ᠨᠡᠪᠲᠡᠷᠡᠨ ᠤᠷᠤᠬᠤ
ᠦᠷ᠎ᠡ ᠬᠡᠦᠬᠡᠳ ᠶᠢᠡᠨ ᠭᠦᠳᠡᠯᠮᠦᠷᠢ ᠳᠤ ᠰᠤᠷᠭᠠᠬᠤ ᠳᠤᠬᠠᠢ

ᠮᠤᠩᠭ᠋ᠤᠯᠴᠤᠳ ᠡᠷᠳᠡ ᠳᠡᠭᠡᠳᠤ ᠦᠶ᠎ᠡ ᠡᠴᠡ ᠪᠠᠨ ᠦᠷ᠎ᠡ ᠬᠡᠦᠬᠡᠳ ᠶᠢᠡᠨ ᠠᠵᠢᠯ ᠭᠦᠳᠡᠯᠮᠦᠷᠢ ᠳᠤ ᠪᠠᠶᠠᠴᠢᠯᠠᠨ ᠰᠤᠷᠭᠠᠳᠠᠭ ᠰᠠᠢ᠌ᠬᠠᠨ ᠵᠠᠩᠰᠢᠯ ᠲᠡᠶ ᠪᠢᠯᠠ᠃ ᠬᠠᠷ᠎ᠠ ᠪᠠᠭ᠎ᠠ ᠡᠴᠡ ᠨᠢ ᠠᠶᠠᠭ᠎ᠠ ᠱᠠᠵᠠᠩ ᠣᠭᠢᠶᠠᠯᠭᠠᠵᠤ᠂ ᠢᠰᠢᠭᠡ ᠬᠤᠷᠠᠭ᠎ᠠ ᠬᠠᠷᠢᠭᠤᠯᠬᠤ ᠡᠴᠡ ᠡᠭᠢᠯᠡᠭᠡᠳ ᠠᠢ᠌ᠯ ᠭᠡᠷ ᠤᠨ ᠠᠷᠰᠠᠷ ᠠᠵᠢᠯ ᠭᠦᠳᠡᠯᠮᠦᠷᠢ ᠳᠤ ᠰᠤᠷᠭᠠᠵᠤ᠂ ᠠᠵᠤ ᠠᠮᠢᠳᠤᠷᠠᠯ ᠤᠨ ᠪᠠᠭᠠᠵᠢ ᠭᠡᠷᠡᠭ᠍ᠰᠡᠯ ᠢ ᠳᠠᠨᠢᠭᠤᠯᠵᠤ᠂ ᠠᠵᠤ ᠳᠦᠷᠦᠭᠦ ᠶᠤᠰᠤ ᠣᠴᠢᠷ ᠢ ᠡᠵᠡᠮᠰᠢᠭᠦᠯᠳᠡᠭ᠌ ᠶᠤᠮ᠃

ᠭᠡᠭᠦ ᠳᠤ ᠪᠠᠨ᠂ ᠡᠳᠦᠷ ᠤᠨ ᠠᠵᠢᠯ ᠢ ᠡᠳᠦᠷ ᠲᠤ ᠨᠢ ᠭᠢᠵᠤ ᠪᠠᠷᠠᠭᠠᠬᠤ ᠶᠢ ᠴᠢᠬᠤᠯᠠᠴᠢᠯᠠᠬᠤ ᠡᠴᠡ ᠪᠢᠰᠢ ᠮᠠᠷᠭᠠᠰᠢ ᠮᠠᠷᠭᠠᠰᠢ ᠭᠡᠳ ᠬᠣᠢ᠌ᠰᠢ ᠳᠠᠯᠪᠢᠵᠤ ᠵᠠᠯᠬᠠᠭᠤᠷᠠᠨ ᠦᠪᠡᠷ ᠲᠤ ᠪᠠᠨ ᠴᠢᠯᠦᠭᠡ ᠦᠭ‍ᠭᠦ ᠶᠢ ᠬᠣᠢ᠌ᠴᠢ ᠦᠶ᠎ᠡ ᠳᠤ ᠪᠠᠨ ᠵᠢᠭ᠍ᠰᠢᠭᠦᠯᠳᠡᠭ᠌ ᠶᠤᠰᠤᠳᠠᠢ ᠪᠠᠢ᠌ᠯ᠎ᠠ᠃

ᠠᠪᠣ ᠡᠵᠢ ᠶᠢᠨ ᠠᠵᠢᠯᠰᠠᠭ ᠪᠠᠢ᠌ᠳᠠᠯ ᠢ ᠬᠡᠦᠬᠡᠳ ᠵᠠᠯᠠᠭᠤᠴᠤᠳ ᠲᠤ ᠪᠠᠨ ᠥᠪᠯᠡᠭᠦᠯᠳᠡᠭ᠌ ᠵᠠᠩᠰᠢᠯ ᠲᠡᠶ᠃ 《ᠡᠨᠡ ᠴᠢᠨᠢ ᠣᠷᠠᠨ ᠳᠠᠷᠬᠠᠨ ᠭᠡᠨ ᠭᠡᠨ ᠤ ᠦᠷ᠎ᠡ ᠬᠡᠦᠬᠡᠳ ᠰᠢᠤ》᠂ 《ᠠᠳᠤᠭᠤᠴᠢᠨ ᠠᠪᠣ ᠶᠢᠨ ᠭᠦᠤ ᠰᠢᠤ》 ᠭᠡᠭᠦ ᠵᠡᠷᠭᠡ ᠪᠠᠷ ᠠᠬᠠᠮᠠᠤᠨ ᠤᠨ ᠭᠢᠨᠢ ᠮᠡᠷᠭᠡᠰᠢᠯ ᠴᠢᠳᠠᠪᠣᠷᠢ ᠪᠠᠷ ᠥᠩᠭᠡ ᠭᠡᠷᠡᠯ ᠪᠣᠯᠭᠠᠵᠤ᠂ ᠬᠡᠦᠬᠡᠳ ᠪᠠᠭᠠᠴᠤᠳ ᠢ ᠬᠠᠷ᠎ᠠ ᠪᠠᠭ᠎ᠠ ᠡᠴᠡ ᠨᠢ ᠡᠷᠳᠡᠮ ᠴᠢᠳᠠᠪᠣᠷᠢ ᠲᠡᠶ ᠭᠦᠮᠤᠨ ᠪᠣᠯᠬᠤ ᠵᠥᠭ᠌ ᠭᠦᠳᠦᠯᠵᠤ ᠣᠷᠮᠠᠰᠢᠭᠤᠯᠳᠠᠭ ᠰᠠᠨ᠃

ᠮᠠᠯ ᠬᠠᠷᠢᠭᠤᠯᠵᠤ ᠶᠠᠪᠣᠬᠤ ᠳᠤ ᠪᠠᠨ ᠴᠤ ᠭᠡᠰᠡᠨ ᠠᠯᠢ ᠨᠢ ᠡᠪᠠᠰᠤ ᠰᠠᠢ᠌ᠨ ᠢᠳᠡᠭ᠍ᠰᠡᠨ᠂ ᠠᠯᠢ ᠨᠢ ᠣᠰᠤ ᠣᠤᠭᠤᠭᠰᠠᠨ᠂ ᠠᠯᠢ ᠨᠢ ᠭᠡᠷ ᠵᠥᠭ᠌ ᠶᠢᠡᠨ ᠳᠦᠷᠦᠭᠦᠯᠳᠡᠭ᠌᠂ ᠠᠯᠢ ᠨᠢ ᠥᠷᠭᠦᠯᠵᠢ ᠰᠥᠷᠦᠭ᠌ ᠡᠴᠡ ᠪᠠᠨ ᠬᠤᠴᠤᠷᠳᠠᠭ᠂ ᠠᠯᠢ ᠨᠢ ᠰᠥᠷᠦᠭ᠌ ᠶᠢᠡᠨ ᠳᠠᠭᠠᠭᠤᠯᠳᠠᠭ᠂ ᠠᠯᠢ ᠨᠢ ᠠᠭᠤᠯᠠ ᠬᠠᠳᠠᠨ ᠳᠤ ᠰᠠᠢ᠌ᠨ ᠠᠪᠠᠷᠢᠳᠠᠭ ᠵᠡᠷᠭᠡ ᠶᠢ ᠰᠠᠢ᠌ᠨ ᠠᠵᠢᠭᠯᠠᠵᠤ ᠮᠡᠳᠡᠭᠦᠯᠳᠡᠭ᠌ ᠠᠵᠢ᠃

ᠠᠵᠢᠯ ᠭᠦᠳᠡᠯᠮᠦᠷᠢ ᠡᠭᠢᠯᠡᠨ ᠰᠤᠷᠴᠤ ᠪᠠᠢ᠌ᠭ᠎ᠠ ᠬᠡᠦᠬᠡᠳ ᠠᠰᠬᠠᠵᠤ ᠴᠢᠤᠠᠬᠤᠨ᠂ ᠠᠯᠳᠠᠵᠤ ᠡ᠊ᠨᠳᠡᠭᠦ ᠦᠶ᠎ᠡ ᠳᠤ ᠪᠠᠰᠠ ᠴᠤ ᠪᠣᠷᠤᠭᠤᠤᠠᠬᠠᠨ ᠬᠠᠷᠢᠶᠠᠵᠤ ᠵᠠᠩᠨᠠᠬᠤ ᠶᠢ ᠴᠡᠭᠡᠷᠯᠡᠨ᠂ ᠬᠠᠷᠢᠨ ᠢᠩᠭᠢᠵᠤ ᠳᠡᠭᠡᠵᠤ ᠭᠢᠪᠠᠯ ᠪᠣᠯᠤᠨ᠎ᠠ ᠭᠡᠳᠡᠭ᠌ ᠢ ᠭᠢᠵᠤ ᠥᠵᠡᠭᠦᠯᠦᠭᠡᠳ ᠪᠠᠶ᠎ᠠ ᠪᠠᠷ ᠶᠢᠡᠨ ᠭᠡᠪ ᠳᠠᠭᠤᠷᠢᠶᠠᠯ ᠪᠣᠯᠳᠠᠭ ᠪᠠᠢ᠌ᠨ᠎ᠠ᠃

ᠮᠠᠨ ᠤ ᠮᠤᠩᠭ᠋ᠤᠯᠴᠤᠳ ᠭᠢᠵᠤ ᠡᠭᠢᠯᠡᠭ᠍ᠰᠡᠨ ᠠᠵᠢᠯ ᠶᠢᠡᠨ ᠵᠠᠪᠠᠯ ᠳᠠᠭᠤᠰᠬᠠᠳᠠᠭ ᠵᠠᠩᠰᠢᠯ ᠲᠡᠶ᠃ ᠡᠢ᠌ᠮᠤ ᠡᠴᠡ 《ᠠᠵᠢᠯ ᠭᠢᠪᠠᠯ ᠳᠠᠭᠤᠰᠳᠠᠯ᠎ᠠ᠂ ᠳᠠᠪᠣᠰᠤ ᠭᠢᠪᠠᠯ ᠠᠭᠤᠰᠳᠠᠯ᠎ᠠ》 ᠭᠡᠳᠡᠭ᠌ ᠵᠣᠢ᠌ᠷ ᠥᠭᠡ ᠭᠠᠷᠴᠠᠢ᠃ ᠮᠤᠩᠭ᠋ᠤᠯᠴᠤᠳ ᠭᠦᠳᠡᠯᠮᠦᠷᠢ ᠶᠢᠨ ᠪᠠᠭᠠᠵᠢ ᠭᠡᠷᠡᠭ᠍ᠰᠡᠯ ᠶᠢᠡᠨ ᠶᠡᠭᠡᠳᠡ ᠬᠠᠢ᠌ᠷᠠᠯᠠᠵᠤ᠂ ᠭᠦᠳᠡᠯᠮᠦᠷᠢ ᠶᠢᠨ ᠪᠠᠭᠠᠵᠢ ᠭᠡᠷᠡᠭ᠍ᠰᠡᠯ ᠤᠨ ᠳᠡᠭᠡᠭᠦᠷ ᠠᠯᠬᠤᠵᠤ ᠭᠢᠰᠭᠢᠳᠡᠭ᠌ ᠦᠭᠡᠶ᠂ ᠭᠡᠵᠢᠶᠡᠳᠡ ᠴᠡᠪᠠᠷᠭᠡᠨ ᠪᠠᠢ᠌ᠯᠭᠠᠨ ᠶᠡᠭᠡᠳᠡ ᠬᠠᠢ᠌ᠷᠠᠯᠠᠨ ᠬᠠᠮᠠᠭᠠᠯᠠᠳᠠᠭ ᠰᠠᠢ᠌ᠨ ᠵᠠᠩᠰᠢᠯ ᠲᠡᠶ᠃


《ᠮᠤᠩᠭ᠋ᠤᠯ ᠶᠤᠰᠤ ᠵᠠᠩᠰᠢᠯ ᠤᠨ ᠳᠠᠢ᠌ᠯᠪᠣᠷᠢ ᠳᠤᠯᠢ》 ᠡᠴᠡ

ᠬᠠᠷᠢᠶ᠎ᠠ᠄ ᠵᠠᠩ ᠤᠢ᠌ᠯᠠ
ᠳᠠᠷᠤᠮ᠄ 7466
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ