋ᠠᠳᠬᠠᠵᠤ᠂ ᠳᠠᠨᠢᠯᠳᠠ ᠪᠠᠨ ᠳᠡᠭᠡᠭ᠍ᠰᠢᠯᠡᠭᠦᠯᠭᠦ ᠪᠠᠷ ᠣᠯᠠᠮ ᠨᠢᠭᠡ ᠠᠯᠬᠤᠮ ᠴᠢᠷᠮᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠬᠤᠷᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠸᠠᠩ ᠶᠢᠨ ᠹᠧᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2752
ᠴᠠᠭ᠄ 2012 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ