ᠨᠡᠪᠲᠡᠷᠡᠨ ᠤᠷᠤᠬᠤ
ᠬᠥᠳᠡᠭᠡ ᠲᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠲᠠ ᠶᠢᠨ ᠬᠠᠤᠯᠢ

ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠶᠢᠨ ᠬᠠᠤᠯᠢ


( 2002 ᠣᠨ ᠤ 8 ᠰᠠᠷ᠎ᠠ ᠶᠢᠨ 29 ᠊ᠤ ᠡᠳᠦᠷ ᠶ‍ᠢᠰᠦᠳᠦᠭᠡᠷ ᠬᠤᠭᠤᠴᠠᠭᠠᠨ ᠤ ᠪᠦᠭᠦ ᠣᠯᠤᠰ ᠤᠨ ᠠᠷᠠᠤᠨ ᠤᠨ ᠳᠦᠯᠦᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠬᠤᠷᠢ ᠶ‍ᠢᠰᠦᠳᠦᠭᠡᠷ ᠬᠤᠷᠠᠯᠳᠤᠭᠠᠨ ᠡᠴᠡ ᠪᠠᠳᠤᠯᠠᠪᠠ )


ᠭᠠᠷᠴᠠᠭ

ᠨᠢᠭᠡᠳᠦᠭᠡᠷ ᠪᠦᠯᠦᠭ᠌   ᠶᠡᠷᠦᠩᠭᠡᠢ ᠳᠦᠷᠢᠮ

ᠬᠤᠶᠠᠳᠤᠭᠠᠷ ᠪᠦᠯᠦᠭ᠌   ᠡᠷᠦᠭᠡ ᠳᠤ ᠳᠠᠭᠠᠭᠠᠴᠢᠯᠠᠭᠤᠯᠬᠤ

ᠨᠢᠭᠡᠳᠦᠭᠡᠷ ᠭᠡᠰᠡᠭ᠌   ᠳᠠᠭᠠᠭᠠᠴᠢᠯᠠᠭᠤᠯᠤᠭᠴᠢ ᠪᠣᠯᠤᠨ ᠳᠠᠭᠠᠭᠠᠴᠢᠯᠠᠭᠴᠢ ᠶᠢᠨ ᠡᠷᠭᠡ ᠪᠠ ᠡᠭᠦᠷᠭᠡ

ᠬᠤᠶᠠᠳᠤᠭᠠᠷ ᠭᠡᠰᠡᠭ᠌   ᠳᠠᠭᠠᠭᠠᠴᠢᠯᠠᠯᠳᠠ ᠶᠢᠨ ᠵᠠᠷᠴᠢᠮ ᠪᠠ ᠵᠢᠷᠤᠮ

ᠭᠤᠷᠪᠠᠳᠤᠭᠠᠷ ᠭᠡᠰᠡᠭ᠌   ᠳᠠᠭᠠᠭᠠᠴᠢᠯᠠᠯᠳᠠ ᠶᠢᠨ ᠬᠤᠭᠤᠴᠠᠭ᠎ᠠ ᠪᠠ ᠳᠠᠭᠠᠭᠠᠴᠢᠯᠠᠯᠳᠠ ᠶᠢᠨ ᠭᠡᠷ᠎ᠡ

ᠳᠦᠷᠪᠠᠳᠦᠭᠡᠷ ᠭᠡᠰᠡᠭ᠌   ᠭᠠᠵᠠᠷ ᠰᠢᠷᠤᠢ ᠶᠢᠨ ᠳᠠᠭᠠᠭᠠᠴᠢᠯᠠᠨ ᠡᠵᠡᠩᠨᠡᠭᠦ ᠡᠷᠭᠡ ᠶᠢ ᠬᠠᠮᠠᠭᠠᠯᠠᠬᠤ

ᠳᠠᠪᠣᠳᠤᠭᠠᠷ ᠭᠡᠰᠡᠭ᠌   ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠡᠷᠭᠢᠯᠳᠡ

ᠭᠤᠷᠪᠠᠳᠤᠭᠠᠷ ᠪᠦᠯᠦᠭ᠌   ᠪᠣᠰᠤᠳ ᠭᠡᠯᠪᠠᠷᠢ ᠶᠢᠨ ᠳᠠᠭᠠᠭᠠᠴᠢᠯᠠᠯᠳᠠ

ᠳᠦᠷᠪᠠᠳᠦᠭᠡᠷ ᠪᠦᠯᠦᠭ᠌   ᠮᠠᠷᠭᠤᠯᠳᠤᠭᠠᠨ ᠢ ᠰᠢ᠌ᠦᠡᠪᠦᠷᠢᠯᠡᠭᠦ ᠪᠠ ᠬᠠᠤᠯᠢ ᠶᠢᠨ ᠬᠠᠷᠢᠭᠤᠴᠠᠯᠭ᠎ᠠ

ᠳᠠᠪᠣᠳᠤᠭᠠᠷ ᠪᠦᠯᠦᠭ᠌   ᠳᠠᠭᠠᠯᠳᠤᠭᠤᠯᠤᠭᠰᠠᠨ ᠳᠦᠷᠢᠮ


ᠨᠢᠭᠡᠳᠦᠭᠡᠷ ᠪᠦᠯᠦᠭ᠌     ᠶᠡᠷᠦᠩᠭᠡᠢ ᠳᠦᠷᠢᠮ


ᠨᠢᠭᠡᠳᠦᠭᠡᠷ ᠵᠣᠢ᠌ᠯ ᠡᠷᠦᠭᠡ ᠳᠤ ᠳᠠᠭᠠᠭᠠᠴᠢᠯᠠᠭᠤᠯᠤᠨ ᠡᠵᠡᠩᠨᠡᠭᠦᠯᠭᠦ ᠪᠠᠷ ᠰᠠᠭᠤᠷᠢ ᠪᠣᠯᠤᠭᠰᠠᠨ᠂ ᠨᠢᠭᠡᠳᠭᠡᠭᠦ ᠪᠠ ᠰᠠᠯᠭᠠᠬᠤ ᠶᠢ ᠣᠶᠠᠯᠳᠤᠭᠤᠯᠤᠭᠰᠠᠨ ᠳᠠᠪᠬᠤᠷ ᠡᠵᠡᠩᠨᠡᠯᠳᠡ ᠶᠢᠨ ᠪᠠᠢ᠌ᠭᠤᠯᠤᠯ ᠢ ᠳᠤᠭᠳᠠᠪᠣᠷᠢᠵᠢᠭᠤᠯᠤᠨ ᠳᠡᠭᠦᠯᠳᠡᠷᠵᠢᠭᠦᠯᠵᠤ᠂ ᠳᠠᠷᠢᠶᠠᠴᠢᠳ ᠲᠤ ᠣᠷᠳᠤ ᠬᠤᠭᠤᠴᠠᠭᠠᠨ ᠤ ᠪᠦᠭᠡᠤᠨ ᠪᠠᠳᠤᠯᠠᠭ᠎ᠠ ᠲᠡᠶ ᠭᠠᠵᠠᠷ ᠰᠢᠷᠤᠢ ᠶᠢᠨ ᠭᠡᠷᠡᠭᠯᠡᠭᠦ ᠡᠷᠭᠡ ᠶᠢ ᠣᠯᠭᠤᠵᠤ᠂ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠭᠰᠠᠨ ᠳᠤᠬᠠᠢ ᠶᠢᠨ ᠭᠦᠮᠤᠨ ᠤ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ ᠳᠠᠷᠢᠶᠠᠯᠠᠩ᠂ ᠭᠦᠳᠡᠭᠡ ᠳᠤᠰᠬᠤᠨ ᠤ ᠠᠵᠤ ᠠᠬᠤᠢ ᠶᠢᠨ ᠭᠦᠭ᠍ᠵᠢᠯᠳᠡ ᠪᠠ ᠭᠦᠳᠡᠭᠡ ᠳᠤᠰᠬᠤᠨ ᠤ ᠨᠡᠢ᠌ᠭᠡᠮ ᠤᠨ ᠳᠤᠭᠳᠠᠭᠤᠨ ᠪᠠᠢ᠌ᠳᠠᠯ ᠢ ᠠᠭᠢᠭᠤᠯᠬᠤ ᠶᠢᠨ ᠳᠦᠯᠦᠭᠡ ᠦᠨᠳᠦᠰᠦᠨ ᠬᠠᠤᠯᠢ ᠶᠢ ᠦᠨᠳᠦᠰᠦᠯᠠᠵᠤ ᠳᠤᠰ ᠬᠠᠤᠯᠢ ᠶᠢ ᠳᠤᠭᠳᠠᠭᠠᠪᠠ᠃

ᠬᠤᠶᠠᠳᠤᠭᠠᠷ ᠵᠣᠢ᠌ᠯ ᠳᠤᠰ ᠬᠠᠤᠯᠢ ᠳᠤ ᠭᠡᠯᠡᠵᠤ ᠪᠠᠢ᠌ᠭ᠎ᠠ ᠭᠦᠳᠡᠭᠡ ᠳᠤᠰᠬᠤᠨ ᠤ ᠭᠠᠵᠠᠷ ᠰᠢᠷᠤᠢ ᠭᠡᠳᠡᠭ᠌ ᠪᠣᠯ ᠳᠠᠷᠢᠶᠠᠴᠢᠳ ᠤᠨ ᠬᠠᠤᠯᠢ ᠶᠤᠰᠤᠭᠠᠷ ᠬᠠᠮᠳᠤ ᠪᠠᠷ ᠭᠡᠷᠡᠭᠯᠡᠵᠤ ᠪᠠᠢ᠌ᠭ᠎ᠠ ᠳᠠᠷᠢᠶᠠᠴᠢᠳ ᠤ ᠬᠠᠮᠳᠤ ᠶᠢᠨ ᠦᠮᠴᠢᠯᠠᠯ ᠤᠨ ᠪᠠ ᠣᠯᠤᠰ ᠤᠨ ᠦᠮᠴᠢᠯᠠᠯ ᠤᠨ ᠳᠠᠷᠢᠶᠠᠨ ᠭᠠᠵᠠᠷ᠂ ᠣᠢ᠌ᠳᠤ ᠭᠠᠵᠠᠷ᠂ ᠡᠪᠠᠰᠦᠳᠤ ᠭᠠᠵᠠᠷ ᠭᠢᠭᠡᠤᠨ ᠬᠠᠤᠯᠢ ᠶᠤᠰᠤᠭᠠᠷ ᠳᠠᠷᠢᠶᠠᠯᠠᠩ ᠳᠤ ᠭᠡᠷᠡᠭᠯᠡᠵᠤ ᠪᠠᠢ᠌ᠭ᠎ᠠ ᠪᠣᠰᠤᠳ ᠭᠠᠵᠠᠷ ᠰᠢᠷᠤᠢ ᠶᠢ ᠵᠢᠭᠠᠵᠤ ᠪᠠᠢ᠌ᠨ᠎ᠠ᠃

ᠭᠤᠷᠪᠠᠳᠤᠭᠠᠷ ᠵᠣᠢ᠌ᠯ ᠣᠯᠤᠰ ᠡᠴᠡ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠭᠤᠯᠤᠨ ᠡᠵᠡᠩᠨᠡᠭᠦᠯᠭᠦ ᠳᠦᠷᠢᠮ ᠢ ᠭᠡᠷᠡᠭ᠍ᠵᠢᠭᠦᠯᠦᠨ᠎ᠡ᠃

ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠤᠯᠬᠤ ᠳᠠᠭᠠᠨ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠤᠳᠤᠭᠠᠳᠤ ᠳ᠋ᠠᠭᠢ ᠡᠷᠦᠭᠡ ᠳᠤ ᠳᠠᠭᠠᠭᠠᠴᠢᠯᠠᠭᠤᠯᠬᠤ ᠭᠡᠯᠪᠠᠷᠢ ᠶᠢ ᠭᠡᠷᠡᠭ᠍ᠵᠢᠭᠦᠯᠦᠨ᠎ᠡ᠂ ᠠᠭᠯᠠᠭ ᠠᠭᠤᠯᠠ᠂ ᠳᠠᠴᠢᠷ ᠭᠤᠤ᠂ ᠬᠠᠯᠴᠠᠭᠠᠢ ᠳᠤᠪᠣ᠂ ᠡᠵᠡᠭᠦᠢ ᠳᠠᠩ ᠵᠡᠷᠭᠡ ᠡᠷᠦᠭᠡ ᠳᠤ ᠳᠠᠭᠠᠭᠠᠴᠢᠯᠠᠭᠤᠯᠬᠤ ᠭᠡᠯᠪᠠᠷᠢ ᠶᠢ ᠭᠡᠷᠡᠭᠯᠡᠭᠦ ᠳᠤ ᠳᠤᠭᠢᠷᠠᠬᠤ ᠦᠭᠡᠶ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠯᠳᠠ ᠵᠠᠷᠯᠠᠬᠤ᠂ ᠦᠨ᠎ᠡ ᠬᠠᠶᠠᠨ ᠬᠤᠳᠠᠯᠳᠤᠬᠤ᠂ ᠢᠯᠠ ᠪᠠᠷ ᠵᠥᠪᠳᠡᠯᠴᠡᠭᠦ ᠵᠡᠷᠭᠡ ᠠᠷᠭ᠎ᠠ ᠪᠠᠷ ᠳᠠᠭᠠᠭᠠᠴᠢᠯᠠᠭᠤᠯᠵᠤ ᠪᠣᠯᠤᠨ᠎ᠠ᠃

ᠳᠦᠷᠪᠠᠳᠦᠭᠡᠷ ᠵᠣᠢ᠌ᠯ ᠣᠯᠤᠰ ᠡᠴᠡ ᠭᠦᠳᠡᠭᠡ ᠳᠤᠰᠬᠤᠨ ᠳᠤ ᠭᠠᠵᠠᠷ ᠰᠢᠷᠤᠢ ᠶᠢᠨ ᠳᠠᠭᠠᠭᠠᠴᠢᠯᠠᠯᠳᠠ ᠶᠢᠨ ᠬᠠᠷᠢᠴᠠᠭ᠎ᠠ ᠶᠢᠨ ᠣᠷᠳᠤ ᠬᠤᠭᠤᠴᠠᠭ᠎ᠠ ᠪᠠᠷ ᠳᠤᠭᠳᠠᠭᠤᠨ ᠪᠠᠢ᠌ᠬᠤ ᠶᠢ ᠬᠠᠤᠯᠢ ᠶᠤᠰᠤᠭᠠᠷ ᠬᠠᠮᠠᠭᠠᠯᠠᠨ᠎ᠠ᠃

ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠤᠯᠤᠭᠰᠠᠨ ᠤ ᠳᠠᠷᠠᠭ᠎ᠠ᠂ ᠭᠠᠵᠠᠷ ᠰᠢᠷᠤᠢ ᠶᠢᠨ ᠦᠮᠴᠢᠯᠠᠯ ᠤᠨ ᠡᠷᠭᠡ ᠶᠢᠨ ᠰᠢᠠᠵᠢ ᠴᠢᠨᠠᠷ ᠨᠢ ᠬᠤᠪᠢᠷᠠᠬᠤ ᠦᠭᠡᠶ᠃ ᠳᠠᠭᠠᠭᠠᠴᠢᠯᠠᠭᠰᠠᠨ ᠭᠠᠵᠠᠷ ᠢ ᠬᠤᠳᠠᠯᠳᠤᠭᠠᠯᠠᠵᠤ ᠪᠣᠯᠬᠤ ᠦᠭᠡᠶ᠃

ᠳᠠᠪᠣᠳᠤᠭᠠᠷ ᠵᠣᠢ᠌ᠯ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠢ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠠᠭᠠᠭᠠᠴᠢᠯᠠᠭᠤᠯᠬᠤ ᠪᠠᠷ ᠵᠠᠷᠯᠠᠭᠰᠠᠨ ᠭᠦᠳᠡᠭᠡ ᠳᠤᠰᠬᠤᠨ ᠤ ᠭᠠᠵᠠᠷ ᠰᠢᠷᠤᠢ ᠶᠢ ᠬᠠᠤᠯᠢ ᠶᠤᠰᠤᠭᠠᠷ ᠳᠠᠭᠠᠭᠠᠴᠢᠯᠠᠬᠤ ᠡᠷᠭᠡ ᠲᠡᠶ᠃

ᠶᠠᠮᠠᠷᠪᠠ ᠵᠤᠬᠢᠶᠠᠨ ᠪᠠᠢ᠌ᠭᠤᠯᠤᠯᠳᠠ ᠪᠣᠯᠤᠨ ᠬᠤᠪᠢ ᠭᠦᠮᠤᠨ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠤ ᠭᠠᠵᠠᠷ ᠰᠢᠷᠤᠢ ᠳᠠᠭᠠᠭᠠᠴᠢᠯᠠᠬᠤ ᠡᠷᠭᠡ ᠶᠢ ᠬᠠᠰᠤᠬᠤ ᠪᠠ ᠬᠠᠤᠯᠢ ᠪᠣᠰᠤ ᠪᠡᠷ ᠭᠢᠵᠠᠭᠠᠷᠯᠠᠵᠤ ᠪᠣᠯᠬᠤ ᠦᠭᠡᠶ᠃

ᠵᠢᠷᠭᠤᠳᠤᠭᠠᠷ ᠵᠣᠢ᠌ᠯ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠬᠤ ᠳᠤ ᠡᠮᠡᠭ᠍ᠳᠡᠢ᠌ᠴᠦᠳ ᠨᠢ ᠡᠷᠡᠭ᠍ᠳᠡᠢ᠌ᠴᠦᠳ ᠲᠡᠶ ᠠᠳᠠᠯᠢ ᠳᠡᠭ᠍ᠰᠢ ᠡᠷᠭᠡ ᠶᠢ ᠡᠳ᠋ᠯᠡᠨ᠎ᠡ᠃ ᠳᠠᠭᠠᠭᠠᠴᠢᠯᠠᠯᠳᠠ ᠶᠢᠨ ᠳᠤᠮᠳᠠ ᠡᠮᠡᠭ᠍ᠳᠡᠢ᠌ᠴᠦᠳ ᠤᠨ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠬᠤ ᠭᠡᠷᠡᠭ᠍ᠳᠡᠢ᠂ ᠶᠠᠮᠠᠷᠪᠠ ᠵᠤᠬᠢᠶᠠᠨ ᠪᠠᠢ᠌ᠭᠤᠯᠤᠯᠳᠠ ᠪᠠ ᠬᠤᠪᠢ ᠭᠦᠮᠤᠨ ᠡᠮᠡᠭ᠍ᠳᠡᠢ᠌ᠴᠦᠳ ᠤᠨ ᠡᠳ᠋ᠯᠡᠪᠠᠰᠤ ᠵᠤᠭᠢᠬᠤ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠠᠰᠤᠬᠤ ᠪᠠ ᠬᠤᠭᠢᠷᠠᠭᠤᠯᠵᠤ ᠪᠣᠯᠬᠤ ᠦᠭᠡᠶ᠃

ᠳᠤᠯᠤᠳᠤᠭᠠᠷ ᠵᠣᠢ᠌ᠯ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠤᠯᠬᠤ ᠳᠠᠭᠠᠨ ᠢᠯᠠ ᠳᠤᠳᠤ᠂ ᠲᠦᠪ ᠭᠤᠤᠯᠴᠢ᠂ ᠲᠦᠪ ᠰᠢᠳᠤᠷᠭᠤ ᠪᠠᠢ᠌ᠬᠤ ᠵᠠᠷᠴᠢᠮ ᠢ ᠪᠠᠷᠢᠮᠳᠠᠯᠠᠵᠤ᠂ ᠣᠯᠤᠰ ᠣᠷᠤᠨ᠂ ᠬᠠᠮᠳᠤ ᠨᠠᠢ᠌ᠳᠠ᠂ ᠬᠤᠪᠢ ᠭᠦᠮᠤᠨ ᠭᠤᠷᠪᠠᠨ ᠳᠠᠯ᠎ᠠ ᠶᠢᠨ ᠭᠢᠨ ᠤ ᠠᠰᠢᠭ ᠳᠤᠰᠠ ᠶᠢᠨ ᠬᠠᠷᠢᠴᠠᠭ᠎ᠠ ᠶᠢ ᠵᠦᠪ ᠶᠢᠡᠷ ᠰᠢ᠌ᠦᠡᠪᠦᠷᠢᠯᠡᠭᠦ ᠭᠡᠷᠡᠭ᠍ᠳᠡᠢ᠃

ᠨᠢ᠋ᠮᠠᠳᠤᠭᠠᠷ ᠵᠣᠢ᠌ᠯ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠤᠯᠬᠤ ᠳᠠᠭᠠᠨ ᠬᠠᠤᠯᠢ ᠴᠠᠭᠠᠵᠠ᠂ ᠬᠠᠤᠯᠢ ᠳᠤᠭᠳᠠᠭᠠᠯ ᠢ ᠵᠢᠷᠤᠮᠯᠠᠨ ᠰᠠᠭᠢᠵᠤ᠂ ᠭᠠᠵᠠᠷ ᠰᠢᠷᠤᠢ ᠶᠢᠨ ᠡᠭᠢ ᠪᠠᠶᠠᠯᠢᠭ ᠢ ᠵᠦᠢ ᠵᠤᠭᠢᠰᠳᠠᠢ ᠨᠡᠭᠡᠭᠡᠨ ᠠᠰᠢᠭᠯᠠᠬᠤ ᠪᠠ ᠥᠷᠭᠦᠯᠵᠢᠯᠡᠨ ᠠᠰᠢᠭᠯᠠᠬᠤ ᠶᠢ ᠬᠠᠮᠠᠭᠠᠯᠠᠬᠤ ᠭᠡᠷᠡᠭ᠍ᠳᠡᠢ᠃ ᠬᠠᠤᠯᠢ ᠶᠤᠰᠤᠭᠠᠷ ᠵᠥᠪᠰᠢᠶᠡᠷᠡᠭᠦᠯᠦᠭ᠍ᠰᠡᠨ ᠦᠭᠡᠶ ᠪᠣᠯ ᠳᠠᠭᠠᠭᠠᠴᠢᠯᠠᠭᠰᠠᠨ ᠭᠠᠵᠠᠷ ᠢ ᠳᠠᠷᠢᠶᠠᠯᠠᠩ ᠤᠨ ᠪᠣᠰᠤ ᠪᠦᠳᠦᠭᠡᠨ ᠪᠠᠢ᠌ᠭᠤᠯᠤᠯᠳᠠ ᠳᠤ ᠭᠡᠷᠡᠭᠯᠡᠵᠤ ᠪᠣᠯᠬᠤ ᠦᠭᠡᠶ᠃

ᠣᠯᠤᠰ ᠡᠴᠡ ᠳᠠᠷᠢᠶᠠᠴᠢᠳ ᠪᠠ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠭᠠᠵᠠᠷ ᠰᠢᠷᠤᠢ ᠶᠢᠨ ᠣᠷᠤᠭᠤᠯᠤᠯᠳᠠ ᠪᠠᠨ ᠨᠡᠮᠡᠭ᠍ᠳᠡᠭᠦᠯᠭᠦ᠂ ᠭᠠᠵᠠᠷ ᠤᠨ ᠦᠩ ᠰᠢᠮ᠎ᠠ ᠶᠢ ᠨᠡᠮᠡᠭ᠍ᠳᠡᠭᠦᠯᠭᠦ᠂ ᠳᠠᠷᠢᠶᠠᠯᠠᠩ ᠤᠨ ᠣᠢ᠌ᠯᠠᠤᠠᠪᠣᠷᠢᠯᠠᠯ ᠤᠨ ᠴᠢᠳᠠᠪᠣᠷᠢ ᠪᠠᠨ ᠳᠡᠭᠡᠭ᠍ᠰᠢᠯᠡᠭᠦᠯᠭᠦ ᠶᠢ ᠵᠤᠷᠢᠭᠵᠢᠭᠤᠯᠤᠨ᠎ᠠ᠃

ᠶ‍ᠢᠰᠦᠳᠦᠭᠡᠷ ᠵᠣᠢ᠌ᠯ ᠣᠯᠤᠰ ᠡᠴᠡ ᠬᠠᠮᠳᠤ ᠶᠢᠨ ᠭᠠᠵᠠᠷ ᠰᠢᠷᠤᠢ ᠥᠮᠴᠢᠯᠡᠭ᠍ᠴᠢ ᠶᠢᠨ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ ᠳᠠᠭᠠᠭᠠᠴᠢᠯᠠᠭᠴᠢ ᠶᠢᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠠᠮᠠᠭᠠᠯᠠᠨ᠎ᠠ᠂ ᠶᠠᠮᠠᠷᠪᠠ ᠵᠤᠬᠢᠶᠠᠨ ᠪᠠᠢ᠌ᠭᠤᠯᠤᠯᠳᠠ ᠪᠠ ᠬᠤᠪᠢ ᠭᠦᠮᠤᠨ ᠳᠡᠭᠦᠨ ᠳᠤ ᠬᠠᠯᠳᠠᠵᠤ ᠪᠣᠯᠬᠤ ᠦᠭᠡᠶ᠃

ᠠᠷᠪᠠᠳᠤᠭᠠᠷ ᠵᠣᠢ᠌ᠯ ᠣᠯᠤᠰ ᠡᠴᠡ ᠳᠠᠭᠠᠭᠠᠴᠢᠯᠠᠭᠴᠢ ᠶᠢᠨ ᠬᠠᠤᠯᠢ ᠶᠤᠰᠤᠭᠠᠷ᠂ ᠰᠠᠢ᠌ᠨ ᠳᠤᠷ᠎ᠠ ᠡᠴᠡ ᠪᠠᠨ᠂ ᠦᠨ᠎ᠡ ᠲᠦᠯᠦᠪᠣᠷᠢ ᠲᠡᠶ ᠪᠠᠷ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠬᠤ ᠶᠠᠪᠣᠳᠠᠯ ᠢ ᠬᠠᠮᠠᠭᠠᠯᠠᠨ᠎ᠠ᠃

ᠠᠷᠪᠠᠨ ᠨᠢᠭᠡᠳᠦᠭᠡᠷ ᠵᠣᠢ᠌ᠯ ᠲᠦᠷᠦ ᠶᠢᠨ ᠶᠠᠪᠣᠳᠠᠯ ᠤᠨ ᠬᠤᠷᠢᠶᠠᠨ ᠤ ᠳᠠᠷᠢᠶᠠᠯᠠᠩ᠂ ᠣᠢ ᠰᠢᠭᠤᠢ ᠶᠢᠨ ᠵᠠᠰᠠᠭ ᠵᠠᠭᠢᠷᠭᠠᠨ ᠤ ᠡᠷᠭᠢᠯᠡᠨ ᠬᠠᠮᠢᠶᠠᠷᠬᠤ ᠰᠠᠯᠠᠭ᠎ᠠ ᠮᠦᠴᠢᠷ ᠨᠢ ᠲᠦᠷᠦ ᠶᠢᠨ ᠶᠠᠪᠣᠳᠠᠯ ᠤᠨ ᠬᠤᠷᠢᠶᠠᠨ ᠤ ᠳᠤᠭᠳᠠᠭᠠᠭᠰᠠᠨ ᠳᠤᠰᠢᠶᠠᠯ ᠬᠠᠷᠢᠭᠤᠴᠠᠯᠭ᠎ᠠ ᠶᠢᠨ ᠶᠤᠰᠤᠭᠠᠷ ᠪᠦᠭᠦ ᠣᠯᠤᠰ ᠤᠨ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠭᠢᠭᠡᠤᠨ ᠳᠠᠭᠠᠭᠠᠴᠢᠯᠠᠯᠳᠠ ᠶᠢᠨ ᠭᠡᠷ᠎ᠡ ᠶᠢᠨ ᠬᠠᠮᠢᠶᠠᠷᠤᠯᠳᠠ ᠶᠢ ᠳᠤᠰ ᠳᠤᠰ ᠬᠠᠷᠢᠭᠤᠴᠠᠨ ᠵᠢᠯᠤᠭᠤᠳᠤᠨ᠎ᠠ᠃ ᠰᠢᠶᠠᠨ ᠤ ᠱᠠᠳᠤᠨ ᠡᠴᠡ ᠳᠡᠭᠡᠭ᠍ᠰᠢᠭᠢ ᠣᠷᠤᠨ ᠨᠤᠳᠤᠭ ᠤᠨ ᠠᠷᠠᠤᠨ ᠤᠨ ᠵᠠᠰᠠᠭ ᠤᠨ ᠣᠷᠳᠤᠨ ᠤ ᠳᠠᠷᠢᠶᠠᠯᠠᠩ᠂ ᠣᠢ ᠰᠢᠭᠤᠢ ᠵᠡᠷᠭᠡ ᠶᠢᠨ ᠵᠠᠰᠠᠭ ᠵᠠᠭᠢᠷᠭᠠᠨ ᠤ ᠡᠷᠭᠢᠯᠡᠨ ᠬᠠᠮᠢᠶᠠᠷᠬᠤ ᠰᠠᠯᠠᠭ᠎ᠠ ᠮᠦᠴᠢᠷ ᠨᠢ ᠦᠪᠡᠷᠰᠠᠤᠨ ᠤᠨ ᠳᠤᠰᠢᠶᠠᠯ ᠬᠠᠷᠢᠭᠤᠴᠠᠯᠭ᠎ᠠ ᠶᠤᠰᠤᠭᠠᠷ ᠳᠤᠰ ᠵᠠᠰᠠᠭ ᠵᠠᠭᠢᠷᠭᠠᠨ ᠤ ᠣᠷᠤᠨ ᠤ ᠳᠤᠳᠤᠷᠠᠭᠢ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠪᠠ ᠳᠠᠭᠠᠭᠠᠴᠢᠯᠠᠯᠳᠠ ᠶᠢᠨ ᠭᠡᠷ᠎ᠡ ᠶᠢᠨ ᠬᠠᠮᠢᠶᠠᠷᠤᠯᠳᠠ ᠶᠢ ᠳᠤᠰ ᠳᠤᠰ ᠬᠠᠷᠢᠭᠤᠴᠠᠨ᠎ᠠ᠃ ᠰᠤᠮᠤ ( ᠪᠠᠯᠭᠠᠰᠤ ) ᠶᠢᠨ ᠠᠷᠠᠤᠨ ᠤᠨ ᠵᠠᠰᠠᠭ ᠤᠨ ᠣᠷᠳᠤᠨ ᠨᠢ ᠳᠤᠰ ᠵᠠᠰᠠᠭ ᠵᠠᠭᠢᠷᠭᠠᠨ ᠤ ᠣᠷᠤᠨ ᠤ ᠳᠤᠳᠤᠷᠠᠭᠢ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠪᠠ ᠳᠠᠭᠠᠭᠠᠴᠢᠯᠠᠯᠳᠠ ᠶᠢᠨ ᠭᠡᠷ᠎ᠡ ᠶᠢᠨ ᠬᠠᠮᠢᠶᠠᠷᠤᠯᠳᠠ ᠶᠢ ᠬᠠᠷᠢᠭᠤᠴᠠᠨ᠎ᠠ᠃


ᠬᠤᠶᠠᠳᠤᠭᠠᠷ ᠪᠦᠯᠦᠭ᠌      ᠡᠷᠦᠭᠡ ᠳᠤ ᠳᠠᠭᠠᠭᠠᠴᠢᠯᠠᠭᠤᠯᠬᠤ


ᠨᠢᠭᠡᠳᠦᠭᠡᠷ ᠭᠡᠰᠡᠭ᠌     ᠳᠠᠭᠠᠭᠠᠴᠢᠯᠠᠭᠤᠯᠤᠭᠴᠢ ᠪᠣᠯᠤᠨ ᠳᠠᠭᠠᠭᠠᠴᠢᠯᠠᠭᠴᠢ ᠶᠢᠨ ᠡᠷᠭᠡ ᠪᠠ ᠡᠭᠦᠷᠭᠡ


ᠠᠷᠪᠠᠨ ᠬᠤᠶᠠᠳᠤᠭᠠᠷ ᠵᠣᠢ᠌ᠯ ᠳᠠᠷᠢᠶᠠᠴᠢᠳ ᠤᠨ ᠬᠠᠮᠳᠤ ᠶᠢᠨ ᠦᠮᠴᠢᠯᠠᠯ ᠤᠨ ᠭᠠᠵᠠᠷ ᠰᠢᠷᠤᠢ ᠨᠢ ᠬᠠᠤᠯᠢ ᠶᠤᠰᠤᠭᠠᠷ ᠭᠠᠴᠠᠭᠠᠨ ᠤ ᠳᠠᠷᠢᠶᠠᠴᠢᠳ ᠤᠨ ᠬᠠᠮᠳᠤ ᠶᠢᠨ ᠦᠮᠴᠢᠯᠠᠯ ᠳᠤ ᠬᠠᠷᠢᠶᠠᠯᠠᠭᠳᠠᠵᠤ ᠪᠠᠢ᠌ᠪᠠᠯ᠂ ᠭᠠᠴᠠᠭᠠᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠪᠣᠶᠤ ᠭᠠᠴᠠᠭᠠᠨ ᠤ ᠠᠷᠠᠤᠨ ᠤᠨ ᠵᠦᠪᠯᠠᠯ ᠡᠴᠡ ᠳᠠᠭᠠᠭᠠᠴᠢᠯᠠᠭᠤᠯᠤᠨ᠎ᠠ ︔ ᠨᠢᠭᠡᠨᠲᠡ ᠭᠠᠴᠠᠭᠠᠨ ᠤ ᠳᠤᠳᠤᠭᠠᠳᠤ ᠳ᠋ᠠᠭᠢ ᠬᠤᠶᠠᠷ ᠡᠴᠡ ᠳᠡᠭᠡᠭ᠍ᠰᠢᠭᠢ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠠᠷᠢᠶᠠᠴᠢᠳ ᠤᠨ ᠬᠠᠮᠳᠤ ᠶᠢᠨ ᠦᠮᠴᠢᠯᠠᠯ ᠳᠤ ᠳᠤᠰ ᠳᠤᠰ ᠬᠠᠷᠢᠶᠠᠯᠠᠭᠳᠠᠭᠰᠠᠨ ᠪᠠᠢ᠌ᠪᠠᠯ᠂ ᠭᠠᠴᠠᠭᠠᠨ ᠤ ᠳᠤᠳᠤᠭᠠᠳᠤ ᠳ᠋ᠠᠭᠢ ᠳᠠᠷᠠ ᠭᠦ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠪᠣᠶᠤ ᠭᠠᠴᠠᠭᠠᠨ ᠤ ᠠᠷᠠᠤᠨ ᠤᠨ ᠳᠤᠭᠣᠢ᠌ᠯᠠᠩ ᠤᠳ ᠡᠴᠡ ᠳᠠᠭᠠᠭᠠᠴᠢᠯᠠᠭᠤᠯᠤᠨ᠎ᠠ᠃ ᠭᠠᠴᠠᠭᠠᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠪᠣᠶᠤ ᠭᠠᠴᠠᠭᠠᠨ ᠤ ᠠᠷᠠᠤᠨ ᠤᠨ ᠵᠦᠪᠯᠠᠯ ᠡᠴᠡ ᠳᠠᠭᠠᠭᠠᠴᠢᠯᠠᠭᠤᠯᠤᠭᠰᠠᠨ ᠪᠠᠢ᠌ᠪᠠᠯ ᠭᠠᠴᠠᠭᠠᠨ ᠤ ᠳᠤᠳᠤᠭᠠᠳᠤ ᠳ᠋ᠠᠭᠢ ᠡᠯ᠎ᠡ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠠᠷᠢᠶᠠᠴᠢᠳ ᠤᠨ ᠬᠠᠮᠳᠤ ᠶᠢᠨ ᠦᠮᠴᠢᠯᠠᠯ ᠤᠨ ᠭᠠᠵᠠᠷ ᠰᠢᠷᠤᠢ ᠶᠢᠨ ᠦᠮᠴᠢᠯᠠᠯ ᠤᠨ ᠡᠷᠭᠡ ᠶᠢ ᠬᠤᠪᠢᠷᠠᠭᠤᠯᠵᠤ ᠪᠣᠯᠬᠤ ᠦᠭᠡᠶ᠃

ᠳᠠᠷᠢᠶᠠᠴᠢᠳ ᠤᠨ ᠬᠠᠤᠯᠢ ᠶᠤᠰᠤᠭᠠᠷ ᠬᠠᠮᠳᠤ ᠪᠠᠷ ᠭᠡᠷᠡᠭᠯᠡᠵᠤ ᠪᠠᠢ᠌ᠭ᠎ᠠ ᠣᠯᠤᠰ ᠤᠨ ᠦᠮᠴᠢᠯᠠᠯ ᠤᠨ ᠭᠦᠳᠡᠭᠡ ᠳᠤᠰᠬᠤᠨ ᠤ ᠭᠠᠵᠠᠷ ᠰᠢᠷᠤᠢ ᠶᠢ ᠪᠣᠯ᠂ ᠳᠤᠰ ᠭᠠᠵᠠᠷ ᠰᠢᠷᠤᠢ ᠶᠢ ᠭᠡᠷᠡᠭᠯᠡᠵᠤ ᠪᠠᠢ᠌ᠭ᠎ᠠ ᠭᠦᠳᠡᠭᠡ ᠳᠤᠰᠬᠤᠨ ᠤ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ᠂ ᠭᠠᠴᠠᠭᠠᠨ ᠤ ᠠᠷᠠᠤᠨ ᠤᠨ ᠵᠦᠪᠯᠠᠯ ᠪᠣᠶᠤ ᠭᠠᠴᠠᠭᠠᠨ ᠤ ᠠᠷᠠᠤᠨ ᠤᠨ ᠳᠤᠭᠣᠢ᠌ᠯᠠᠩ ᠡᠴᠡ ᠳᠠᠭᠠᠭᠠᠴᠢᠯᠠᠭᠤᠯᠤᠨ᠎ᠠ᠃

ᠠᠷᠪᠠᠨ ᠭᠤᠷᠪᠠᠳᠤᠭᠠᠷ ᠵᠣᠢ᠌ᠯ ᠳᠠᠭᠠᠭᠠᠴᠢᠯᠠᠭᠤᠯᠤᠭᠴᠢ ᠳᠤᠤᠷ᠎ᠠ ᠵᠢᠭᠰᠠᠭᠠᠭᠰᠠᠨ ᠡᠷᠭᠡ ᠶᠢ ᠡᠳ᠋ᠯᠡᠨ᠎ᠡ᠄

( ᠨᠢᠭᠡ ) ᠳᠤᠰ ᠬᠠᠮᠳᠤ ᠶᠢᠨ ᠦᠮᠴᠢᠯᠠᠯ ᠤᠨ ᠪᠣᠶᠤ ᠳᠤᠰ ᠬᠠᠮᠳᠤ ᠶᠢᠨ ᠬᠠᠤᠯᠢ ᠶᠤᠰᠤᠭᠠᠷ ᠭᠡᠷᠡᠭᠯᠡᠵᠤ ᠪᠠᠢ᠌ᠭ᠎ᠠ ᠣᠯᠤᠰ ᠤᠨ ᠦᠮᠴᠢᠯᠠᠯ ᠤᠨ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠤᠯᠤᠨ᠎ᠠ ︔

( ᠬᠤᠶᠠᠷ ) ᠳᠠᠭᠠᠭᠠᠴᠢᠯᠠᠭᠴᠢ ᠶᠢᠨ ᠳᠠᠭᠠᠭᠠᠴᠢᠯᠠᠯᠳᠠ ᠶᠢᠨ ᠭᠡᠷ᠎ᠡ ᠳᠤ ᠪᠣᠯᠵᠤᠨ ᠳᠤᠭᠳᠠᠭᠰᠠᠨ ᠭᠡᠷᠡᠭ᠍ᠴᠡᠭᠡ ᠶᠤᠰᠤᠭᠠᠷ ᠭᠠᠵᠠᠷ ᠰᠢᠷᠤᠢ ᠶᠢ ᠵᠦᠢ ᠵᠤᠭᠢᠰᠳᠠᠢ ᠠᠰᠢᠭᠯᠠᠵᠤ ᠬᠠᠮᠠᠭᠠᠯᠠᠬᠤ ᠠᠵᠢᠯᠯᠠᠭ᠎ᠠ ᠳᠤ ᠭᠢᠨᠠᠯᠳᠠ ᠳᠠᠯᠪᠢᠨ᠎ᠠ ︔

( ᠭᠤᠷᠪᠠ ) ᠳᠠᠭᠠᠭᠠᠴᠢᠯᠠᠭᠴᠢ ᠶᠢᠨ ᠳᠠᠭᠠᠭᠠᠴᠢᠯᠠᠭᠰᠠᠨ ᠭᠠᠵᠠᠷ ᠪᠣᠯᠤᠨ ᠳᠠᠷᠢᠶᠠᠯᠠᠩ ᠤᠨ ᠡᠭᠢ ᠪᠠᠶᠠᠯᠢᠭ ᠢ ᠬᠤᠭᠢᠷᠠᠭᠤᠯᠬᠤ ᠠᠵᠢᠯᠯᠠᠭ᠎ᠠ ᠭᠢᠭᠦ ᠶᠢ ᠬᠤᠷᠢᠭᠯᠠᠨ᠎ᠠ ︔

( ᠳᠦᠷᠪᠡ ) ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠳᠤ ᠳᠤᠭᠳᠠᠭᠠᠭᠰᠠᠨ ᠪᠣᠰᠤᠳ ᠡᠷᠭᠡ ᠨᠤᠭᠦᠳ᠃

ᠠᠷᠪᠠᠨ ᠳᠦᠷᠪᠠᠳᠦᠭᠡᠷ ᠵᠣᠢ᠌ᠯ ᠳᠠᠭᠠᠭᠠᠴᠢᠯᠠᠭᠤᠯᠤᠭᠴᠢ ᠳᠤᠤᠷ᠎ᠠ ᠵᠢᠭᠰᠠᠭᠠᠭᠰᠠᠨ ᠡᠭᠦᠷᠭᠡ ᠨᠤᠭᠦᠳ ᠢ ᠡᠭᠦᠷᠭᠡᠯᠡᠨ᠎ᠡ᠄

( ᠨᠢᠭᠡ ) ᠳᠠᠭᠠᠭᠠᠴᠢᠯᠠᠭᠴᠢ ᠶᠢᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠠᠮᠠᠭᠠᠯᠠᠨ᠎ᠠ᠂ ᠳᠠᠭᠠᠭᠠᠴᠢᠯᠠᠯᠳᠠ ᠶᠢᠨ ᠭᠡᠷ᠎ᠡ ᠶᠢ ᠬᠠᠤᠯᠢ ᠪᠣᠰᠤ ᠪᠠᠷ ᠬᠤᠪᠢᠷᠠᠭᠤᠯᠵᠤ ᠭᠦᠴᠤᠨ ᠦᠭᠡᠶ ᠪᠣᠯᠭᠠᠵᠤ ᠪᠣᠯᠬᠤ ᠦᠭᠡᠶ ︔

( ᠬᠤᠶᠠᠷ ) ᠳᠠᠭᠠᠭᠠᠴᠢᠯᠠᠭᠴᠢ ᠶᠢᠨ ᠣᠢ᠌ᠯᠠᠤᠠᠪᠣᠷᠢᠯᠠᠯ ᠡᠵᠡᠩᠨᠡᠯᠳᠡ ᠶᠢᠨ ᠡᠵᠡᠨ ᠮᠡᠳᠡᠭᠦ ᠡᠷᠭᠡ ᠶᠢ ᠭᠦᠡᠳᠦᠦᠡᠭᠡᠨ᠎ᠡ᠂ ᠳᠠᠭᠠᠭᠠᠴᠢᠯᠠᠭᠴᠢ ᠶᠢᠨ ᠬᠠᠤᠯᠢ ᠶᠤᠰᠤᠭᠠᠷ ᠭᠡᠪ ᠤᠨ ᠣᠢ᠌ᠯᠠᠤᠠᠪᠣᠷᠢᠯᠠᠯ ᠡᠵᠡᠩᠨᠡᠯᠳᠡ ᠶᠢᠨ ᠠᠵᠢᠯᠯᠠᠭ᠎ᠠ ᠭᠢᠭᠦ ᠳᠤ ᠭᠠᠷ ᠲᠦᠷᠦᠵᠤ ᠪᠣᠯᠬᠤ ᠦᠭᠡᠶ ︔

( ᠭᠤᠷᠪᠠ ) ᠳᠠᠭᠠᠭᠠᠴᠢᠯᠠᠯᠳᠠ ᠶᠢᠨ ᠭᠡᠷ᠎ᠡ ᠳᠤ ᠪᠣᠯᠵᠤᠨ ᠳᠤᠭᠳᠠᠭᠰᠠᠨ ᠶᠤᠰᠤᠭᠠᠷ ᠳᠠᠭᠠᠭᠠᠴᠢᠯᠠᠭᠴᠢ ᠳᠤ ᠣᠢ᠌ᠯᠠᠤᠠᠪᠣᠷᠢᠯᠠᠯ᠂ ᠳᠸᠭ᠍ᠨᠢᠭ᠌ ᠮᠡᠷᠭᠡᠵᠢᠯ᠂ ᠮᠡᠳᠡᠭᠡ ᠵᠠᠩᠭᠢ ᠵᠡᠷᠭᠡ ᠶᠢᠨ ᠥᠢᠯᠡᠴᠢᠯᠡᠭᠡ ᠬᠠᠩᠭ᠋ᠠᠨ᠎ᠠ ︔

( ᠳᠦᠷᠪᠡ ) ᠰᠢᠶᠠᠨ᠂ ᠰᠤᠮᠤ ( ᠪᠠᠯᠭᠠᠰᠤ ) ᠶᠢᠨ ᠭᠠᠵᠠᠷ ᠰᠢᠷᠤᠢ ᠶᠢ ᠠᠰᠢᠭᠯᠠᠬᠤ ᠶᠡᠷᠦᠩᠭᠡᠢ ᠳᠦᠯᠦᠪᠵᠢᠭᠦᠯᠭᠡ ᠶᠢ ᠭᠡᠷᠡᠭ᠍ᠵᠢᠭᠦᠯᠵᠤ᠂ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠤᠳᠤᠭᠠᠳᠤ ᠳ᠋ᠠᠭᠢ ᠳᠠᠷᠢᠶᠠᠯᠠᠩ ᠤᠨ ᠰᠠᠭᠤᠷᠢ ᠳᠦᠭᠦᠭᠡᠷᠦᠮᠵᠢ ᠶᠢᠨ ᠪᠦᠳᠦᠭᠡᠨ ᠪᠠᠢ᠌ᠭᠤᠯᠤᠯᠳᠠ ᠶᠢ ᠵᠤᠬᠢᠶᠠᠨ ᠪᠠᠢ᠌ᠭᠤᠯᠤᠨ᠎ᠠ ︔

( ᠳᠠᠪᠣ ) ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠳᠤ ᠳᠤᠭᠳᠠᠭᠠᠭᠰᠠᠨ ᠪᠣᠰᠤᠳ ᠡᠭᠦᠷᠭᠡ ᠨᠤᠭᠦᠳ᠃

ᠠᠷᠪᠠᠨ ᠳᠠᠪᠣᠳᠤᠭᠠᠷ ᠵᠣᠢ᠌ᠯ ᠡᠷᠦᠭᠡ ᠳᠤ ᠳᠠᠭᠠᠭᠠᠴᠢᠯᠠᠭᠤᠯᠬᠤ ᠶᠢᠨ ᠳᠠᠭᠠᠭᠠᠴᠢᠯᠠᠭᠴᠢ ᠪᠣᠯ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠠᠷᠢᠶᠠᠴᠢᠨ ᠡᠷᠦᠭᠡ ᠮᠦᠨ᠃

ᠠᠷᠪᠠᠨ ᠵᠢᠷᠭᠤᠳᠤᠭᠠᠷ ᠵᠣᠢ᠌ᠯ ᠳᠠᠭᠠᠭᠠᠴᠢᠯᠠᠭᠴᠢ ᠳᠤᠤᠷ᠎ᠠ ᠵᠢᠭᠰᠠᠭᠠᠭᠰᠠᠨ ᠡᠷᠭᠡ ᠶᠢ ᠡᠳ᠋ᠯᠡᠨ᠎ᠡ᠄

( ᠨᠢᠭᠡ ) ᠳᠠᠭᠠᠭᠠᠴᠢᠯᠠᠭᠰᠠᠨ ᠭᠠᠵᠠᠷ ᠶᠢᠡᠨ ᠭᠡᠷᠡᠭᠯᠡᠭᠦ᠂ ᠳᠡᠭᠦᠨ ᠡᠴᠡ ᠠᠰᠢᠭ ᠣᠯᠬᠤ ᠪᠠ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠬᠤ ᠡᠷᠭᠡ ᠶᠢ ᠬᠠᠤᠯᠢ ᠶᠤᠰᠤᠭᠠᠷ ᠡᠳ᠋ᠯᠡᠨ᠎ᠡ︔   ᠡᠵᠡᠨ ᠮᠠᠳᠠᠵᠤ ᠣᠢ᠌ᠯᠠᠤᠠᠪᠣᠷᠢᠯᠠᠯ ᠡᠵᠡᠩᠨᠡᠯᠳᠡ ᠪᠠᠨ ᠵᠤᠬᠢᠶᠠᠨ ᠪᠠᠢ᠌ᠭᠤᠯᠬᠤ ᠪᠠ ᠦᠢᠯᠡᠳᠬᠦᠨ ᠶᠢᠡᠨ ᠰᠢ᠌ᠦᠡᠪᠦᠷᠢᠯᠡᠭᠦ ᠡᠷᠭᠡ ᠲᠡᠶ ︔

( ᠬᠤᠶᠠᠷ ) ᠳᠠᠭᠠᠭᠠᠴᠢᠯᠠᠭᠰᠠᠨ ᠭᠠᠵᠠᠷ ᠢ ᠨᠢ ᠬᠠᠤᠯᠢ ᠶᠤᠰᠤᠭᠠᠷ ᠳᠠᠳᠠᠪᠣᠷᠢᠯᠠᠨ ᠭᠡᠷᠡᠭᠯᠡᠵᠤ᠂ ᠡᠵᠡᠯᠡᠨ ᠭᠡᠷᠡᠭᠯᠡᠭ᠍ᠰᠡᠨ ᠪᠠᠢ᠌ᠪᠠᠯ᠂ ᠬᠠᠤᠯᠢ ᠶᠤᠰᠤᠭᠠᠷ ᠵᠤᠭᠢᠴᠠᠩᠭ᠋ᠤᠢ ᠨᠥᠭᠦᠪᠦᠷᠢ ᠣᠯᠬᠤ ᠡᠷᠭᠡ ᠲᠡᠶ ︔

( ᠭᠤᠷᠪᠠ ) ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠳᠤ ᠳᠤᠭᠳᠠᠭᠠᠭᠰᠠᠨ ᠪᠣᠰᠤᠳ ᠡᠷᠭᠡ ᠨᠤᠭᠦᠳ᠃

ᠠᠷᠪᠠᠨ ᠳᠤᠯᠤᠳᠤᠭᠠᠷ ᠵᠣᠢ᠌ᠯ ᠳᠠᠭᠠᠭᠠᠴᠢᠯᠠᠭᠴᠢ ᠳᠤᠤᠷ᠎ᠠ ᠵᠢᠭᠰᠠᠭᠠᠭᠰᠠᠨ ᠡᠭᠦᠷᠭᠡ ᠶᠢ ᠡᠭᠦᠷᠭᠡᠯᠡᠨ᠎ᠡ᠄

( ᠨᠢᠭᠡ ) ᠭᠠᠵᠠᠷ ᠰᠢᠷᠤᠢ ᠶᠢ ᠳᠠᠷᠢᠶᠠᠯᠠᠩ ᠳᠤ ᠭᠡᠷᠡᠭᠯᠡᠭᠦ ᠶᠢ ᠪᠠᠳᠤᠯᠠᠨ᠎ᠠ᠂ ᠳᠠᠷᠢᠶᠠᠯᠠᠩ ᠤᠨ ᠪᠣᠰᠤ ᠪᠦᠳᠦᠭᠡᠨ ᠪᠠᠢ᠌ᠭᠤᠯᠤᠯᠳᠠ ᠳᠤ ᠭᠡᠷᠡᠭᠯᠡᠵᠤ ᠪᠣᠯᠬᠤ ᠦᠭᠡᠶ᠃

( ᠬᠤᠶᠠᠷ ) ᠭᠠᠵᠠᠷ ᠰᠢᠷᠤᠢ ᠶᠢ ᠬᠠᠤᠯᠢ ᠶᠤᠰᠤᠭᠠᠷ ᠬᠠᠮᠠᠭᠠᠯᠠᠵᠤ᠂ ᠵᠦᠢ ᠵᠤᠭᠢᠰᠳᠠᠢ ᠠᠰᠢᠭᠯᠠᠨ᠎ᠠ᠂ ᠭᠠᠵᠠᠷ ᠰᠢᠷᠤᠢ ᠳᠤ ᠡᠭᠦᠷᠢᠳᠡ ᠶᠢᠨ ᠴᠢᠨᠠᠷᠳᠠᠢ ᠬᠤᠭᠢᠷᠠᠯ ᠣᠴᠠᠷᠠᠭᠤᠯᠵᠤ ᠪᠣᠯᠬᠤ ᠦᠭᠡᠶ᠃

( ᠭᠤᠷᠪᠠ )ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠳᠤ ᠳᠤᠭᠳᠠᠭᠠᠭᠰᠠᠨ ᠪᠣᠰᠤᠳ ᠡᠭᠦᠷᠭᠡ ᠨᠤᠭᠦᠳ᠃


ᠬᠤᠶᠠᠳᠤᠭᠠᠷ ᠭᠡᠰᠡᠭ᠌     ᠳᠠᠭᠠᠭᠠᠴᠢᠯᠠᠯᠠᠳᠠ ᠶᠢᠨ ᠵᠠᠷᠴᠢᠮ ᠪᠠ ᠵᠢᠷᠤᠮ


ᠠᠷᠪᠠᠨ ᠨᠢ᠋ᠮᠠᠳᠤᠭᠠᠷ ᠵᠣᠢ᠌ᠯ ᠭᠠᠵᠠᠷ ᠰᠢᠷᠤᠢ ᠶᠢᠨ ᠳᠠᠭᠠᠭᠠᠴᠢᠯᠠᠯᠳᠠ ᠳᠤ ᠳᠤᠤᠷᠠᠭᠢ ᠵᠠᠷᠴᠢᠮ ᠢ ᠵᠢᠷᠤᠮᠯᠠᠬᠤ ᠭᠡᠷᠡᠭ᠍ᠳᠡᠢ᠄

( ᠨᠢᠭᠡ ) ᠳᠤᠭᠳᠠᠭᠠᠯ ᠶᠤᠰᠤᠭᠠᠷ ᠨᠢᠭᠡᠳᠦᠯᠳᠡᠢ ᠵᠤᠬᠢᠶᠠᠨ ᠪᠠᠢ᠌ᠭᠤᠯᠵᠤ ᠳᠠᠭᠠᠭᠠᠴᠢᠯᠠᠭᠤᠯᠬᠤ ᠦᠶ᠎ᠡ᠂ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠡᠷ ᠬᠠᠤᠯᠢ ᠶᠤᠰᠤᠭᠠᠷ ᠭᠠᠵᠠᠷ ᠰᠢᠷᠤᠢ ᠶᠢ ᠳᠠᠭᠠᠭᠠᠴᠢᠯᠠᠬᠤ ᠡᠷᠭᠡ ᠪᠠᠨ ᠡᠷᠭᠡ ᠳᠡᠭ᠍ᠰᠢ ᠪᠠᠷ ᠭᠡᠷᠡᠭ᠍ᠵᠢᠭᠦᠯᠦᠨ᠎ᠡ᠂ ᠭᠠᠵᠠᠷ ᠰᠢᠷᠤᠢ ᠳᠠᠭᠠᠭᠠᠴᠢᠯᠠᠬᠤ ᠡᠷᠭᠡ ᠪᠠᠨ ᠰᠠᠢ᠌ᠨ ᠳᠤᠷ᠎ᠠ ᠡᠴᠡ ᠪᠠᠨ ᠬᠠᠶᠠᠵᠤ ᠪᠠᠰᠠ ᠪᠣᠯᠤᠨ᠎ᠠ ︔

( ᠬᠤᠶᠠᠷ ) ᠠᠷᠠᠤᠠᠴᠢᠯᠠᠯ ᠶᠢᠡᠷ ᠵᠥᠪᠳᠡᠯᠴᠡᠭᠦ᠂ ᠭᠤᠤᠯᠴᠢ ᠪᠦᠭᠡᠤᠨ ᠵᠦᠢ ᠵᠤᠭᠢᠰᠳᠠᠢ ᠪᠠᠢ᠌ᠬᠤ ︔

( ᠭᠤᠷᠪᠠ ) ᠳᠠᠭᠠᠭᠠᠴᠢᠯᠠᠯᠳᠠ ᠶᠢᠨ ᠲᠦᠰᠤᠯ ᠢ ᠳᠤᠰ ᠬᠠᠤᠯᠢ ᠶᠢᠨ ᠠᠷᠪᠠᠨ ᠬᠤᠶᠠᠳᠤᠭᠠᠷ ᠵᠣᠢ᠌ᠯ ᠤᠨ ᠳᠤᠭᠳᠠᠭᠠᠯ ᠶᠤᠰᠤᠭᠠᠷ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠡᠷ ᠤᠨ ᠭᠠᠴᠠᠭᠠᠨ ᠤ ᠠᠷᠠᠤᠨ ᠤᠨ ᠬᠤᠷᠠᠯᠳᠤᠭᠠᠨ ᠤ ᠭᠤᠷᠪᠠᠨ ᠤ ᠬᠤᠶᠠᠷ ᠬᠤᠪᠢ ᠡᠴᠡ ᠳᠡᠭᠡᠭ᠍ᠰᠢᠭᠢ ᠪᠦᠷᠢᠯᠳᠦᠭᠦᠨ ᠪᠣᠶᠤ ᠭᠤᠷᠪᠠᠨ ᠤ ᠬᠤᠶᠠᠷ ᠬᠤᠪᠢ ᠡᠴᠡ ᠳᠡᠭᠡᠭ᠍ᠰᠢᠭᠢ ᠭᠠᠴᠠᠭᠠᠨ ᠤ ᠠᠷᠠᠤᠨ ᠤᠨ ᠳᠦᠯᠦᠭᠡᠯᠡᠭ᠍ᠴᠢᠳ ᠶᠢᠡᠷ ᠵᠥᠪᠰᠢᠶᠡᠷᠡᠭᠦᠯᠦᠭ᠍ᠰᠡᠨ ᠪᠠᠢ᠌ᠬᠤ ᠭᠡᠷᠡᠭ᠍ᠳᠡᠢ ︔

( ᠳᠦᠷᠪᠡ ) ᠳᠠᠭᠠᠭᠠᠴᠢᠯᠠᠯᠳᠠ ᠶᠢᠨ ᠵᠢᠷᠤᠮ ᠨᠢ ᠬᠠᠤᠯᠢ ᠳᠤ ᠨᠡᠢ᠌ᠴᠡᠭᠦ᠃

ᠠᠷᠪᠠ ᠶ‍ᠢᠰᠦᠳᠦᠭᠡᠷ ᠵᠣᠢ᠌ᠯ ᠭᠠᠵᠠᠷ ᠰᠢᠷᠤᠢ ᠶᠢᠨ ᠳᠠᠭᠠᠭᠠᠴᠢᠯᠠᠯᠳᠠ ᠶᠢ ᠳᠤᠤᠷᠠᠭᠢ ᠵᠢᠷᠤᠮ ᠶᠢᠡᠷ ᠶᠠᠪᠣᠭᠤᠯᠬᠤ ᠭᠡᠷᠡᠭ᠍ᠳᠡᠢ᠄

( ᠨᠢᠭᠡ ) ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠡᠷ ᠤᠨ ᠭᠠᠴᠠᠭᠠᠨ ᠤ ᠠᠷᠠᠤᠨ ᠤᠨ ᠬᠤᠷᠠᠯᠳᠤᠭᠠᠨ ᠶᠢᠡᠷ ᠳᠠᠭᠠᠭᠠᠴᠢᠯᠠᠯᠳᠠ ᠶᠢᠨ ᠠᠵᠢᠯᠯᠠᠬᠤ ᠳᠤᠭᠣᠢ᠌ᠯᠠᠩ ᠢ ᠰᠤᠩᠭ᠋ᠤᠵᠤ ᠭᠠᠷᠭᠠᠨ᠎ᠠ ︔

( ᠬᠤᠶᠠᠷ ) ᠳᠠᠭᠠᠭᠠᠴᠢᠯᠠᠯᠳᠠ ᠶᠢᠨ ᠠᠵᠢᠯᠯᠠᠬᠤ ᠳᠤᠭᠣᠢ᠌ᠯᠠᠩ ᠨᠢ ᠬᠠᠤᠯᠢ ᠴᠠᠭᠠᠵᠠ᠂ ᠬᠠᠤᠯᠢ ᠳᠤᠭᠳᠠᠭᠠᠯ ᠤᠨ ᠳᠤᠭᠳᠠᠭᠠᠯ ᠶᠤᠰᠤᠭᠠᠷ᠂ ᠳᠠᠭᠠᠭᠠᠴᠢᠯᠠᠯᠳᠠ ᠶᠢᠨ ᠲᠦᠰᠤᠯ ᠢ ᠳᠤᠭᠤᠷᠪᠢᠨ ᠳᠤᠭᠳᠠᠭᠠᠬᠤ ᠪᠦᠭᠡᠤᠨ ᠨᠠᠢ᠌ᠳᠠᠯᠠᠨ᠎ᠠ ︔

( ᠭᠤᠷᠪᠠ ) ᠬᠠᠤᠯᠢ ᠶᠤᠰᠤᠭᠠᠷ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠡᠷ ᠤᠨ ᠭᠠᠴᠠᠭᠠᠨ ᠤ ᠠᠷᠠᠤᠨ ᠤᠨ ᠬᠤᠷᠠᠯᠳᠤᠭᠠᠨ ᠢ ᠬᠤᠷᠠᠯᠳᠤᠭᠤᠯᠵᠤ᠂ ᠳᠠᠭᠠᠭᠠᠴᠢᠯᠠᠯᠳᠠ ᠶᠢᠨ ᠲᠦᠰᠤᠯ ᠢ ᠶᠠᠷᠢᠯᠴᠠᠨ ᠪᠠᠳᠤᠯᠠᠨ᠎ᠠ ︔

( ᠳᠦᠷᠪᠡ ) ᠳᠠᠭᠠᠭᠠᠴᠢᠯᠠᠯᠳᠠ ᠶᠢᠨ ᠲᠦᠰᠤᠯ ᠢ ᠢᠯᠠ ᠪᠠᠷ ᠵᠤᠬᠢᠶᠠᠨ ᠪᠠᠢ᠌ᠭᠤᠯᠵᠤ ᠭᠡᠷᠡᠭ᠍ᠵᠢᠭᠦᠯᠦᠨ᠎ᠡ ︔

( ᠳᠠᠪᠣ ) ᠳᠠᠭᠠᠭᠠᠴᠢᠯᠠᠯᠳᠠ ᠶᠢᠨ ᠭᠡᠷ᠎ᠡ ᠪᠠᠢ᠌ᠭᠤᠯᠤᠨ᠎ᠠ᠃


ᠭᠤᠷᠪᠠᠳᠤᠭᠠᠷ ᠭᠡᠰᠡᠭ᠌     ᠳᠠᠭᠠᠭᠠᠴᠢᠯᠠᠯᠳᠠ ᠶᠢᠨ ᠬᠤᠭᠤᠴᠠᠭ᠎ᠠ ᠪᠠ ᠳᠠᠭᠠᠭᠠᠴᠢᠯᠠᠯᠳᠠ ᠶᠢᠨ ᠭᠡᠷ᠎ᠡ


ᠬᠤᠷᠢᠳᠤᠭᠠᠷ ᠵᠣᠢ᠌ᠯ ᠳᠠᠷᠢᠶᠠᠨ ᠭᠠᠵᠠᠷ ᠤᠨ ᠳᠠᠭᠠᠭᠠᠴᠢᠯᠠᠯᠳᠠ ᠶᠢᠨ ᠬᠤᠭᠤᠴᠠᠭ᠎ᠠ ᠪᠣᠯ ᠭᠤᠴᠢᠨ ᠵᠢᠯ ᠪᠣᠯᠤᠨ᠎ᠠ᠃ ᠡᠪᠠᠰᠦᠳᠤ ᠭᠠᠵᠠᠷ ᠤᠨ ᠳᠠᠭᠠᠭᠠᠴᠢᠯᠠᠯᠳᠠ ᠶᠢᠨ ᠬᠤᠭᠤᠴᠠᠭ᠎ᠠ ᠪᠣᠯ ᠭᠤᠴᠢᠨ ᠵᠢᠯ ᠡᠴᠡ ᠳᠠᠪᠢᠨ ᠵᠢᠯ ᠪᠣᠯᠤᠨ᠎ᠠ᠃ ᠣᠢ᠌ᠳᠤ ᠭᠠᠵᠠᠷ ᠤᠨ ᠳᠠᠭᠠᠭᠠᠴᠢᠯᠠᠯᠳᠠ ᠶᠢᠨ ᠬᠤᠭᠤᠴᠠᠭ᠎ᠠ ᠪᠣᠯ ᠭᠤᠴᠢᠨ ᠵᠢᠯ ᠡᠴᠡ ᠳᠠᠯᠠᠨ ᠵᠢᠯ ᠪᠣᠯᠤᠨ᠎ᠠ ︔ ᠣᠠᠴᠠᠭᠠᠢ ᠣᠢ ᠮᠤᠳᠤᠨ ᠤ ᠣᠢ᠌ᠳᠤ ᠭᠠᠵᠠᠷ ᠤᠨ ᠳᠠᠭᠠᠭᠠᠴᠢᠯᠠᠯᠳᠠ ᠶᠢᠨ ᠬᠤᠭᠤᠴᠠᠭ᠎ᠠ ᠶᠢ ᠲᠦᠷᠦ ᠶᠢᠨ ᠶᠠᠪᠣᠳᠠᠯ ᠤᠨ ᠬᠤᠷᠢᠶᠠᠨ ᠤ ᠣᠢ ᠰᠢᠭᠤᠢ ᠶᠢᠨ ᠵᠠᠰᠠᠭ ᠵᠠᠭᠢᠷᠭᠠᠨ ᠤ ᠡᠷᠭᠢᠯᠡᠨ ᠬᠠᠮᠢᠶᠠᠷᠬᠤ ᠰᠠᠯᠠᠭ᠎ᠠ ᠮᠦᠴᠢᠷ ᠶᠢᠡᠷ ᠵᠥᠪᠰᠢᠶᠡᠷᠡᠭᠦᠯᠦᠭᠡᠤᠨ ᠣᠷᠳᠤᠤᠠᠬᠠᠵᠤ ᠪᠣᠯᠤᠨ᠎ᠠ᠃

ᠬᠤᠷᠢᠨ ᠨᠢᠭᠡᠳᠦᠭᠡᠷ ᠵᠣᠢ᠌ᠯ ᠳᠠᠭᠠᠭᠠᠴᠢᠯᠠᠭᠤᠯᠤᠭᠴᠢ ᠨᠢ ᠳᠠᠭᠠᠭᠠᠴᠢᠯᠠᠭᠴᠢ ᠲᠡᠶ ᠪᠢᠴᠢᠭ᠌ ᠶᠢᠡᠷ ᠳᠠᠭᠠᠭᠠᠴᠢᠯᠠᠯᠳᠠ ᠶᠢᠨ ᠭᠡᠷ᠎ᠡ ᠪᠠᠢ᠌ᠭᠤᠯᠬᠤ ᠭᠡᠷᠡᠭ᠍ᠳᠡᠢ᠃

ᠳᠠᠭᠠᠭᠠᠴᠢᠯᠠᠯᠳᠠ ᠶᠢᠨ ᠭᠡᠷ᠎ᠡ ᠳᠤ ᠡᠡᠭ᠌ ᠤᠨ ᠪᠠᠢ᠌ᠳᠠᠯ ᠤᠨ ᠳᠤᠤᠷ᠎ᠠ ᠳᠤᠤᠷᠠᠭᠢ ᠵᠣᠢ᠌ᠯ ᠵᠤᠷᠪᠣᠰ ᠤᠳ ᠢ ᠪᠠᠭᠳᠠᠭᠠᠨ᠎ᠠ᠄

( ᠨᠢᠭᠡ ) ᠳᠠᠭᠠᠭᠠᠴᠢᠯᠠᠭᠤᠯᠤᠭᠴᠢ ᠪᠠ ᠳᠠᠭᠠᠭᠠᠴᠢᠯᠠᠭᠴᠢ ᠶᠢᠨ ᠨᠠᠷᠠᠢ᠌ᠳᠤᠯ᠂ ᠳᠠᠭᠠᠭᠠᠴᠢᠯᠠᠭᠤᠯᠤᠭᠴᠢ ᠶᠢᠨ ᠬᠠᠷᠢᠭᠤᠴᠠᠯᠭᠠᠳᠠᠨ ᠪᠠ ᠳᠠᠭᠠᠭᠠᠴᠢᠯᠠᠭᠴᠢ ᠶᠢᠨ ᠳᠦᠯᠦᠭᠡᠯᠡᠭ᠍ᠴᠢ ᠶᠢᠨ ᠣᠪᠣᠭ ᠨᠠᠷ᠎ᠠ᠂ ᠣᠷᠤᠨ ᠰᠠᠭᠤᠴᠠ ︔

( ᠬᠤᠶᠠᠷ ) ᠳᠠᠭᠠᠭᠠᠴᠢᠯᠠᠯᠳᠠ ᠶᠢᠨ ᠭᠠᠵᠠᠷ ᠰᠢᠷᠤᠢ ᠶᠢᠨ ᠨᠠᠷᠠᠢ᠌ᠳᠤᠯ᠂ ᠣᠷᠤᠨ ᠪᠠᠢ᠌ᠷᠢ᠂ ᠳᠠᠯᠠᠪᠠᠢ᠂ ᠶᠠᠰᠤ ᠴᠢᠨᠠᠷ ᠤᠨ ᠵᠡᠷᠭᠡ ᠳᠠᠰ ︔

( ᠭᠤᠷᠪᠠ ) ᠳᠠᠭᠠᠭᠠᠴᠢᠯᠠᠯᠳᠠ ᠶᠢᠨ ᠬᠤᠭᠤᠴᠠᠭ᠎ᠠ ᠪᠠ ᠡᠭᠢᠯᠡᠵᠤ ᠳᠠᠭᠤᠰᠬᠤ ᠡᠳᠦᠷ ᠬᠤᠭᠤᠴᠠᠭ᠎ᠠ ︔

( ᠳᠦᠷᠪᠡ ) ᠳᠠᠭᠠᠭᠠᠴᠢᠯᠠᠯᠳᠠ ᠶᠢᠨ ᠭᠠᠵᠠᠷ ᠰᠢᠷᠤᠢ ᠶᠢᠨ ᠭᠡᠷᠡᠭ᠍ᠴᠡᠭᠡ ︔

( ᠳᠠᠪᠣ ) ᠳᠠᠭᠠᠭᠠᠴᠢᠯᠠᠭᠤᠯᠤᠭᠴᠢ ᠪᠣᠯᠤᠨ ᠳᠠᠭᠠᠭᠠᠴᠢᠯᠠᠭᠴᠢ ᠶᠢᠨ ᠡᠷᠭᠡ ᠪᠠ ᠡᠭᠦᠷᠭᠡ ︔

( ᠵᠢᠷᠭᠤᠭ᠎ᠠ ) ᠭᠡᠷ᠎ᠡ ᠶᠢ ᠵᠥᠷᠢᠴᠡᠭ᠍ᠰᠡᠨ ᠬᠠᠷᠢᠭᠤᠴᠠᠯᠭ᠎ᠠ᠃

ᠬᠤᠷᠢᠨ ᠬᠤᠶᠠᠳᠤᠭᠠᠷ ᠵᠣᠢ᠌ᠯ ᠳᠠᠭᠠᠭᠠᠴᠢᠯᠠᠯᠳᠠ ᠶᠢᠨ ᠭᠡᠷ᠎ᠡ ᠪᠣᠯ ᠪᠠᠢ᠌ᠭᠤᠯᠤᠭᠰᠠᠨ ᠡᠳᠦᠷ ᠡᠴᠡ ᠡᠭᠢᠯᠡᠨ ᠭᠦᠴᠤᠨ ᠲᠡᠶ ᠪᠣᠯᠤᠨ᠎ᠠ᠃ ᠳᠠᠭᠠᠭᠠᠴᠢᠯᠠᠭᠴᠢ ᠨᠢ ᠳᠠᠭᠠᠭᠠᠴᠢᠯᠠᠯᠳᠠ ᠶᠢᠨ ᠭᠡᠷ᠎ᠡ ᠭᠦᠴᠤᠨ ᠲᠡᠶ ᠪᠣᠯᠤᠭᠰᠠᠨ ᠴᠠᠭ ᠡᠴᠡ ᠡᠭᠢᠯᠡᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠣᠯᠤᠨ᠎ᠠ᠃

ᠬᠤᠷᠢᠨ ᠭᠤᠷᠪᠠᠳᠤᠭᠠᠷ ᠵᠣᠢ᠌ᠯ ᠰᠢᠶᠠᠨ ᠤ ᠱᠠᠳᠤᠨ ᠡᠴᠡ ᠳᠡᠭᠡᠭ᠍ᠰᠢᠭᠢ ᠣᠷᠤᠨ ᠨᠤᠳᠤᠭ ᠤᠨ ᠠᠷᠠᠤᠨ ᠤᠨ ᠵᠠᠰᠠᠭ ᠤᠨ ᠣᠷᠳᠤᠨ ᠡᠴᠡ ᠳᠠᠭᠠᠭᠠᠴᠢᠠᠯᠭᠴᠢ ᠳᠤ ᠭᠠᠵᠠᠷ ᠰᠢᠷᠤᠢ ᠶᠢ ᠳᠠᠭᠠᠭᠠᠴᠢᠯᠠᠨ ᠡᠵᠡᠩᠨᠡᠭᠦ ᠡᠷᠭᠡ ᠶᠢᠨ ᠦᠨᠡᠮᠯᠠᠯ ᠪᠣᠶᠤ ᠣᠢ ᠮᠤᠳᠤᠨ ᠤ ᠡᠷᠭᠡ ᠶᠢᠨ ᠦᠨᠡᠮᠯᠠᠯ ᠢ ᠣᠯᠭᠤᠬᠤ ᠭᠡᠷᠡᠭ᠍ᠳᠡᠢ᠂ ᠳᠡᠭᠦᠡᠴᠢᠯᠡᠨ ᠪᠦᠷᠢᠦᠡᠭᠡᠨ ᠳᠠᠩᠰᠠᠯᠠᠵᠤ᠂ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠨᠢ ᠨᠤᠳᠠᠯᠠᠨ ᠵᠥᠪᠰᠢᠶᠡᠷᠡᠭᠦ ᠭᠡᠷᠡᠭ᠍ᠳᠡᠢ᠃

ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠦᠨᠡᠮᠯᠠᠯ ᠪᠣᠶᠤ ᠣᠢ ᠮᠤᠳᠤᠨ ᠤ ᠡᠷᠭᠡ ᠶᠢᠨ ᠦᠨᠡᠮᠯᠠᠯ ᠢ ᠣᠯᠭᠤᠬᠤ ᠳᠤ ᠳᠤᠭᠳᠠᠭᠠᠯ ᠶᠤᠰᠤᠭᠠᠷ ᠦᠨᠡᠮᠯᠠᠯ ᠤᠨ ᠦᠨ᠎ᠡ ᠥᠷᠳᠡᠭ᠌ ᠤᠨ ᠵᠠᠷᠤᠳᠠᠯ ᠢ ᠬᠤᠷᠢᠶᠠᠬᠤ ᠡᠴᠡ ᠭᠠᠳᠠᠨ᠎ᠠ ᠪᠣᠰᠤᠳ ᠵᠠᠷᠤᠳᠠᠯ ᠬᠤᠷᠢᠶᠠᠵᠤ ᠪᠣᠯᠬᠤ ᠦᠭᠡᠶ᠃

ᠬᠤᠷᠢᠨ ᠳᠦᠷᠪᠠᠳᠦᠭᠡᠷ ᠵᠣᠢ᠌ᠯ ᠳᠠᠭᠠᠭᠠᠴᠢᠯᠠᠯᠳᠠ ᠶᠢᠨ ᠭᠡᠷ᠎ᠡ ᠭᠦᠴᠤᠨ ᠲᠡᠶ ᠪᠣᠯᠤᠭᠰᠠᠨ ᠤ ᠳᠠᠷᠠᠭ᠎ᠠ᠂ ᠳᠠᠭᠠᠭᠠᠴᠢᠯᠠᠭᠤᠯᠤᠭᠴᠢ ᠨᠢ ᠳᠠᠭᠠᠭᠠᠨ ᠭᠦᠢᠴᠡᠳᠭᠡᠭ᠍ᠴᠢ ᠪᠣᠶᠤ ᠬᠠᠷᠢᠭᠤᠴᠠᠭᠴᠢ ᠶᠢᠨ ᠬᠤᠪᠢᠷᠠᠭᠰᠠᠨ ᠡᠴᠡ ᠪᠣᠯᠵᠤ᠂ ᠭᠡᠷ᠎ᠡ ᠶᠢ ᠬᠤᠪᠢᠷᠠᠭᠤᠯᠬᠤ ᠪᠣᠶᠤ ᠭᠦᠴᠤᠨ ᠦᠭᠡᠶ ᠪᠣᠯᠭᠠᠵᠤ ᠪᠣᠯᠬᠤ ᠦᠭᠡᠶ᠂ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠨᠢ ᠰᠠᠯᠵᠤ ᠳᠤᠰᠠᠭᠠᠷᠯᠠᠭᠰᠠᠨ ᠪᠣᠶᠤ ᠨᠡᠢ᠌ᠯᠡᠭ᠍ᠰᠡᠨ ᠡᠴᠡ ᠪᠣᠯᠵᠤ ᠭᠡᠷ᠎ᠡ ᠶᠢ ᠬᠤᠪᠢᠷᠠᠭᠤᠯᠬᠤ ᠪᠣᠶᠤ ᠭᠦᠴᠤᠨ ᠦᠭᠡᠶ ᠪᠣᠯᠭᠠᠵᠤ ᠪᠠᠰᠠ ᠪᠣᠯᠬᠤ ᠦᠭᠡᠶ᠃

ᠬᠤᠷᠢᠨ ᠳᠠᠪᠣᠳᠤᠭᠠᠷ ᠵᠣᠢ᠌ᠯ ᠲᠦᠷᠦ ᠶᠢᠨ ᠪᠠᠢ᠌ᠭᠤᠯᠭ᠎ᠠ ᠭᠢᠭᠡᠤᠨ ᠳᠡᠭᠦᠨ ᠤ ᠠᠵᠢᠯᠳᠠᠨ ᠡᠷᠭᠡ ᠳᠤᠰᠢᠶᠠᠯ ᠶᠢᠡᠨ ᠠᠰᠢᠭᠯᠠᠵᠤ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠳᠤ ᠭᠠᠷ ᠳᠦᠷᠦᠭᠦ ᠪᠣᠶᠤ ᠳᠠᠭᠠᠭᠠᠴᠢᠯᠠᠯᠳᠠ ᠶᠢᠨ ᠭᠡᠷ᠎ᠡ ᠶᠢ ᠬᠤᠪᠢᠷᠠᠭᠤᠯᠵᠤ᠂ ᠭᠦᠴᠤᠨ ᠦᠭᠡᠶ ᠪᠣᠯᠭᠠᠵᠤ ᠪᠣᠯᠬᠤ ᠦᠭᠡᠶ᠃


ᠳᠦᠷᠪᠠᠳᠦᠭᠡᠷ ᠭᠡᠰᠡᠭ᠌     ᠭᠠᠵᠠᠷ ᠰᠢᠷᠤᠢ ᠶᠢᠨ ᠳᠠᠭᠠᠭᠠᠴᠢᠯᠠᠨ ᠡᠵᠡᠩᠨᠡᠭᠦ ᠡᠷᠭᠡ ᠶᠢ ᠬᠠᠮᠠᠭᠠᠯᠠᠬᠤ


ᠬᠤᠷᠢᠨ ᠵᠢᠷᠭᠤᠳᠤᠭᠠᠷ ᠵᠣᠢ᠌ᠯ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠳᠠᠭᠠᠭᠠᠴᠢᠯᠠᠭᠤᠯᠤᠭᠴᠢ ᠨᠢ ᠳᠠᠭᠠᠭᠠᠴᠢᠯᠠᠭᠰᠠᠨ ᠭᠠᠵᠠᠷ ᠢ ᠬᠤᠷᠢᠶᠠᠨ ᠠᠪᠴᠤ ᠪᠣᠯᠬᠤ ᠦᠭᠡᠶ᠃

ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠳᠠᠭᠠᠭᠠᠴᠢᠯᠠᠭᠴᠢ ᠨᠢ ᠪᠦᠭᠦ ᠭᠡᠷ ᠶᠢᠡᠷ ᠶᠢᠡᠨ ᠵᠢᠵᠢᠭ᠌ ᠬᠤᠳᠠ ᠪᠠᠯᠭᠠᠰᠤᠨ ᠳᠤ ᠨᠡᠭᠦᠵᠤ ᠣᠴᠢᠭᠠᠤᠨ ᠡᠷᠦᠭᠡ ᠠᠮᠠ ᠪᠠᠨ ᠣᠷᠤᠭᠤᠯᠤᠭᠰᠠᠨ ᠪᠠᠢ᠌ᠪᠠᠯ ᠳᠠᠭᠠᠭᠠᠴᠢᠯᠠᠭᠴᠢ ᠶᠢᠨ ᠭᠦᠰᠡᠯ ᠡᠷᠡᠮᠡᠯᠵᠡᠯ ᠶᠤᠰᠤᠭᠠᠷ ᠳᠠᠳᠠᠨ ᠤ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠨᠢ ᠥᠯᠡᠳᠡᠭᠡᠵᠤ ᠦᠭ‍ᠭᠦ ᠪᠣᠶᠤ ᠳᠡᠭᠦᠨ ᠤ ᠬᠠᠤᠯᠢ ᠶᠤᠰᠤᠭᠠᠷ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠬᠤ ᠶᠢ ᠨᠢ ᠵᠥᠪᠰᠢᠶᠡᠷᠡᠭᠦ ᠭᠡᠷᠡᠭ᠍ᠳᠡᠢ᠃

ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠳᠠᠭᠠᠭᠠᠴᠢᠯᠠᠭᠴᠢ ᠨᠢ ᠪᠦᠭᠦ ᠭᠡᠷ ᠶᠢᠡᠷ ᠶᠢᠡᠨ ᠳᠤᠭᠤᠷᠢᠭ ᠪᠦᠭᠦᠢ ᠬᠤᠳᠠ ᠳᠤ ᠨᠡᠭᠦᠵᠤ ᠣᠴᠢᠵᠤ᠂ ᠳᠠᠷᠢᠶᠠᠯᠠᠩ ᠤᠨ ᠪᠣᠰᠤ ᠡᠷᠦᠭᠡ ᠠᠮᠠ ᠪᠣᠯᠵᠤ ᠬᠤᠪᠢᠷᠠᠭᠰᠠᠨ ᠪᠠᠢ᠌ᠪᠠᠯ᠂ ᠳᠠᠭᠠᠭᠠᠴᠢᠯᠠᠭᠰᠠᠨ ᠳᠠᠷᠢᠶᠠᠨ ᠭᠠᠵᠠᠷ ᠪᠠ ᠡᠪᠠᠰᠦᠳᠤ ᠭᠠᠵᠠᠷ ᠶᠢᠡᠨ ᠳᠠᠭᠠᠭᠠᠴᠢᠯᠠᠭᠤᠯᠤᠭᠴᠢ ᠳᠤ ᠪᠣᠴᠠᠭᠠᠵᠤ ᠦᠭ‍ᠭᠦ ᠭᠡᠷᠡᠭ᠍ᠳᠡᠢ᠃ ᠳᠠᠭᠠᠭᠠᠴᠢᠯᠠᠭᠴᠢ ᠨᠢ ᠪᠣᠴᠠᠭᠠᠬᠤ ᠦᠭᠡᠶ ᠪᠠᠢ᠌ᠪᠠᠯ ᠳᠠᠭᠠᠭᠠᠴᠢᠯᠠᠭᠤᠯᠤᠭᠴᠢ ᠨᠢ ᠳᠠᠭᠠᠭᠠᠴᠢᠯᠠᠭᠰᠠᠨ ᠳᠠᠷᠢᠶᠠᠨ ᠭᠠᠵᠠᠷ ᠪᠠ ᠡᠪᠠᠰᠦᠳᠤ ᠭᠠᠵᠠᠷ ᠢ ᠨᠢ ᠬᠤᠷᠢᠶᠠᠨ ᠠᠪᠴᠤ ᠪᠣᠯᠤᠨ᠎ᠠ᠃

ᠳᠠᠭᠠᠭᠠᠴᠢᠯᠠᠯᠳᠠ ᠶᠢᠨ ᠳᠤᠳᠤᠷ᠎ᠠ᠂ ᠳᠠᠭᠠᠭᠠᠴᠢᠯᠠᠭᠴᠢ ᠨᠢ ᠳᠠᠭᠠᠭᠠᠴᠢᠯᠠᠭᠰᠠᠨ ᠭᠠᠵᠠᠷ ᠶᠢᠡᠨ ᠪᠣᠴᠠᠭᠠᠵᠤ ᠦᠭ‍ᠭᠦ ᠪᠣᠶᠤ ᠳᠠᠭᠠᠭᠠᠴᠢᠯᠠᠭᠤᠯᠤᠭᠴᠢ ᠨᠢ ᠬᠠᠤᠯᠢ ᠶᠤᠰᠤᠭᠠᠷ ᠳᠠᠭᠠᠭᠠᠴᠢᠯᠠᠭᠰᠠᠨ ᠭᠠᠵᠠᠷ ᠢ ᠨᠢ ᠬᠤᠷᠢᠶᠠᠨ ᠠᠪᠬᠤ ᠦᠶ᠎ᠡ ᠳᠤ᠂ ᠳᠠᠭᠠᠭᠠᠴᠢᠯᠠᠭᠴᠢ ᠨᠢ ᠳᠡᠭᠦᠨ ᠤ ᠳᠠᠭᠠᠭᠠᠴᠢᠯᠠᠭᠰᠠᠨ ᠭᠠᠵᠠᠷ ᠳᠡᠭᠡᠷ᠎ᠡ ᠣᠷᠤᠭᠤᠯᠤᠯᠳᠠ ᠣᠷᠤᠭᠤᠯᠤᠭᠠᠤᠨ ᠭᠠᠵᠠᠷ ᠰᠢᠷᠤᠢ ᠶᠢᠨ ᠥᠢᠯᠤᠨᠪᠦᠷᠢᠯᠡᠭᠦ ᠴᠢᠳᠠᠪᠣᠷᠢ ᠶᠢ ᠳᠡᠭᠡᠭ᠍ᠰᠢᠯᠡᠭᠦᠯᠦᠭ᠍ᠰᠡᠨ ᠪᠠᠢ᠌ᠪᠠᠯ᠂ ᠵᠤᠭᠢᠴᠠᠩᠭ᠋ᠤᠢ ᠨᠥᠭᠦᠪᠦᠷᠢ ᠣᠯᠬᠤ ᠡᠷᠭᠡ ᠲᠡᠶ᠃ ᠳᠠᠭᠠᠭᠠᠴᠢᠯᠠᠭᠰᠠᠨ ᠭᠠᠵᠠᠷ ᠲᠤ ᠳᠤᠭᠢᠷᠠᠭᠤᠯᠤᠯᠳᠠ ᠭᠢᠵᠤ ᠪᠣᠯᠬᠤ ᠦᠭᠡᠶ᠃

ᠬᠤᠷᠢᠨ ᠳᠤᠯᠤᠳᠤᠭᠠᠷ ᠵᠣᠢ᠌ᠯ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠳᠠᠭᠠᠭᠠᠴᠢᠯᠠᠭᠤᠯᠤᠭᠴᠢ ᠨᠢ ᠳᠠᠭᠠᠭᠠᠴᠢᠯᠠᠭᠰᠠᠨ ᠭᠠᠵᠠᠷ ᠲᠤ ᠳᠤᠭᠢᠷᠠᠭᠤᠯᠤᠯᠳᠠ ᠭᠢᠵᠤ ᠪᠣᠯᠬᠤ ᠦᠭᠡᠶ᠃

ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠪᠠᠢ᠌ᠭᠠᠯᠢ ᠶᠢᠨ ᠭᠠᠮᠰᠢᠭ ᠡᠴᠡ ᠪᠣᠯᠵᠤ ᠳᠠᠭᠠᠭᠠᠴᠢᠯᠠᠯᠳᠠ ᠶᠢᠨ ᠭᠠᠵᠠᠷ ᠢ ᠨᠢ ᠭᠦᠡᠳᠤ ᠰᠥᠷᠡᠭᠡᠢ ᠡᠪᠳᠡᠵᠤ ᠰᠥᠢᠦᠡᠭᠡᠭ᠍ᠰᠡᠨ ᠵᠡᠷᠭᠡ ᠣᠠᠴᠠᠭᠠᠢ ᠪᠠᠢ᠌ᠳᠠᠯ ᠭᠠᠷᠴᠤ ᠳᠠᠭᠠᠭᠠᠴᠢᠯᠠᠭᠰᠠᠨ ᠳᠠᠷᠢᠶᠠᠨ ᠭᠠᠵᠠᠷ ᠪᠠ ᠡᠪᠠᠰᠦᠳᠤ ᠭᠠᠵᠠᠷ ᠢ ᠣᠠᠴᠠ ᠵᠠᠷᠢᠮ ᠳᠠᠷᠢᠶᠠᠴᠢᠨ ᠡᠷᠭᠡ ᠶᠢᠨ ᠬᠤᠭᠤᠷᠤᠠᠳᠤ ᠵᠤᠭᠢᠰᠳᠠᠢ ᠳᠤᠭᠢᠷᠠᠭᠤᠯᠤᠯᠳᠠ ᠭᠢᠭᠦ ᠴᠢᠬᠤᠯᠠ ᠲᠡᠶ ᠪᠣᠯᠤᠭᠰᠠᠨ ᠪᠣᠯ᠂ ᠡᠷᠭᠡᠪᠰᠢ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠡᠷ ᠤᠨ ᠭᠠᠴᠠᠭᠠᠨ ᠤ ᠠᠷᠠᠤᠨ ᠤᠨ ᠬᠤᠷᠠᠯᠳᠤᠭᠠᠨ ᠤ ᠭᠤᠷᠪᠠᠨ ᠤ ᠬᠤᠶᠠᠷ ᠬᠤᠪᠢ ᠡᠴᠡ ᠳᠡᠭᠡᠭ᠍ᠰᠢᠭᠢ ᠪᠦᠷᠢᠯᠳᠦᠭᠦᠨ ᠪᠣᠶᠤ ᠭᠤᠷᠪᠠᠨ ᠤ ᠬᠤᠶᠠᠷ ᠬᠤᠪᠢ ᠡᠴᠡ ᠳᠡᠭᠡᠭ᠍ᠰᠢᠭᠢ ᠭᠠᠴᠠᠭᠠᠨ ᠤ ᠠᠷᠠᠤᠨ ᠤᠨ ᠳᠦᠯᠦᠭᠡᠯᠡᠭ᠍ᠴᠢᠳ ᠤᠨ ᠵᠦᠪᠰᠢᠶᠠᠷᠠᠯ ᠢ ᠣᠯᠬᠤ ᠶᠢᠨ ᠬᠠᠮᠳᠤ᠂ ᠰᠤᠮᠤ ( ᠪᠠᠯᠭᠠᠰᠤ ) ᠶᠢᠨ ᠠᠷᠠᠤᠨ ᠤᠨ ᠵᠠᠰᠠᠭ ᠤᠨ ᠣᠷᠳᠤᠨ ᠪᠠ ᠰᠢᠶᠠᠨ ᠤ ᠱᠠᠳᠤᠨ ᠤ ᠠᠷᠠᠤᠨ ᠤᠨ ᠵᠠᠰᠠᠭ ᠤᠨ ᠣᠷᠳᠤᠨ ᠤ ᠳᠠᠷᠢᠶᠠᠯᠠᠩ ᠵᠡᠷᠭᠡ ᠵᠠᠰᠠᠭ ᠵᠠᠭᠢᠷᠭᠠᠨ ᠤ ᠡᠷᠭᠢᠯᠡᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠤᠨ ᠵᠥᠪᠰᠢᠶᠡᠷᠡᠭᠦᠯᠭᠦ ᠭᠡᠷᠡᠭ᠍ᠳᠡᠢ᠃ ᠳᠠᠭᠠᠭᠠᠴᠢᠯᠠᠯᠳᠠ ᠶᠢᠨ ᠭᠡᠷ᠎ᠡ ᠳᠤ ᠳᠤᠭᠢᠷᠠᠭᠤᠯᠤᠯᠳᠠ ᠭᠢᠵᠤ ᠪᠣᠯᠬᠤ ᠦᠭᠡᠶ ᠭᠡᠵᠤ ᠪᠣᠯᠵᠤᠨ ᠳᠤᠭᠳᠠᠭᠰᠠᠨ ᠪᠠᠢ᠌ᠪᠠᠯ ᠪᠣᠯᠵᠤᠨ ᠳᠤᠭᠳᠠᠭᠰᠠᠨ ᠶᠤᠰᠤᠭᠠᠷ ᠭᠡᠷᠡᠭ᠍ᠵᠢᠭᠦᠯᠦᠨ᠎ᠡ᠃

ᠬᠤᠷᠢᠨ ᠨᠢ᠋ᠮᠠᠳᠤᠭᠠᠷ ᠵᠣᠢ᠌ᠯ ᠳᠤᠤᠷ᠎ᠠ ᠵᠢᠭᠰᠠᠭᠠᠭᠰᠠᠨ ᠭᠠᠵᠠᠷ ᠰᠢᠷᠤᠢ ᠶᠢᠨ ᠳᠠᠭᠠᠭᠠᠴᠢᠯᠠᠯᠳᠠ ᠶᠢᠨ ᠭᠠᠵᠠᠷ ᠰᠢᠷᠤᠢ ᠳᠤ ᠳᠤᠭᠢᠷᠠᠭᠤᠯᠤᠯᠤᠳᠠ ᠭᠢᠭᠦ ᠪᠣᠶᠤ ᠰᠢᠨ᠎ᠠ ᠪᠠᠷ ᠨᠡᠮᠡᠭ᠍ᠳᠡᠭ᠍ᠰᠡᠨ ᠭᠦᠮᠤᠨ ᠠᠮᠠ ᠳᠤ ᠳᠠᠭᠠᠭᠠᠴᠢᠯᠠᠭᠤᠯᠬᠤ ᠳᠤ ᠭᠡᠷᠡᠭᠯᠡᠵᠤ ᠪᠣᠯᠤᠨ᠎ᠠ᠄

( ᠨᠢᠭᠡ ) ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠬᠠᠤᠯᠢ ᠶᠤᠰᠤᠭᠠᠷ ᠣᠷᠢᠤᠠᠴᠢᠯᠠᠨ ᠥᠯᠡᠳᠡᠭᠡᠭ᠍ᠰᠡᠨ ᠪᠡᠯᠡᠳᠭᠡᠯ ᠭᠠᠵᠠᠷ ︔

( ᠬᠤᠶᠠᠷ ) ᠬᠠᠤᠯᠢ ᠶᠤᠰᠤᠭᠠᠷ ᠬᠠᠭᠠᠯᠪᠣᠷᠢᠯᠠᠬᠤ ᠵᠡᠷᠭᠡ ᠠᠷᠭ᠎ᠠ ᠪᠠᠷ ᠨᠡᠮᠡᠭ᠍ᠳᠡᠭᠦᠯᠦᠭ᠍ᠰᠡᠨ ︔

( ᠭᠤᠷᠪᠠ ) ᠳᠠᠭᠠᠭᠠᠴᠢᠯᠠᠭᠴᠢ ᠶᠢᠨ ᠬᠠᠤᠯᠢ ᠶᠤᠰᠤᠭᠠᠷ᠂ ᠰᠠᠢ᠌ᠨ ᠳᠤᠷ᠎ᠠ ᠡᠴᠡ ᠪᠠᠨ ᠪᠣᠴᠠᠭᠠᠭᠰᠠᠨ᠃

ᠬᠤᠷᠢ ᠶ‍ᠢᠰᠦᠳᠦᠭᠡᠷ ᠵᠣᠢ᠌ᠯ ᠳᠠᠭᠠᠭᠠᠴᠢᠯᠠᠯᠠᠳᠠ ᠶᠢᠨ ᠬᠤᠭᠤᠴᠠᠭᠠᠨ ᠳᠤᠳᠤᠷ᠎ᠠ᠂ ᠳᠠᠭᠠᠭᠠᠴᠢᠯᠠᠭᠴᠢ ᠨᠢ ᠳᠠᠭᠠᠭᠠᠴᠢᠯᠠᠭᠰᠠᠨ ᠭᠠᠵᠠᠷ ᠶᠢᠡᠨ ᠰᠠᠢ᠌ᠨ ᠳᠤᠷ᠎ᠠ ᠡᠴᠡ ᠪᠠᠨ ᠳᠠᠭᠠᠭᠠᠴᠢᠯᠠᠭᠤᠯᠤᠭᠴᠢ ᠳᠤ ᠪᠣᠴᠠᠭᠠᠵᠤ ᠥᠭ᠍ᠴᠤ ᠪᠣᠯᠤᠨ᠎ᠠ᠃ ᠳᠠᠭᠠᠭᠠᠴᠢᠯᠠᠭᠴᠢ ᠨᠢ ᠰᠠᠢ᠌ᠨ ᠳᠤᠷ᠎ᠠ ᠡᠴᠡ ᠪᠠᠨ ᠳᠠᠭᠠᠭᠠᠴᠢᠯᠠᠭᠰᠠᠨ ᠭᠠᠵᠠᠷ ᠶᠢᠡᠨ ᠪᠣᠴᠠᠭᠠᠬᠤ ᠭᠡᠪᠠᠯ ᠬᠠᠭᠠᠰ ᠵᠢᠯ ᠤᠨ ᠡᠮᠦᠨ᠎ᠡ ᠪᠢᠴᠢᠭ᠌ ᠤᠨ ᠭᠡᠯᠪᠠᠷᠢ ᠪᠠᠷ ᠳᠠᠭᠠᠭᠠᠴᠢᠯᠠᠭᠤᠯᠤᠭᠴᠢ ᠳᠤ ᠮᠡᠳᠡᠭ᠍ᠳᠡᠭᠦ ᠭᠡᠷᠡᠭ᠍ᠳᠡᠢ᠃ ᠳᠠᠭᠠᠭᠠᠴᠢᠯᠠᠭᠴᠢ ᠨᠢ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ ᠳᠠᠭᠠᠭᠠᠴᠢᠯᠠᠭᠰᠠᠨ ᠭᠠᠵᠠᠷ ᠶᠢᠡᠨ ᠪᠣᠴᠠᠭᠠᠭᠰᠠᠨ ᠪᠠᠢ᠌ᠪᠠᠯ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ ᠳᠠᠭᠢᠵᠤ ᠭᠠᠵᠠᠷ ᠰᠢᠷᠤᠢ ᠳᠠᠭᠠᠭᠠᠴᠢᠯᠠᠬᠤ ᠪᠠᠷ ᠱᠠᠭᠠᠷᠳᠠᠵᠤ ᠪᠣᠯᠬᠤ ᠦᠭᠡᠶ᠃

ᠭᠤᠴᠢᠳᠤᠭᠠᠷ ᠵᠣᠢ᠌ᠯ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠡᠮᠡᠭ᠍ᠳᠡᠢ᠌ᠴᠦᠳ ᠣᠷᠤᠭᠯᠠᠭᠠᠤᠨ ᠰᠢᠨ᠎ᠠ ᠰᠠᠭᠤᠷᠢᠰᠢᠬᠤ ᠭᠠᠵᠠᠷ ᠡᠴᠡ ᠳᠠᠭᠠᠭᠠᠴᠢᠯᠠᠬᠤ ᠭᠠᠵᠠᠷ ᠣᠯᠤᠭᠰᠠᠨ ᠦᠭᠡᠶ ᠪᠠᠢ᠌ᠪᠠᠯ ᠳᠠᠭᠠᠭᠠᠴᠢᠯᠠᠭᠤᠯᠤᠭᠴᠢ ᠨᠢ ᠳᠡᠭᠦᠨ ᠤ ᠣᠤᠯ ᠤᠨ ᠳᠠᠭᠠᠭᠠᠴᠢᠯᠠᠵᠤ ᠪᠠᠢ᠌ᠭᠰᠠᠨ ᠭᠠᠵᠠᠷ ᠢ ᠨᠢ ᠬᠤᠷᠢᠶᠠᠨ ᠠᠪᠴᠤ ᠪᠣᠯᠬᠤ ᠦᠭᠡᠶ ︔ ᠡᠮᠡᠭ᠍ᠳᠡᠢ᠌ᠴᠦᠳ ᠣᠷᠤᠭ ᠰᠠᠯᠬᠤ ᠪᠣᠶᠤ ᠨᠥᠭᠦᠷ ᠶᠢᠡᠨ ᠠᠯᠳᠠᠭᠠᠤᠨ ᠮᠦᠨ ᠣᠤᠯ ᠤᠨ ᠰᠠᠭᠤᠷᠢᠰᠢᠵᠤ ᠪᠠᠢ᠌ᠭᠰᠠᠨ ᠭᠠᠵᠠᠷ ᠲᠠᠭᠠᠨ ᠠᠮᠢᠳᠤᠷᠠᠬᠤ ᠪᠣᠶᠤ ᠣᠤᠯ ᠤᠨ ᠰᠠᠭᠤᠷᠢᠰᠢᠵᠤ ᠪᠠᠢ᠌ᠭᠰᠠᠨ ᠭᠠᠵᠠᠷ ᠲᠠᠭᠠᠨ ᠠᠮᠢᠳᠤᠷᠠᠬᠤ ᠦᠭᠡᠶ ᠪᠣᠯᠪᠠᠴᠤ ᠰᠢᠨ᠎ᠠ ᠰᠠᠭᠤᠷᠢᠰᠢᠬᠤ ᠭᠠᠵᠠᠷ ᠡᠴᠡ ᠬᠠᠷᠠᠬᠠᠨ ᠳᠠᠭᠠᠭᠠᠴᠢᠯᠠᠬᠤ ᠭᠠᠵᠠᠷ ᠣᠯᠤᠭᠠᠳᠤᠢ ᠪᠠᠢ᠌ᠪᠠᠯ ᠳᠠᠭᠠᠭᠠᠴᠢᠯᠠᠭᠤᠯᠤᠭᠴᠢ ᠨᠢ ᠳᠡᠭᠦᠨ ᠤ ᠣᠤᠯ ᠤᠨ ᠳᠠᠭᠠᠭᠠᠴᠢᠯᠠᠵᠤ ᠪᠠᠢ᠌ᠭᠰᠠᠨ ᠭᠠᠵᠠᠷ ᠢ ᠨᠢ ᠬᠤᠷᠢᠶᠠᠨ ᠠᠪᠴᠤ ᠪᠣᠯᠬᠤ ᠦᠭᠡᠶ᠃

ᠭᠤᠴᠢᠨ ᠨᠢᠭᠡᠳᠦᠭᠡᠷ ᠵᠣᠢ᠌ᠯ ᠳᠠᠭᠠᠭᠠᠴᠢᠯᠠᠭᠴᠢ ᠶᠢᠨ ᠣᠯᠬᠤ ᠶᠤᠰᠤᠳᠠᠢ ᠳᠠᠭᠠᠭᠠᠴᠢᠯᠠᠯᠳᠠ ᠶᠢᠨ ᠠᠰᠢᠭ ᠣᠯᠵᠠᠪᠣᠷᠢ ᠶᠢ ᠦᠪ ᠵᠠᠯᠭᠠᠮᠵᠢᠯᠠᠬᠤ ᠬᠠᠤᠯᠢ ᠶᠢᠨ ᠳᠤᠭᠳᠠᠭᠠᠯ ᠶᠤᠰᠤᠭᠠᠷ ᠵᠠᠯᠭᠠᠮᠵᠢᠯᠠᠨ᠎ᠠ᠃

ᠣᠢ᠌ᠳᠤ ᠭᠠᠵᠠᠷ ᠢ ᠳᠠᠭᠠᠭᠠᠴᠢᠯᠠᠭᠰᠠᠨ ᠳᠠᠭᠠᠭᠠᠴᠢᠯᠠᠭᠴᠢ ᠨᠢ ᠥᠭᠦᠭ᠍ᠰᠡᠨ ᠪᠠᠢ᠌ᠪᠠᠯ᠂ ᠳᠡᠭᠦᠨ ᠤ ᠵᠠᠯᠭᠠᠮᠵᠢᠯᠠᠭᠴᠢ ᠨᠢ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ ᠥᠷᠭᠦᠯᠵᠢᠯᠡᠨ ᠳᠠᠭᠠᠭᠠᠴᠢᠯᠠᠵᠤ ᠪᠣᠯᠤᠨ᠎ᠠ᠃


ᠳᠠᠪᠣᠳᠤᠭᠠᠷ ᠭᠡᠰᠡᠭ᠌     ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠡᠷᠭᠢᠯᠳᠡ


ᠭᠤᠴᠢᠨ ᠬᠤᠶᠠᠳᠤᠭᠠᠷ ᠵᠣᠢ᠌ᠯ ᠡᠷᠦᠭᠡ ᠳᠤ ᠳᠠᠭᠠᠭᠠᠴᠢᠯᠠᠭᠤᠯᠬᠤ ᠪᠠᠷ ᠳᠠᠮᠵᠢᠭᠠᠤᠨ ᠣᠯᠤᠭᠰᠠᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠬᠠᠤᠯᠢ ᠶᠤᠰᠤᠭᠠᠷ ᠰᠢᠯᠵᠢᠭᠦᠯᠤᠨ ᠳᠠᠭᠠᠭᠠᠴᠢᠯᠠᠭᠤᠯᠬᠤ᠂ ᠳᠦᠷᠢᠶᠡᠰᠦᠯᠡᠭᠦᠯᠭᠦ᠂ ᠬᠠᠷᠢᠯᠴᠠᠨ ᠰᠤᠯᠢᠬᠤ᠂ ᠰᠢᠯᠵᠢᠭᠦᠯᠤᠨ ᠦᠭ‍ᠭᠦ ᠪᠣᠶᠤ ᠪᠣᠰᠤᠳ ᠭᠡᠯᠪᠠᠷᠢ ᠪᠠᠷ ᠡᠷᠭᠢᠯᠳᠡ ᠳᠤ ᠣᠷᠤᠭᠤᠯᠵᠤ ᠪᠣᠯᠤᠨ᠎ᠠ᠃

ᠭᠤᠴᠢᠨ ᠭᠤᠷᠪᠠᠳᠤᠭᠠᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠡᠷᠭᠢᠯᠳᠡ ᠳᠤ ᠳᠤᠤᠷᠠᠭᠢ ᠵᠠᠷᠴᠢᠮ ᠢ ᠵᠢᠷᠤᠮᠯᠠᠬᠤ ᠭᠡᠷᠡᠭ᠍ᠳᠡᠢ᠄

( ᠨᠢᠭᠡ ) ᠡᠷᠭᠡ ᠳᠡᠭ᠍ᠰᠢ ᠪᠠᠷ ᠵᠥᠪᠳᠡᠯᠴᠡᠭᠦ᠂ ᠰᠠᠢ᠌ᠨ ᠳᠤᠷ᠎ᠠ ᠶᠢᠨ ᠪᠠᠢ᠌ᠬᠤ᠂ ᠦᠨ᠎ᠡ ᠲᠦᠯᠦᠪᠣᠷᠢ ᠲᠡᠶ ᠪᠠᠢ᠌ᠬᠤ ᠭᠡᠷᠡᠭ᠍ᠳᠡᠢ᠂ ᠶᠠᠮᠠᠷᠪᠠ ᠵᠤᠬᠢᠶᠠᠨ ᠪᠠᠢ᠌ᠭᠤᠯᠤᠯᠳᠠ ᠪᠠ ᠬᠤᠪᠢ ᠭᠦᠮᠤᠨ ᠭᠡᠤᠨ ᠳᠠᠭᠠᠭᠠᠴᠢᠯᠠᠭᠴᠢ ᠶᠢ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠤᠭᠤᠯᠬᠤ ᠪᠠᠷ ᠠᠯᠪᠠᠳᠠᠬᠤ ᠪᠣᠶᠤ ᠣᠷᠤᠭᠤᠯᠬᠤ ᠶᠢ ᠨᠢ ᠬᠠᠷᠰᠢᠯᠠᠵᠤ ᠪᠣᠯᠬᠤ ᠦᠭᠡᠶ ︔

( ᠬᠤᠶᠠᠷ ) ᠭᠠᠵᠠᠷ ᠰᠢᠷᠤᠢ ᠶᠢᠨ ᠦᠮᠴᠢᠯᠠᠯ ᠤᠨ ᠡᠷᠭᠡ ᠶᠢᠨ ᠰᠢᠠᠵᠢ ᠴᠢᠨᠠᠷ ᠪᠠ ᠭᠠᠵᠠᠷ ᠰᠢᠷᠤᠢ ᠶᠢᠨ ᠳᠠᠷᠢᠶᠠᠯᠠᠩ ᠤᠨ ᠭᠡᠷᠡᠭ᠍ᠴᠡᠭᠡ ᠶᠢ ᠬᠤᠪᠢᠷᠠᠭᠤᠯᠵᠤ ᠪᠣᠯᠬᠤ ᠦᠭᠡᠶ ︔

( ᠭᠤᠷᠪᠠ ) ᠡᠷᠭᠢᠯᠳᠡ ᠶᠢᠨ ᠬᠤᠭᠤᠴᠠᠭ᠎ᠠ ᠶᠢ ᠳᠠᠭᠠᠭᠠᠴᠢᠯᠠᠯᠳᠠ ᠶᠢᠨ ᠬᠤᠭᠤᠴᠠᠭ᠎ᠠ ᠶᠢᠨ ᠥᠯᠡᠳᠡᠭ᠍ᠰᠡᠨ ᠬᠤᠭᠤᠴᠠᠭ᠎ᠠ ᠡᠴᠡ ᠭᠡᠳᠦᠷᠡᠭᠦᠯᠵᠤ ᠪᠣᠯᠬᠤ ᠦᠭᠡᠶ ︔

( ᠳᠦᠷᠪᠡ ) ᠭᠦᠯᠢᠶᠡᠨ ᠠᠪᠣᠭᠴᠢ ᠳᠠᠯ᠎ᠠ ᠨᠢ ᠡᠷᠭᠡᠪᠰᠢ ᠳᠠᠷᠢᠶᠠᠯᠠᠩ ᠤᠨ ᠡᠵᠡᠩᠨᠡᠯᠳᠡ ᠶᠢᠨ ᠴᠢᠳᠠᠪᠣᠷᠢ ᠲᠡᠶ ᠪᠠᠢ᠌ᠬᠤ ︔

( ᠳᠠᠪᠣ ) ᠠᠳᠠᠯᠢ ᠨᠥᠭᠦᠴᠡᠯ ᠤᠨ ᠳᠤᠤᠷ᠎ᠠ᠂ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠢ ᠳᠡᠭᠡᠵᠢᠯᠡᠭᠦ ᠡᠷᠭᠡ ᠶᠢ ᠡᠳ᠋ᠯᠡᠨ᠎ᠡ᠃

ᠭᠤᠴᠢᠨ ᠳᠦᠷᠪᠠᠳᠦᠭᠡᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠡᠷᠭᠢᠯᠳᠡ ᠶᠢᠨ ᠭᠤᠤᠯ ᠴᠤᠭᠴᠠ ᠪᠣᠯ ᠳᠠᠭᠠᠭᠠᠴᠢᠯᠠᠭᠴᠢ ᠪᠣᠯᠤᠨ᠎ᠠ᠃ ᠳᠠᠭᠠᠭᠠᠴᠢᠯᠠᠭᠴᠢ ᠨᠢ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠬᠤ ᠡᠰᠡᠭᠦ ᠪᠠ ᠡᠷᠭᠢᠯᠳᠡ ᠶᠢᠨ ᠠᠷᠭ᠎ᠠ ᠮᠠᠶ‍ᠢᠭ ᠢ ᠬᠠᠤᠯᠢ ᠶᠤᠰᠤᠭᠠᠷ ᠥᠪᠠᠷᠳᠡᠭᠡᠨ ᠡᠵᠡᠨ ᠮᠠᠳᠠᠵᠤ ᠳᠤᠭᠳᠠᠭᠠᠬᠤ ᠡᠷᠭᠡ ᠲᠡᠶ᠃

ᠭᠤᠴᠢᠨ ᠳᠠᠪᠣᠳᠤᠭᠠᠷ ᠵᠣᠢ᠌ᠯ ᠳᠠᠭᠠᠭᠠᠴᠢᠯᠠᠯᠳᠠ ᠶᠢᠨ ᠬᠤᠭᠤᠴᠠᠭᠠᠨ ᠳᠤᠳᠤᠷ᠎ᠠ᠂ ᠳᠠᠭᠠᠭᠠᠴᠢᠯᠠᠭᠤᠯᠤᠭᠴᠢ ᠨᠢ ᠭᠠᠭᠴᠠ ᠳᠠᠯ᠎ᠠ ᠡᠴᠡ ᠳᠠᠭᠠᠭᠠᠴᠢᠯᠠᠯᠳᠠ ᠶᠢᠨ ᠭᠡᠷ᠎ᠡ ᠶᠢ ᠭᠦᠴᠤᠨ ᠦᠭᠡᠶ ᠪᠣᠯᠭᠠᠵᠤ ᠪᠣᠯᠬᠤ ᠦᠭᠡᠶ᠂ ᠴᠥᠭᠡᠩᠭᠢ ᠨᠢ ᠣᠯᠠᠩᠭᠢ ᠪᠠᠨ ᠳᠠᠭᠠᠬᠤ ᠭᠡᠷᠡᠭ᠍ᠳᠡᠢ ᠭᠡᠳᠡᠭ᠌ ᠶᠢᠡᠷ ᠰᠢᠯᠳᠠᠭᠯᠠᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠨᠢ ᠬᠠᠶᠠᠭᠤᠯᠬᠤ ᠪᠣᠶᠤ ᠬᠤᠪᠢᠷᠠᠭᠤᠯᠬᠤ ᠪᠠᠷ ᠳᠠᠭᠠᠭᠠᠴᠢᠯᠠᠭᠴᠢ ᠶᠢ ᠠᠯᠪᠠᠳᠠᠵᠤ ᠪᠣᠯᠬᠤ ᠦᠭᠡᠶ᠃ 《ᠠᠮᠤ ᠭᠦᠨᠡᠰᠤᠨ ᠤ ᠳᠠᠷᠢᠶ᠎ᠠ》 ᠪᠠ 《ᠬᠠᠷᠢᠭᠤᠴᠠᠯᠭ᠎ᠠ ᠶᠢᠨ ᠳᠠᠷᠢᠶ᠎ᠠ》 ᠬᠤᠪᠢᠶᠠᠷᠢᠯᠠᠬᠤ ᠭᠡᠭᠦ ᠵᠡᠷᠭᠡ ᠰᠢᠯᠳᠠᠭ ᠶᠢᠡᠷ ᠳᠠᠭᠠᠭᠠᠴᠢᠯᠠᠭᠰᠠᠨ ᠭᠠᠵᠠᠷ ᠢ ᠨᠢ ᠬᠤᠷᠢᠶᠠᠨ ᠠᠪᠴᠤ ᠳᠠᠭᠠᠭᠠᠴᠢᠯᠠᠯᠳᠠ ᠵᠠᠷᠯᠠᠵᠤ ᠳᠠᠭᠠᠭᠠᠴᠢᠯᠠᠭᠤᠯᠵᠤ ᠪᠣᠯᠬᠤ ᠦᠭᠡᠶ᠂ ᠳᠠᠭᠠᠭᠠᠴᠢᠯᠠᠭᠰᠠᠨ ᠭᠠᠵᠠᠷ ᠢ ᠨᠢ ᠬᠤᠷᠢᠶᠠᠨ ᠠᠪᠬᠤ ᠪᠠᠷ ᠥᠷᠢᠳᠦᠭ᠍ᠰᠡᠨ ᠵᠤᠭᠤᠰ ᠢ ᠳᠤᠯᠭᠠᠨ ᠳᠦᠯᠦᠭᠦᠯᠵᠤ ᠪᠣᠯᠬᠤ ᠦᠭᠡᠶ᠃

ᠭᠤᠴᠢᠨ ᠵᠢᠷᠭᠤᠳᠤᠭᠠᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠡᠷᠭᠢᠯᠳᠡ ᠶᠢᠨ ᠰᠢᠯᠵᠢᠭᠦᠯᠤᠨ ᠳᠠᠭᠠᠭᠠᠴᠢᠯᠠᠭᠤᠯᠬᠤ ᠵᠠᠷᠤᠳᠠᠯ᠂ ᠳᠦᠷᠢᠶᠠᠰᠤᠨ ᠮᠥᠩᠭᠦ᠂ ᠰᠢᠯᠵᠢᠭᠦᠯᠤᠨ ᠦᠭ‍ᠭᠦ ᠵᠠᠷᠤᠳᠠᠯ ᠵᠡᠷᠭᠡ ᠶᠢ ᠳᠤᠬᠠᠢ ᠶᠢᠨ ᠭᠦᠮᠤᠨ ᠳᠤᠷ᠎ᠠ ᠪᠠᠷ ᠶᠢᠡᠨ ᠥᠯᠡᠳᠡᠭᠡᠨ ᠠᠪᠬᠤ ᠪᠣᠶᠤ ᠰᠠᠭᠤᠯᠭᠠᠨ ᠳᠤᠰᠢᠶᠠᠯᠭᠠᠵᠤ ᠪᠣᠯᠬᠤ ᠦᠭᠡᠶ᠃

ᠭᠤᠴᠢᠨ ᠳᠤᠯᠤᠳᠤᠭᠠᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠰᠢᠯᠵᠢᠭᠦᠯᠤᠨ ᠳᠠᠭᠠᠭᠠᠴᠢᠯᠠᠭᠤᠯᠬᠤ᠂ ᠳᠦᠷᠢᠶᠡᠰᠦᠯᠡᠭᠦᠯᠭᠦ᠂ ᠬᠠᠷᠢᠯᠴᠠᠨ ᠰᠤᠯᠢᠬᠤ᠂ ᠰᠢᠯᠵᠢᠭᠦᠯᠤᠨ ᠦᠭ‍ᠭᠦ ᠪᠣᠶᠤ ᠪᠣᠰᠤᠳ ᠠᠷᠭ᠎ᠠ ᠮᠠᠶ‍ᠢᠭ ᠶᠢᠡᠷ ᠡᠷᠭᠢᠯᠳᠡ ᠳᠤ ᠣᠷᠤᠭᠤᠯᠬᠤ ᠳᠤ ᠳᠤᠬᠠᠢ ᠶᠢᠨ ᠭᠦᠮᠤᠨ ᠬᠤᠶᠠᠷ ᠳᠠᠯ᠎ᠠ ᠪᠠᠷ ᠶᠢᠡᠨ ᠭᠡᠷ᠎ᠡ ᠪᠠᠢ᠌ᠭᠤᠯᠬᠤ ᠭᠡᠷᠡᠭ᠍ᠳᠡᠢ᠃ ᠰᠢᠯᠵᠢᠭᠦᠯᠤᠨ ᠦᠭ‍ᠭᠦ ᠭᠡᠯᠪᠠᠷᠢ ᠪᠠᠷ ᠣᠷᠤᠭᠤᠯᠬᠤ ᠳᠤ ᠳᠠᠭᠠᠭᠠᠴᠢᠯᠠᠭᠤᠯᠤᠭᠴᠢ ᠪᠠᠷ ᠵᠥᠪᠰᠢᠶᠡᠷᠡᠭᠦᠯᠭᠦ ᠭᠡᠷᠡᠭ᠍ᠳᠡᠢ ︔ ᠰᠢᠯᠵᠢᠭᠦᠯᠤᠨ ᠳᠠᠭᠠᠭᠠᠴᠢᠯᠠᠭᠤᠯᠬᠤ᠂ ᠳᠦᠷᠢᠶᠡᠰᠦᠯᠡᠭᠦᠯᠭᠦ᠂ ᠬᠠᠷᠢᠯᠴᠠᠨ ᠰᠤᠯᠢᠬᠤ ᠪᠣᠶᠤ ᠪᠣᠰᠤᠳ ᠠᠷᠭ᠎ᠠ ᠮᠠᠶ‍ᠢᠭ ᠶᠢᠡᠷ ᠡᠷᠭᠢᠯᠳᠡ ᠳᠤ ᠣᠷᠤᠭᠤᠯᠬᠤ ᠳᠤ ᠳᠠᠭᠠᠭᠠᠴᠢᠯᠠᠭᠤᠯᠤᠭᠴᠢ ᠳᠤ ᠮᠡᠳᠡᠭᠦᠯᠵᠤ ᠳᠠᠩᠰᠠᠯᠠᠭᠤᠯᠬᠤ ᠭᠡᠷᠡᠭ᠍ᠳᠡᠢ᠃

ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠭᠡᠷ᠎ᠡ ᠳᠤ ᠡᠡᠭ᠌ ᠤᠨ ᠪᠠᠢ᠌ᠳᠠᠯ ᠳᠤ ᠳᠤᠤᠷᠠᠭᠢ ᠵᠣᠢ᠌ᠯ ᠵᠤᠷᠪᠣᠰ ᠤᠳ ᠢ ᠪᠠᠭᠳᠠᠭᠠᠨ᠎ᠠ᠄

( ᠨᠢᠭᠡ ) ᠬᠤᠶᠠᠷ ᠳᠠᠯ᠎ᠠ ᠶᠢᠨ ᠳᠤᠬᠠᠢ ᠶᠢᠨ ᠭᠦᠮᠤᠨ ᠤ ᠣᠪᠣᠭ ᠨᠠᠷ᠎ᠠ᠂ ᠣᠷᠤᠨ ᠰᠠᠭᠤᠴᠠ ︔

( ᠬᠤᠶᠠᠷ ) ᠡᠷᠭᠢᠯᠳᠡ ᠳᠤ ᠣᠷᠤᠭᠤᠯᠬᠤ ᠭᠠᠵᠠᠷ ᠰᠢᠷᠤᠢ ᠶᠢᠨ ᠨᠠᠷᠠᠢ᠌ᠳᠤᠯ᠂ ᠣᠷᠤᠨ ᠪᠠᠢ᠌ᠷᠢ᠂ ᠳᠠᠯᠠᠪᠠᠢ᠂ ᠶᠠᠰᠤ ᠴᠢᠨᠠᠷ ᠤᠨ ᠵᠡᠷᠭᠡ ᠳᠠᠰ ︔

( ᠭᠤᠷᠪᠠ ) ᠡᠷᠭᠢᠯᠳᠡ ᠶᠢᠨ ᠬᠤᠭᠤᠴᠠᠭ᠎ᠠ ᠪᠠ ᠡᠭᠢᠯᠡᠵᠤ ᠳᠠᠭᠤᠰᠬᠤ ᠡᠳᠦᠷ ᠬᠤᠭᠤᠴᠠᠭ᠎ᠠ ︔

( ᠳᠦᠷᠪᠡ ) ᠡᠷᠭᠢᠯᠳᠡ ᠳᠤ ᠣᠷᠤᠭᠤᠯᠬᠤ ᠭᠠᠵᠠᠷ ᠰᠢᠷᠤᠢ ᠶᠢᠨ ᠭᠡᠷᠡᠭ᠍ᠴᠡᠭᠡ ︔

( ᠳᠠᠪᠣ ) ᠬᠤᠶᠠᠷ ᠳᠠᠯ᠎ᠠ ᠶᠢᠨ ᠳᠤᠬᠠᠢ ᠶᠢᠨ ᠭᠦᠮᠤᠨ ᠤ ᠡᠷᠭᠡ ᠪᠠ ᠡᠭᠦᠷᠭᠡ ︔

( ᠵᠢᠷᠭᠤᠭ᠎ᠠ ) ᠡᠷᠭᠢᠯᠳᠡ ᠶᠢᠨ ᠦᠨ᠎ᠡ ᠶᠢᠨ ᠵᠤᠭᠤᠰ ᠭᠢᠭᠡᠤᠨ ᠵᠤᠭᠤᠰ ᠣᠯᠭᠤᠬᠤ ᠭᠡᠯᠪᠠᠷᠢ ︔

( ᠳᠤᠯᠤᠭ᠎ᠠ ) ᠭᠡᠷ᠎ᠡ ᠶᠢ ᠵᠥᠷᠢᠴᠡᠭ᠍ᠰᠡᠨ ᠬᠠᠷᠢᠭᠤᠴᠠᠯᠭ᠎ᠠ᠃

ᠭᠤᠴᠢᠨ ᠨᠢ᠋ᠮᠠᠳᠤᠭᠠᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠠᠷᠢᠯᠴᠠᠨ ᠰᠤᠯᠢᠬᠤ᠂ ᠰᠢᠯᠵᠢᠭᠦᠯᠤᠨ ᠦᠭ‍ᠭᠦ ᠠᠷᠭ᠎ᠠ ᠪᠠᠷ ᠡᠷᠭᠢᠯᠳᠡ ᠳᠤ ᠣᠷᠤᠭᠤᠯᠬᠤ ᠳᠤ ᠳᠤᠬᠠᠢ ᠶᠢᠨ ᠭᠦᠮᠤᠨ ᠪᠦᠷᠢᠦᠡᠭᠡᠭᠦᠯᠭᠦ ᠪᠠᠷ ᠱᠠᠭᠠᠷᠳᠠᠪᠠᠯ᠂ ᠰᠢᠶᠠᠨ ᠤ ᠱᠠᠳᠤᠨ ᠡᠴᠡ ᠳᠡᠭᠡᠭ᠍ᠰᠢᠭᠢ ᠣᠷᠤᠨ ᠨᠤᠳᠤᠭ ᠤᠨ ᠠᠷᠠᠤᠨ ᠤᠨ ᠵᠠᠰᠠᠭ ᠤᠨ ᠣᠷᠳᠤᠨ ᠳᠤ ᠭᠤᠶᠤᠴᠢᠯᠠᠯ ᠭᠠᠷᠭᠠᠵᠤ ᠪᠦᠷᠢᠦᠡᠭᠡᠭᠦᠯᠭᠦ ᠭᠡᠷᠡᠭ᠍ᠳᠡᠢ᠃ ᠪᠦᠷᠢᠦᠡᠭᠡᠭᠦᠯᠦᠭ᠍ᠰᠡᠨ ᠦᠭᠡᠶ ᠪᠠᠢ᠌ᠪᠠᠯ ᠰᠠᠢ᠌ᠨ ᠰᠠᠨᠠᠭᠠᠨ ᠤ ᠭᠤᠷᠪᠠᠳᠤᠭᠠᠷ ᠡᠳᠡᠭᠡᠤᠨ ᠲᠡᠶ ᠡᠰᠡᠷᠭᠦᠴᠡᠯᠳᠦᠵᠤ ᠪᠣᠯᠬᠤ ᠦᠭᠡᠶ᠃

ᠭᠤᠴᠢ ᠶ‍ᠢᠰᠦᠳᠦᠭᠡᠷ ᠵᠣᠢ᠌ᠯ ᠳᠠᠭᠠᠭᠠᠴᠢᠯᠠᠭᠴᠢ ᠨᠢ ᠵᠤᠭᠢᠬᠤ ᠬᠤᠭᠤᠴᠠᠭᠠᠨ ᠤ ᠳᠤᠳᠤᠷ᠎ᠠ᠂ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠭᠡᠰᠡᠭ᠌ ᠶᠢᠡᠷ ᠨᠢ ᠪᠣᠶᠤ ᠪᠦᠭᠦᠨ ᠶᠢᠡᠷ ᠨᠢ ᠭᠤᠷᠪᠠᠳᠤᠭᠠᠷ ᠡᠳᠡᠭᠡᠤᠨ ᠲᠤ ᠰᠢᠯᠵᠢᠭᠦᠯᠤᠨ ᠳᠠᠭᠠᠭᠠᠴᠢᠯᠠᠭᠤᠯᠬᠤ ᠪᠣᠶᠤ ᠳᠦᠷᠢᠶᠡᠰᠦᠯᠡᠭᠦᠯᠵᠤ ᠪᠣᠯᠤᠨ᠎ᠠ᠂ ᠳᠠᠭᠠᠭᠠᠴᠢᠯᠠᠭᠴᠢ ᠭᠢᠭᠡᠤᠨ ᠳᠠᠭᠠᠭᠠᠴᠢᠯᠠᠭᠤᠯᠤᠭᠴᠢ ᠶᠢᠨ ᠳᠠᠭᠠᠭᠠᠴᠢᠯᠠᠯᠳᠠ ᠶᠢᠨ ᠬᠠᠷᠢᠴᠠᠭ᠎ᠠ ᠬᠤᠪᠢᠷᠠᠬᠤ ᠦᠭᠡᠶ᠃

ᠳᠠᠭᠠᠭᠠᠴᠢᠯᠠᠭᠴᠢ ᠨᠢ ᠭᠠᠵᠠᠷ ᠰᠢᠷᠤᠢ ᠪᠠᠨ ᠪᠣᠰᠤᠳ ᠲᠤ ᠥᠭ᠍ᠴᠤ ᠣᠷᠤᠯᠠᠨ ᠳᠠᠷᠢᠭᠤᠯᠬᠤ ᠬᠤᠭᠤᠴᠠᠭ᠎ᠠ ᠨᠢ ᠨᠢᠭᠡ ᠵᠢᠯ ᠡᠴᠡ ᠭᠡᠳᠦᠷᠡᠭᠦ ᠦᠭᠡᠶ ᠪᠣᠯ ᠪᠢᠴᠢᠭ᠌ ᠤᠨ ᠭᠡᠷ᠎ᠡ ᠪᠠᠢ᠌ᠭᠤᠯᠬᠤ ᠦᠭᠡᠶ ᠪᠠᠢ᠌ᠵᠤ ᠪᠣᠯᠤᠨ᠎ᠠ᠃

ᠳᠦᠴᠢᠳᠦᠭᠡᠷ ᠵᠣᠢ᠌ᠯ ᠳᠠᠭᠠᠭᠠᠴᠢᠯᠠᠭᠴᠢᠳ ᠬᠤᠭᠤᠷᠤᠠᠳᠤ ᠪᠠᠨ ᠳᠠᠷᠢᠶᠠᠯᠠᠬᠤ ᠳᠤ ᠳᠦᠭᠦᠮ ᠪᠣᠯᠭᠠᠬᠤ ᠶᠢᠨ ᠳᠦᠯᠦᠭᠡ ᠪᠣᠶᠤ ᠦᠪᠡᠷ ᠦᠪᠡᠷ ᠤᠨ ᠭᠡᠷᠡᠭ᠍ᠴᠡᠭᠡ ᠡᠴᠡ ᠪᠣᠯᠵᠤ᠂ ᠠᠳᠠᠯᠢ ᠨᠢᠭᠡᠨ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠳᠤ ᠬᠠᠷᠢᠶᠠᠯᠠᠭᠳᠠᠬᠤ ᠭᠠᠵᠠᠷ ᠰᠢᠷᠤᠢ ᠶᠢᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠠᠷᠢᠯᠴᠠᠨ ᠰᠤᠯᠢᠵᠤ ᠪᠣᠯᠤᠨ᠎ᠠ᠃

ᠳᠦᠴᠢᠨ ᠨᠢᠭᠡᠳᠦᠭᠡᠷ ᠵᠣᠢ᠌ᠯ ᠳᠠᠭᠠᠭᠠᠴᠢᠯᠠᠭᠴᠢ ᠨᠢ ᠳᠤᠭᠳᠠᠪᠣᠷᠢᠳᠠᠢ ᠳᠠᠷᠢᠶᠠᠯᠠᠩ ᠤᠨ ᠪᠣᠰᠤ ᠠᠵᠢᠯ ᠲᠡᠶ ᠪᠣᠶᠤ ᠳᠤᠭᠳᠠᠪᠣᠷᠢᠳᠠᠢ ᠣᠷᠤᠯᠭ᠎ᠠ ᠶᠢᠨ ᠢᠷᠠᠯᠳᠠ ᠲᠡᠶ ᠪᠠᠢ᠌ᠪᠠᠯ ᠳᠠᠭᠠᠭᠠᠴᠢᠯᠠᠭᠤᠯᠤᠭᠴᠢ ᠶᠢᠨ ᠵᠦᠪᠰᠢᠶᠠᠷᠠᠯ ᠢ ᠣᠯᠤᠭᠠᠤᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠪᠦᠭᠦᠨ ᠶᠢᠡᠷ ᠨᠢ ᠪᠣᠶᠤ ᠭᠡᠰᠡᠭ᠌ ᠶᠢᠡᠷ ᠨᠢ ᠳᠠᠷᠢᠶᠠᠯᠠᠩ ᠤᠨ ᠣᠢ᠌ᠯᠠᠤᠠᠪᠣᠷᠢᠯᠠᠯ ᠡᠵᠡᠩᠨᠡᠵᠤ ᠪᠠᠢ᠌ᠭ᠎ᠠ ᠪᠣᠰᠤᠳ ᠳᠠᠷᠢᠶᠠᠴᠢᠨ ᠡᠷᠦᠭᠡ ᠳᠤ ᠰᠢᠯᠵᠢᠭᠦᠯᠤᠨ ᠥᠭ᠍ᠴᠤ ᠪᠣᠯᠬᠤ ᠪᠦᠭᠡᠤᠨ ᠳᠤᠰ ᠳᠠᠷᠢᠶᠠᠴᠢᠨ ᠡᠷᠦᠭᠡ ᠨᠢ ᠳᠠᠭᠠᠭᠠᠴᠢᠯᠠᠭᠤᠯᠤᠭᠴᠢ ᠲᠡᠶ ᠰᠢᠨ᠎ᠠ ᠪᠠᠷ ᠳᠠᠭᠠᠭᠠᠴᠢᠯᠠᠯᠳᠠ ᠶᠢᠨ ᠬᠠᠷᠢᠴᠠᠭ᠎ᠠ ᠪᠠᠢ᠌ᠭᠤᠯᠤᠨ᠎ᠠ᠂ ᠣᠤᠯ ᠳᠠᠭᠠᠭᠠᠴᠢᠯᠠᠭᠴᠢ ᠭᠢᠭᠡᠤᠨ ᠳᠠᠭᠠᠭᠠᠴᠢᠯᠠᠭᠤᠯᠤᠭᠴᠢ ᠶᠢᠨ ᠳᠤᠰ ᠭᠠᠵᠠᠷ ᠰᠢᠷᠤᠢ ᠶᠢᠨ ᠳᠠᠯ᠎ᠠ ᠪᠠᠷ ᠭᠢ ᠳᠠᠭᠠᠭᠠᠴᠢᠯᠠᠯᠳᠠ ᠶᠢᠨ ᠬᠠᠷᠢᠴᠠᠭ᠎ᠠ ᠳᠠᠷᠤᠢ ᠳᠠᠭᠤᠰᠤᠨ᠎ᠠ᠃

ᠳᠦᠴᠢᠨ ᠬᠤᠶᠠᠳᠤᠭᠠᠷ ᠵᠣᠢ᠌ᠯ ᠳᠠᠭᠠᠭᠠᠴᠢᠯᠠᠭᠴᠢᠳ ᠨᠢ ᠬᠤᠭᠤᠷᠤᠠᠳᠤ ᠪᠠᠨ ᠳᠠᠷᠢᠶᠠᠯᠠᠩ ᠠᠵᠤ ᠠᠬᠤᠢ ᠶᠢ ᠭᠦᠭ᠍ᠵᠢᠭᠦᠯᠭᠦ ᠶᠢᠨ ᠳᠦᠯᠦᠭᠡ ᠰᠠᠢ᠌ᠨ ᠳᠤᠷ᠎ᠠ ᠡᠴᠡ ᠪᠠᠨ ᠬᠤᠯᠪᠣᠭᠠᠯᠠᠵᠤ ᠪᠠᠢ᠌ᠭᠠᠤᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠷ ᠶᠢᠡᠨ ᠬᠤᠪᠢ ᠣᠷᠤᠭᠤᠯᠵᠤ ᠳᠠᠷᠢᠶᠠᠯᠠᠩ ᠤᠨ ᠬᠤᠷᠰᠢᠭᠰᠠᠨ ᠣᠢ᠌ᠯᠠᠤᠠᠪᠣᠷᠢᠯᠠᠯ ᠢ ᠡᠷᠭᠢᠯᠡᠵᠤ ᠪᠣᠯᠤᠨ᠎ᠠ᠃

ᠳᠦᠴᠢᠨ ᠭᠤᠷᠪᠠᠳᠤᠭᠠᠷ ᠵᠣᠢ᠌ᠯ ᠳᠠᠭᠠᠭᠠᠴᠢᠯᠠᠭᠴᠢ ᠨᠢ ᠳᠡᠭᠦᠨ ᠤ ᠳᠠᠭᠠᠭᠠᠴᠢᠯᠠᠭᠰᠠᠨ ᠭᠠᠵᠠᠷ ᠲᠠᠭᠠᠨ ᠣᠷᠤᠭᠤᠯᠤᠯᠳᠠ ᠣᠷᠤᠭᠤᠯᠵᠤ ᠪᠠᠢ᠌ᠭᠠᠤᠨ ᠭᠠᠵᠠᠷ ᠰᠢᠷᠤᠢ ᠶᠢᠨ ᠣᠢ᠌ᠯᠠᠤᠠᠪᠣᠷᠢᠯᠠᠯ ᠤᠨ ᠴᠢᠳᠠᠪᠣᠷᠢ ᠶᠢ ᠳᠡᠭᠡᠭ᠍ᠰᠢᠯᠡᠭᠦᠯᠦᠭ᠍ᠰᠡᠨ ᠪᠠᠢ᠌ᠪᠠᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠬᠠᠤᠯᠢ ᠶᠤᠰᠤᠭᠠᠷ ᠡᠷᠭᠢᠯᠳᠡ ᠳᠤ ᠣᠷᠤᠭᠤᠯᠬᠤ ᠦᠶ᠎ᠡ ᠳᠤ ᠵᠤᠭᠢᠴᠠᠩᠭ᠋ᠤᠢ ᠨᠥᠭᠦᠪᠦᠷᠢ ᠣᠯᠬᠤ ᠡᠷᠭᠡ ᠲᠡᠶ᠃


ᠭᠤᠷᠪᠠᠳᠤᠭᠠᠷ ᠪᠦᠯᠦᠭ᠌     ᠪᠣᠰᠤᠳ ᠭᠡᠯᠪᠠᠷᠢ ᠶᠢᠨ ᠳᠠᠭᠠᠭᠠᠴᠢᠯᠠᠯᠳᠠ


ᠳᠦᠴᠢᠨ ᠳᠦᠷᠪᠠᠳᠦᠭᠡᠷ ᠵᠣᠢ᠌ᠯ ᠠᠭᠯᠠᠭ ᠠᠭᠤᠯᠠ᠂ ᠳᠠᠴᠢᠷ ᠭᠤᠤ᠂ ᠬᠠᠯᠴᠠᠭᠠᠢ ᠳᠤᠪᠣ᠂ ᠡᠵᠡᠭᠦᠢ ᠳᠠᠩ ᠵᠡᠷᠭᠡ ᠡᠷᠦᠭᠡ ᠳᠤ ᠳᠠᠭᠠᠭᠠᠴᠢᠯᠠᠭᠤᠯᠬᠤ ᠭᠡᠯᠪᠠᠷᠢ ᠳᠤ ᠳᠤᠭᠢᠷᠠᠬᠤ ᠦᠭᠡᠶ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠯᠳᠠ ᠵᠠᠷᠯᠠᠬᠤ᠂ ᠦᠨ᠎ᠡ ᠬᠠᠶᠠᠨ ᠬᠤᠳᠠᠯᠳᠤᠬᠤ᠂ ᠢᠯᠠ ᠪᠠᠷ ᠵᠥᠪᠳᠡᠯᠴᠡᠭᠦ ᠵᠡᠷᠭᠡ ᠭᠡᠯᠪᠠᠷᠢ ᠪᠠᠷ ᠳᠠᠭᠠᠭᠠᠴᠢᠯᠠᠭᠤᠯᠤᠭᠰᠠᠨ ᠪᠠᠢ᠌ᠪᠠᠯ ᠳᠤᠰ ᠪᠦᠯᠦᠭ᠌ ᠤᠨ ᠳᠤᠭᠳᠠᠭᠠᠯ ᠢ ᠭᠡᠷᠡᠭᠯᠡᠨ᠎ᠡ᠃

ᠳᠦᠴᠢᠨ ᠳᠠᠪᠣᠳᠤᠭᠠᠷ ᠵᠣᠢ᠌ᠯ ᠪᠣᠰᠤᠳ ᠭᠡᠯᠪᠠᠷᠢ ᠪᠠᠷ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠪᠠᠯ ᠳᠠᠭᠠᠭᠠᠴᠢᠯᠠᠯᠳᠠ ᠶᠢᠨ ᠭᠡᠷ᠎ᠡ ᠪᠠᠢ᠌ᠭᠤᠯᠬᠤ ᠭᠡᠷᠡᠭ᠍ᠳᠡᠢ᠃ ᠳᠤᠬᠠᠢ ᠶᠢᠨ ᠭᠦᠮᠤᠨ ᠤ ᠡᠷᠭᠡ ᠪᠠ ᠡᠭᠦᠷᠭᠡ᠂ ᠳᠠᠭᠠᠭᠠᠴᠢᠯᠠᠯᠳᠠ ᠶᠢᠨ ᠬᠤᠭᠤᠴᠠᠭ᠎ᠠ ᠵᠡᠷᠭᠡ ᠶᠢ ᠬᠤᠶᠠᠷ ᠳᠠᠯ᠎ᠠ ᠪᠠᠷ ᠶᠢᠡᠨ ᠵᠦᠪᠳᠠᠯᠴᠠᠨ ᠳᠤᠭᠳᠠᠭᠠᠨ᠎ᠠ᠃ ᠳᠠᠭᠠᠭᠠᠴᠢᠯᠠᠯᠳᠠ ᠵᠠᠷᠯᠠᠬᠤ᠂ ᠦᠨ᠎ᠡ ᠬᠠᠶᠠᠨ ᠬᠤᠳᠠᠯᠳᠤᠬᠤ ᠭᠡᠯᠪᠠᠷᠢ ᠪᠠᠷ ᠳᠠᠭᠠᠭᠠᠴᠢᠯᠠᠭᠤᠯᠤᠭᠰᠠᠨ ᠪᠠᠢ᠌ᠪᠠᠯ ᠳᠠᠭᠠᠭᠠᠴᠢᠯᠠᠯᠳᠠ ᠶᠢᠨ ᠵᠠᠷᠤᠳᠠᠯ ᠢ ᠢᠯᠠ ᠪᠠᠷ ᠳᠠᠭᠠᠭᠠᠴᠢᠯᠠᠯᠳᠠ ᠥᠷᠢᠰᠦᠯᠳᠦᠭᠦ᠂ ᠦᠨ᠎ᠡ ᠥᠷᠢᠰᠦᠯᠳᠦᠭᠦ ᠪᠠᠷ ᠳᠠᠮᠵᠢᠭᠤᠯᠤᠨ ᠳᠤᠭᠳᠠᠭᠠᠨ᠎ᠠ ︔ ᠢᠯᠠ ᠪᠠᠷ ᠵᠥᠪᠳᠡᠯᠴᠡᠭᠦ ᠵᠡᠷᠭᠡ ᠭᠡᠯᠪᠠᠷᠢ ᠪᠠᠷ ᠳᠠᠭᠠᠭᠠᠴᠢᠯᠠᠭᠤᠯᠤᠭᠰᠠᠨ ᠪᠠᠢ᠌ᠪᠠᠯ ᠳᠠᠭᠠᠭᠠᠴᠢᠯᠠᠯᠳᠠ ᠶᠢᠨ ᠵᠠᠷᠤᠳᠠᠯ ᠢ ᠬᠤᠶᠠᠷ ᠳᠠᠯ᠎ᠠ ᠪᠠᠷ ᠶᠢᠡᠨ ᠵᠦᠪᠳᠠᠯᠴᠠᠨ ᠳᠤᠭᠳᠠᠭᠠᠨ᠎ᠠ᠃

ᠳᠦᠴᠢᠨ ᠵᠢᠷᠭᠤᠳᠤᠭᠠᠷ ᠵᠣᠢ᠌ᠯ ᠠᠭᠯᠠᠭ ᠠᠭᠤᠯᠠ᠂ ᠳᠠᠴᠢᠷ ᠭᠤᠤ᠂ ᠬᠠᠯᠴᠠᠭᠠᠢ ᠳᠤᠪᠣ᠂ ᠡᠵᠡᠭᠦᠢ ᠳᠠᠩ ᠢ ᠰᠢᠭᠤᠳ ᠳᠠᠭᠠᠭᠠᠴᠢᠯᠠᠯᠳᠠ ᠵᠠᠷᠯᠠᠬᠤ᠂ ᠦᠨ᠎ᠡ ᠬᠠᠶᠠᠨ ᠬᠤᠳᠠᠯᠳᠤᠬᠤ᠂ ᠢᠯᠠ ᠪᠠᠷ ᠵᠥᠪᠳᠡᠯᠴᠡᠭᠦ ᠵᠡᠷᠭᠡ ᠭᠡᠯᠪᠠᠷᠢ ᠪᠠᠷ ᠳᠠᠭᠠᠭᠠᠴᠢᠯᠠᠭᠤᠯᠤᠨ ᠡᠵᠡᠩᠨᠡᠭᠦᠯᠵᠤ ᠪᠣᠯᠤᠨ᠎ᠠ᠂ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠤᠪᠢ ᠪᠣᠯᠭᠠᠨ ᠨᠤᠭᠤᠯᠵᠤ ᠪᠣᠳᠤᠭᠠᠤᠨ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠳᠡᠭᠡᠨ ᠬᠤᠪᠢᠶᠠᠷᠢᠯᠠᠵᠤ ᠦᠭ‍ᠭᠦᠭ᠍ᠰᠡᠨ ᠤ ᠳᠠᠷᠠᠭ᠎ᠠ ᠳᠠᠭᠢᠵᠤ ᠳᠠᠭᠠᠭᠠᠴᠢᠯᠠᠭᠤᠯᠤᠨ ᠡᠵᠡᠩᠨᠡᠭᠦᠯᠭᠦ ᠪᠣᠶᠤ ᠬᠤᠪᠢ ᠣᠷᠤᠭᠤᠯᠵᠤ ᠬᠤᠷᠰᠢᠨ ᠡᠵᠡᠩᠨᠡᠭᠦᠯᠵᠤ ᠪᠣᠯᠤᠨ᠎ᠠ᠃

ᠠᠭᠯᠠᠭ ᠠᠭᠤᠯᠠ᠂ ᠳᠠᠴᠢᠷ ᠭᠤᠤ᠂ ᠬᠠᠯᠴᠠᠭᠠᠢ ᠳᠤᠪᠣ᠂ ᠡᠵᠡᠭᠦᠢ ᠳᠠᠩ ᠢ ᠳᠠᠭᠠᠭᠠᠴᠢᠯᠠᠬᠤ ᠳᠤ ᠬᠤᠯᠪᠣᠭᠳᠠᠯ ᠪᠦᠭᠦᠢ ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠤᠨ ᠳᠤᠭᠳᠠᠭᠠᠯ ᠢ ᠵᠢᠷᠤᠮᠯᠠᠨ ᠰᠠᠭᠢᠵᠤ᠂ ᠭᠦᠷᠦᠰᠤ ᠰᠢᠷᠤᠢ ᠶᠢᠨ ᠢᠳᠡᠭ᠍ᠳᠡᠯ ᠢ ᠰᠡᠷᠭᠡᠢ᠌ᠯᠡᠨ ᠠᠮᠢ ᠠᠬᠤᠢ ᠶᠢᠨ ᠣᠷᠴᠢᠨ ᠳᠤᠭᠤᠷᠢᠨ ᠢ ᠬᠠᠮᠠᠭᠠᠯᠠᠬᠤ ᠭᠡᠷᠡᠭ᠍ᠳᠡᠢ᠃

ᠳᠦᠴᠢᠨ ᠳᠤᠯᠤᠳᠤᠭᠠᠷ ᠵᠣᠢ᠌ᠯ ᠪᠣᠰᠤᠳ ᠭᠡᠯᠪᠠᠷᠢ ᠪᠠᠷ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠭᠤᠯᠬᠤ ᠳᠤ ᠠᠳᠠᠯᠢ ᠨᠥᠭᠦᠴᠡᠯ ᠤᠨ ᠳᠤᠤᠷ᠎ᠠ᠂ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠤᠯᠤᠯᠳᠠ ᠶᠢᠨ ᠪᠦᠷᠢᠯᠳᠦᠭᠦᠨ ᠨᠡᠷ ᠣᠷᠢᠳᠠᠪᠠᠷ ᠳᠠᠭᠠᠭᠠᠴᠢᠯᠠᠬᠤ ᠡᠷᠭᠡ ᠶᠢ ᠣᠯᠤᠨ᠎ᠠ᠃

ᠳᠦᠴᠢᠨ ᠨᠢ᠋ᠮᠠᠳᠤᠭᠠᠷ ᠵᠣᠢ᠌ᠯ ᠳᠠᠭᠠᠭᠠᠴᠢᠯᠠᠭᠤᠯᠤᠭᠴᠢ ᠨᠢ ᠭᠦᠳᠡᠭᠡ ᠳᠤᠰᠬᠤᠨ ᠤ ᠭᠠᠵᠠᠷ ᠰᠢᠷᠤᠢ ᠶᠢ ᠳᠤᠰ ᠬᠠᠮᠳᠤ ᠶᠢᠨ ᠠᠬᠤ ᠠᠬᠤᠢ ᠶᠢᠨ ᠵᠤᠬᠢᠶᠠᠨ ᠪᠠᠢ᠌ᠭᠤᠯᠤᠯᠤᠳᠠ ᠡᠴᠡ ᠭᠠᠳᠠᠨᠠᠭᠢ ᠨᠢᠭᠡᠴᠢ ᠪᠣᠶᠤ ᠬᠤᠪᠢ ᠭᠦᠮᠤᠨ ᠳᠤ ᠳᠠᠭᠠᠭᠠᠴᠢᠯᠠᠭᠤᠯᠵᠤ ᠦᠭ‍ᠭᠦ ᠳᠤ ᠭᠦᠷᠪᠠᠯ᠂ ᠣᠷᠢᠳᠠᠪᠠᠷ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠪᠦᠷᠢᠯᠳᠦᠭᠦᠨ ᠨᠡᠷ ᠤᠨ ᠭᠠᠴᠠᠭᠠᠨ ᠤ ᠠᠷᠠᠤᠨ ᠤᠨ ᠬᠤᠷᠠᠯᠳᠤᠭᠠᠨ ᠤ ᠭᠤᠷᠪᠠᠨ ᠤ ᠬᠤᠶᠠᠷ ᠬᠤᠪᠢ ᠡᠴᠡ ᠳᠡᠭᠡᠭ᠍ᠰᠢᠭᠢ ᠪᠦᠷᠢᠯᠳᠦᠭᠦᠨ ᠪᠣᠶᠤ ᠭᠤᠷᠪᠠᠨ ᠤ ᠬᠤᠶᠠᠷ ᠬᠤᠪᠢ ᠡᠴᠡ ᠳᠡᠭᠡᠭ᠍ᠰᠢᠭᠢ ᠭᠠᠴᠠᠭᠠᠨ ᠤ ᠠᠷᠠᠤᠨ ᠤᠨ ᠳᠦᠯᠦᠭᠡᠯᠡᠭ᠍ᠴᠢᠳ ᠤᠨ ᠵᠦᠪᠰᠢᠶᠠᠷᠠᠯ ᠢ ᠣᠯᠬᠤ ᠶᠢᠨ ᠬᠠᠮᠳᠤ ᠰᠤᠮᠤ ( ᠪᠠᠯᠭᠠᠰᠤ ) ᠶᠢᠨ ᠠᠷᠠᠤᠨ ᠤᠨ ᠵᠠᠰᠠᠭ ᠤᠨ ᠣᠷᠳᠤᠨ ᠳᠤ ᠮᠡᠳᠡᠭᠦᠯᠤᠨ ᠵᠥᠪᠰᠢᠶᠡᠷᠡᠭᠦᠯᠭᠦ ᠭᠡᠷᠡᠭ᠍ᠳᠡᠢ᠃ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠡᠴᠡ ᠭᠠᠳᠠᠨᠠᠭᠢ ᠨᠢᠭᠡᠴᠢ ᠪᠣᠶᠤ ᠬᠤᠪᠢ ᠭᠦᠮᠤᠨ ᠳᠤ ᠳᠠᠭᠠᠭᠠᠴᠢᠯᠠᠭᠤᠯᠬᠤ ᠳᠤ ᠭᠦᠷᠪᠠᠯ ᠳᠠᠭᠠᠭᠠᠴᠢᠯᠠᠭᠴᠢ ᠶᠢᠨ ᠭᠦᠷᠦᠩᠭᠡ ᠢᠳᠡᠭᠡᠮᠵᠢ ᠶᠢᠨ ᠪᠠᠢ᠌ᠳᠠᠯ ᠪᠠ ᠡᠵᠡᠩᠨᠡᠯᠳᠡ ᠶᠢᠨ ᠴᠢᠳᠠᠪᠣᠷᠢ ᠶᠢ ᠭᠢᠨᠠᠨ ᠪᠠᠢ᠌ᠴᠠᠭᠠᠭᠰᠠᠨ ᠤ ᠳᠠᠷᠠᠭ᠎ᠠ ᠳᠠᠭᠠᠭᠠᠴᠢᠯᠠᠯᠳᠠ ᠶᠢᠨ ᠭᠡᠷ᠎ᠡ ᠪᠠᠢ᠌ᠭᠤᠯᠬᠤ ᠭᠡᠷᠡᠭ᠍ᠳᠡᠢ᠃

ᠳᠦᠴᠢ ᠶ‍ᠢᠰᠦᠳᠦᠭᠡᠷ ᠵᠣᠢ᠌ᠯ ᠳᠠᠭᠠᠭᠠᠴᠢᠯᠠᠯᠳᠠ ᠵᠠᠷᠯᠠᠬᠤ᠂ ᠦᠨ᠎ᠡ ᠬᠠᠶᠠᠨ ᠬᠤᠳᠠᠯᠳᠤᠬᠤ᠂ ᠢᠯᠠ ᠪᠠᠷ ᠵᠥᠪᠳᠡᠯᠴᠡᠭᠦ ᠵᠡᠷᠭᠡ ᠭᠡᠯᠪᠠᠷᠢ ᠪᠠᠷ ᠭᠦᠳᠡᠭᠡ ᠳᠤᠰᠬᠤᠨ ᠤ ᠭᠠᠵᠠᠷ ᠰᠢᠷᠤᠢ ᠶᠢ ᠳᠠᠭᠠᠭᠠᠴᠢᠯᠠᠵᠤ᠂ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠦᠨᠡᠮᠯᠠᠯ ᠪᠣᠶᠤ ᠣᠢ ᠮᠤᠳᠤᠨ ᠤ ᠡᠷᠭᠡ ᠶᠢᠨ ᠦᠨᠡᠮᠯᠠᠯ ᠢ ᠬᠠᠤᠯᠢ ᠶᠤᠰᠤᠭᠠᠷ ᠪᠦᠷᠢᠦᠡᠭᠡᠭᠦᠯᠵᠤ ᠪᠠᠢ᠌ᠭᠠᠤᠨ ᠣᠯᠤᠭᠰᠠᠨ ᠪᠠᠢ᠌ᠪᠠᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠬᠠᠤᠯᠢ ᠶᠤᠰᠤᠭᠠᠷ ᠰᠢᠯᠵᠢᠭᠦᠯᠤᠨ ᠦᠭ‍ᠭᠦ᠂ ᠳᠦᠷᠢᠶᠡᠰᠦᠯᠡᠭᠦᠯᠭᠦ᠂ ᠬᠤᠪᠢ ᠣᠷᠤᠭᠤᠯᠬᠤ᠂ ᠪᠠᠷᠢᠴᠠᠭᠠᠯᠠᠬᠤ ᠪᠣᠶᠤ ᠪᠣᠰᠤᠳ ᠠᠷᠭ᠎ᠠ ᠭᠡᠯᠪᠠᠷᠢ ᠪᠠᠷ ᠡᠷᠭᠢᠯᠳᠡ ᠳᠤ ᠣᠷᠤᠭᠤᠯᠵᠤ ᠪᠣᠯᠤᠨ᠎ᠠ᠃

ᠳᠠᠪᠢᠳᠤᠭᠠᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠳᠠᠭᠠᠭᠠᠴᠢᠯᠠᠯᠳᠠ ᠵᠠᠷᠯᠠᠬᠤ᠂ ᠦᠨ᠎ᠡ ᠬᠠᠶᠠᠨ ᠬᠤᠳᠠᠯᠳᠤᠬᠤ᠂ ᠢᠯᠠ ᠪᠠᠷ ᠵᠥᠪᠳᠡᠯᠴᠡᠭᠦ ᠵᠡᠷᠭᠡ ᠭᠡᠯᠪᠠᠷᠢ ᠪᠠᠷ ᠣᠯᠤᠭᠰᠠᠨ ᠪᠣᠯ ᠳᠤᠰ ᠳᠠᠭᠠᠭᠠᠴᠢᠯᠠᠭᠴᠢ ᠨᠢ ᠥᠭᠦᠪᠠᠯ ᠳᠡᠭᠦᠨ ᠤ ᠣᠯᠬᠤ ᠶᠤᠰᠤᠳᠠᠢ ᠳᠠᠭᠠᠭᠠᠴᠢᠯᠠᠯᠳᠠ ᠶᠢᠨ ᠠᠰᠢᠭ ᠣᠷᠤᠯᠭ᠎ᠠ ᠶᠢ ᠦᠪ ᠵᠠᠯᠭᠠᠮᠵᠢᠯᠠᠬᠤ ᠬᠠᠤᠯᠢ ᠶᠢᠨ ᠳᠤᠭᠳᠠᠭᠠᠯ ᠶᠤᠰᠤᠭᠠᠷ ᠵᠠᠯᠭᠠᠮᠵᠢᠯᠠᠵᠤ ᠪᠣᠯᠤᠨ᠎ᠠ ︔ ᠳᠠᠭᠠᠭᠠᠴᠢᠯᠠᠯᠳᠠ ᠶᠢᠨ ᠬᠤᠭᠤᠴᠠᠭᠠᠨ ᠳᠤ ᠳᠡᠭᠦᠨ ᠤ ᠵᠠᠯᠭᠠᠮᠵᠢᠯᠠᠭᠴᠢ ᠨᠢ ᠥᠷᠭᠦᠯᠵᠢᠯᠡᠨ ᠳᠠᠭᠠᠭᠠᠴᠢᠯᠠᠵᠤ ᠪᠣᠯᠤᠨ᠎ᠠ᠃


ᠳᠦᠷᠪᠠᠳᠦᠭᠡᠷ ᠪᠦᠯᠦᠭ᠌      ᠮᠠᠷᠭᠤᠯᠳᠤᠭᠠᠨ ᠢ ᠰᠢ᠌ᠦᠡᠪᠦᠷᠢᠯᠡᠭᠦ ᠪᠠ ᠬᠠᠤᠯᠢ ᠶᠢᠨ ᠬᠠᠷᠢᠭᠤᠴᠠᠯᠭ᠎ᠠ


ᠳᠠᠪᠢᠨ ᠨᠢᠭᠡᠳᠦᠭᠡᠷ ᠵᠣᠢ᠌ᠯ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠴᠡ ᠪᠣᠯᠵᠤ ᠵᠢᠭᠤᠷᠠᠯᠳᠤᠭᠠᠨ ᠭᠠᠷᠪᠠᠯ ᠬᠤᠶᠠᠷ ᠳᠠᠯ᠎ᠠ ᠶᠢᠨ ᠳᠤᠬᠠᠢ ᠶᠢᠨ ᠭᠦᠮᠤᠨ ᠵᠦᠪᠳᠠᠯᠴᠠᠵᠤ ᠪᠠᠢ᠌ᠭᠠᠤᠨ ᠰᠢ᠌ᠤᠠᠪᠣᠷᠢᠯᠠᠵᠤ ᠪᠣᠯᠤᠨ᠎ᠠ᠂ ᠪᠠᠰᠠ ᠭᠠᠴᠠᠭᠠᠨ ᠤ ᠠᠷᠠᠤᠨ ᠤᠨ ᠵᠦᠪᠯᠠᠯ᠂ ᠰᠤᠮᠤ ( ᠪᠠᠯᠭᠠᠰᠤ ) ᠶᠢᠨ ᠠᠷᠠᠤᠨ ᠤᠨ ᠵᠠᠰᠠᠭ ᠤᠨ ᠣᠷᠳᠤᠨ ᠵᠡᠷᠭᠡ ᠪᠠᠷ ᠡᠶᠡᠳᠡᠭᠦᠯᠤᠨ ᠰᠢ᠌ᠦᠡᠪᠦᠷᠢᠯᠡᠭᠦᠯᠭᠦ ᠪᠠᠷ ᠭᠤᠶᠤᠴᠢᠯᠠᠵᠤ ᠪᠣᠯᠤᠨ᠎ᠠ᠃

ᠳᠤᠬᠠᠢ ᠶᠢᠨ ᠭᠦᠮᠤᠨ ᠵᠥᠪᠳᠡᠯᠴᠡᠭᠦ᠂ ᠡᠶᠡᠳᠡᠭᠦᠯᠭᠦ ᠳᠤᠷ᠎ᠠ ᠦᠭᠡᠶ ᠪᠣᠶᠤ ᠵᠦᠪᠳᠠᠯᠴᠠᠵᠤ᠂ ᠡᠶᠡᠳᠡᠭᠦᠯᠦᠭᠡᠤᠨ ᠪᠦᠳᠦᠭ᠍ᠰᠡᠨ ᠦᠭᠡᠶ ᠪᠠᠢ᠌ᠪᠠᠯ ᠳᠤᠰᠬᠠᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠶᠢᠨ ᠭᠦᠡᠳᠡᠯᠡᠨ ᠡᠴᠡ ᠳᠠᠰᠤᠯᠬᠤ ᠪᠠᠢ᠌ᠭᠤᠯᠤᠮᠵᠢ ᠳᠤ ᠭᠦᠡᠳᠡᠯᠡᠨ ᠡᠴᠡ ᠳᠠᠰᠤᠯᠤᠭᠤᠯᠬᠤ ᠪᠠᠷ ᠭᠤᠶᠤᠴᠢᠯᠠᠵᠤ ᠪᠣᠯᠤᠨ᠎ᠠ᠂ ᠠᠷᠠᠤᠨ ᠤᠨ ᠰᠢᠭᠦᠭᠦ ᠬᠤᠷᠢᠶᠠᠨ ᠳᠤ ᠰᠢᠭᠤᠳ ᠵᠠᠭᠠᠯᠳᠤᠵᠤ ᠪᠠᠰᠠ ᠪᠣᠯᠤᠨ᠎ᠠ᠃

ᠳᠠᠪᠢᠨ ᠬᠤᠶᠠᠳᠤᠭᠠᠷ ᠵᠣᠢ᠌ᠯ ᠳᠤᠬᠠᠢ ᠶᠢᠨ ᠭᠦᠮᠤᠨ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠶᠢᠨ ᠭᠦᠡᠳᠡᠯᠡᠨ ᠡᠴᠡ ᠳᠠᠰᠤᠯᠬᠤ ᠪᠠᠢ᠌ᠭᠤᠯᠤᠮᠵᠢ ᠶᠢᠨ ᠭᠦᠡᠳᠡᠯᠡᠨ ᠡᠴᠡ ᠳᠠᠰᠤᠯᠤᠭᠰᠠᠨ ᠳᠠᠰᠤᠯᠤᠯᠳᠠ ᠶᠢ ᠭᠦᠯᠢᠶᠡᠭᠦ ᠦᠭᠡᠶ ᠪᠣᠯ ᠳᠠᠰᠤᠯᠤᠯᠳᠠ ᠶᠢᠨ ᠪᠢᠴᠢᠭ᠌ ᠢ ᠣᠯᠤᠭᠰᠠᠨ ᠡᠳᠦᠷ ᠡᠴᠡ ᠡᠭᠢᠯᠡᠨ ᠭᠤᠴᠢᠨ ᠡᠳᠦᠷ ᠤᠨ ᠳᠤᠳᠤᠷ᠎ᠠ ᠠᠷᠠᠤᠨ ᠤᠨ ᠰᠢᠭᠦᠭᠦ ᠬᠤᠷᠢᠶᠠᠨ ᠳᠤ ᠵᠠᠭᠠᠯᠳᠤᠵᠤ ᠪᠣᠯᠤᠨ᠎ᠠ᠃ ᠬᠤᠭᠤᠴᠠᠭ᠎ᠠ ᠨᠢ ᠭᠡᠳᠦᠷᠡᠭ᠍ᠰᠡᠨ ᠪᠠᠢ᠌ᠳᠠᠯ᠎ᠠ ᠵᠠᠭᠠᠯᠳᠤᠭᠰᠠᠨ ᠦᠭᠡᠶ ᠪᠠᠢ᠌ᠪᠠᠯ ᠳᠠᠰᠤᠯᠤᠯᠳᠠ ᠶᠢᠨ ᠪᠢᠴᠢᠭ᠌ ᠨᠢ ᠳᠠᠷᠤᠢ ᠬᠠᠤᠯᠢ ᠶᠢᠨ ᠭᠦᠴᠤᠨ ᠲᠡᠶ ᠪᠣᠯᠤᠨ᠎ᠠ᠃

ᠳᠠᠪᠢᠨ ᠭᠤᠷᠪᠠᠳᠤᠭᠠᠷ ᠵᠣᠢ᠌ᠯ ᠶᠠᠮᠠᠷᠪᠠ ᠵᠤᠬᠢᠶᠠᠨ ᠪᠠᠢ᠌ᠭᠤᠯᠤᠯᠳᠠ ᠪᠠ ᠬᠤᠪᠢ ᠭᠦᠮᠤᠨ ᠳᠠᠭᠠᠭᠠᠴᠢᠯᠠᠭᠴᠢ ᠶᠢᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠳᠤ ᠬᠠᠯᠳᠠᠭᠰᠠᠨ ᠪᠠᠢ᠌ᠪᠠᠯ ᠢᠷᠭᠡᠨ ᠤ ᠭᠡᠷᠡᠭ᠌ ᠤᠨ ᠬᠠᠷᠭᠤᠴᠠᠯᠭ᠎ᠠ ᠡᠭᠦᠷᠭᠡᠯᠡᠭᠦ ᠭᠡᠷᠡᠭ᠍ᠳᠡᠢ᠃

ᠳᠠᠪᠢᠨ ᠳᠦᠷᠪᠠᠳᠦᠭᠡᠷ ᠵᠣᠢ᠌ᠯ ᠳᠠᠭᠠᠭᠠᠴᠢᠯᠠᠭᠤᠯᠤᠭᠴᠢ ᠨᠢ ᠳᠤᠤᠷ᠎ᠠ ᠵᠢᠭᠰᠠᠭᠠᠭᠰᠠᠨ ᠠᠵᠢᠯᠯᠠᠭ᠎ᠠ ᠨᠤᠭᠤᠳ ᠤᠨ ᠨᠢᠭᠡ ᠶᠢ ᠭᠢᠭ᠍ᠰᠡᠨ ᠪᠠᠢ᠌ᠪᠠᠯ ᠬᠠᠯᠳᠠᠬᠤ ᠪᠠᠨ ᠵᠤᠭᠰᠤᠭᠠᠬᠤ᠂ ᠣᠤᠯ ᠡᠳ᠋ ᠢ ᠡᠭᠡᠭᠦᠯᠤᠨ ᠪᠣᠴᠠᠭᠠᠬᠤ᠂ ᠣᠭ ᠤᠨ ᠪᠠᠢ᠌ᠳᠠᠯ ᠢ ᠰᠡᠷᠭᠦᠭᠡᠭᠦ᠂ ᠰᠠᠭᠠᠤᠨ ᠳᠤᠤᠠᠬᠠᠷ ᠢ ᠠᠷᠢᠯᠭᠠᠬᠤ᠂ ᠠᠶᠤᠯ ᠳᠦᠭ᠍ᠰᠢᠭᠦᠷᠢ ᠶᠢ ᠠᠷᠢᠯᠭᠠᠬᠤ᠂ ᠬᠤᠭᠢᠷᠠᠯ ᠢ ᠳᠦᠯᠦᠭᠦ ᠵᠡᠷᠭᠡ ᠢᠷᠭᠡᠨ ᠤ ᠭᠡᠷᠡᠭ᠌ ᠤᠨ ᠬᠠᠷᠢᠭᠤᠴᠠᠯᠭ᠎ᠠ ᠡᠭᠦᠷᠭᠡᠯᠡᠭᠦ ᠭᠡᠷᠡᠭ᠍ᠳᠡᠢ᠄

( ᠨᠢᠭᠡ ) ᠳᠠᠭᠠᠭᠠᠴᠢᠯᠠᠭᠴᠢ ᠶᠢᠨ ᠬᠠᠤᠯᠢ ᠶᠤᠰᠤᠭᠠᠷ ᠡᠳ᠋ᠯᠡᠭᠦ ᠣᠢ᠌ᠯᠠᠤᠠᠪᠣᠷᠢᠯᠠᠯ ᠡᠵᠡᠩᠨᠡᠯᠳᠡ ᠶᠢᠨ ᠡᠵᠡᠨ ᠮᠡᠳᠡᠭᠦ ᠡᠷᠭᠡ ᠳᠤ ᠭᠠᠷ ᠳᠦᠷᠦᠭ᠍ᠰᠡᠨ ︔

( ᠬᠤᠶᠠᠷ ) ᠳᠤᠰ ᠬᠠᠤᠯᠢ ᠶᠢᠨ ᠳᠤᠭᠳᠠᠭᠠᠯ ᠡᠴᠡ ᠵᠦᠷᠢᠴᠠᠵᠤ᠂ ᠳᠠᠭᠠᠭᠠᠴᠢᠯᠠᠭᠰᠠᠨ ᠭᠠᠵᠠᠷ ᠢ ᠨᠢ ᠬᠤᠷᠢᠶᠠᠨ ᠠᠪᠴᠤ᠂ ᠳᠤᠭᠢᠷᠠᠭᠤᠯᠤᠯᠳᠠ ᠭᠢᠭ᠍ᠰᠡᠨ ︔

( ᠭᠤᠷᠪᠠ ) ᠳᠠᠭᠠᠭᠠᠴᠢᠯᠠᠭᠴᠢ ᠶᠢ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠤᠭᠤᠯᠬᠤ ᠪᠠᠷ ᠠᠯᠪᠠᠳᠠᠭᠰᠠᠨ ᠪᠣᠶᠤ ᠣᠷᠤᠭᠤᠯᠬᠤ ᠶᠢ ᠨᠢ ᠬᠠᠷᠰᠢᠯᠠᠭᠰᠠᠨ ︔

( ᠳᠦᠷᠪᠡ ) ᠴᠥᠭᠡᠩᠭᠢ ᠨᠢ ᠣᠯᠠᠩᠭᠢ ᠪᠠᠨ ᠳᠠᠭᠠᠬᠤ ᠭᠡᠷᠡᠭ᠍ᠳᠡᠢ ᠭᠡᠳᠡᠭ᠌ ᠶᠢᠡᠷ ᠰᠢᠯᠳᠠᠭᠯᠠᠨ ᠳᠠᠭᠠᠭᠠᠴᠢᠯᠠᠭᠴᠢ ᠶᠢ ᠠᠯᠪᠠᠳᠠᠵᠤ ᠪᠠᠢ᠌ᠭᠠᠤᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠨᠢ ᠬᠠᠶᠠᠭᠤᠯᠤᠭᠰᠠᠨ ᠪᠣᠶᠤ ᠬᠤᠪᠢᠷᠠᠭᠤᠯᠵᠤ ᠪᠠᠢ᠌ᠭᠠᠤᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠨᠢ ᠡᠷᠭᠢᠯᠳᠡ ᠳᠤ ᠣᠷᠤᠭᠤᠯᠤᠭᠰᠠᠨ ︔

( ᠳᠠᠪᠣ ) 《ᠠᠮᠤ ᠭᠦᠨᠡᠰᠤᠨ ᠤ ᠳᠠᠷᠢᠶ᠎ᠠ》 ᠪᠠ 《ᠬᠠᠷᠢᠭᠤᠴᠠᠯᠭ᠎ᠠ ᠶᠢᠨ ᠳᠠᠷᠢᠶ᠎ᠠ》 ᠬᠤᠪᠢᠶᠠᠷᠢᠯᠠᠬᠤ ᠪᠠᠷ ᠰᠢᠯᠳᠠᠭ ᠪᠣᠯᠭᠠᠵᠤ᠂ ᠳᠠᠭᠠᠭᠠᠴᠢᠯᠠᠯᠳᠠ ᠶᠢᠨ ᠭᠠᠵᠠᠷ ᠢ ᠨᠢ ᠬᠤᠷᠢᠶᠠᠨ ᠠᠪᠣᠭᠠᠤᠨ ᠳᠠᠭᠠᠭᠠᠴᠢᠯᠠᠯᠳᠠ ᠵᠠᠷᠯᠠᠨ ᠳᠠᠭᠠᠭᠠᠴᠢᠯᠠᠭᠤᠯᠤᠭᠰᠠᠨ ︔

( ᠵᠢᠷᠭᠤᠭ᠎ᠠ ) ᠳᠠᠭᠠᠭᠠᠴᠢᠯᠠᠭᠰᠠᠨ ᠭᠠᠵᠠᠷ ᠢ ᠨᠢ ᠬᠤᠷᠢᠶᠠᠨ ᠠᠪᠬᠤ ᠪᠠᠷ ᠥᠷᠢᠳᠦᠭ᠍ᠰᠡᠨ ᠵᠤᠭᠤᠰ ᠢ ᠳᠤᠯᠭᠠᠵᠤ ᠳᠦᠯᠦᠭᠦᠯᠦᠭ᠍ᠰᠡᠨ ︔

( ᠳᠤᠯᠤᠭ᠎ᠠ ) ᠡᠮᠡᠭ᠍ᠳᠡᠢ᠌ᠴᠦᠳ ᠤᠨ ᠬᠠᠤᠯᠢ ᠶᠤᠰᠤᠭᠠᠷ ᠡᠳ᠋ᠯᠡᠭᠦ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠬᠠᠰᠤᠭᠰᠠᠨ ᠪᠠ ᠳᠡᠭᠦᠨ ᠢ ᠬᠤᠭᠢᠷᠠᠭᠤᠯᠤᠭᠰᠠᠨ ︔

( ᠨᠢ᠋ᠮᠠ ) ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠳᠤ ᠬᠠᠯᠳᠠᠭᠰᠠᠨ ᠪᠣᠰᠤᠳ ᠠᠵᠢᠯᠯᠠᠭ᠎ᠠ ᠨᠤᠭᠤᠳ᠃

ᠳᠠᠪᠢᠨ ᠳᠠᠪᠣᠳᠤᠭᠠᠷ ᠵᠣᠢ᠌ᠯ ᠳᠠᠭᠠᠭᠠᠴᠢᠯᠠᠯᠳᠠ ᠶᠢᠨ ᠭᠡᠷ᠎ᠡ ᠳᠤᠳᠤᠷᠠᠭᠢ ᠳᠠᠭᠠᠭᠠᠴᠢᠯᠠᠭᠴᠢ ᠶᠢᠨ ᠭᠦᠰᠡᠯ ᠰᠠᠨᠠᠭ᠎ᠠ ᠡᠴᠡ ᠳᠠᠷᠰᠯᠠᠵᠤ ᠪᠣᠯᠵᠤᠨ ᠳᠤᠭᠳᠠᠭᠰᠠᠨ ᠵᠣᠢ᠌ᠯ ᠪᠣᠶᠤ ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠳᠤ ᠳᠤᠭᠳᠠᠭᠠᠭᠰᠠᠨ ᠳᠠᠭᠠᠭᠠᠴᠢᠯᠠᠭᠰᠠᠨ ᠭᠠᠵᠠᠷ ᠢ ᠬᠤᠷᠢᠶᠠᠨ ᠠᠪᠴᠤ ᠳᠤᠭᠢᠷᠠᠭᠤᠯᠵᠤ ᠪᠣᠯᠬᠤ ᠦᠭᠡᠶ ᠵᠡᠷᠭᠡ ᠬᠤᠯᠪᠣᠭᠳᠠᠯ ᠪᠦᠭᠦᠢ ᠠᠯᠪᠠᠳᠠᠯᠭ᠎ᠠ ᠶᠢᠨ ᠴᠢᠨᠠᠷ ᠲᠡᠶ ᠳᠤᠭᠳᠠᠭᠠᠯ ᠢ ᠵᠦᠷᠢᠴᠠᠵᠤ ᠪᠣᠯᠵᠤᠨ ᠳᠤᠭᠳᠠᠭᠰᠠᠨ ᠵᠣᠢ᠌ᠯ ᠪᠣᠯ ᠭᠦᠴᠤᠨ ᠦᠭᠡᠶ᠃

ᠳᠠᠪᠢᠨ ᠵᠢᠷᠭᠤᠳᠤᠭᠠᠷ ᠵᠣᠢ᠌ᠯ ᠳᠤᠬᠠᠢ ᠶᠢᠨ ᠭᠦᠮᠤᠨ ᠤ ᠨᠢᠭᠡ ᠳᠠᠯ᠎ᠠ ᠨᠢ ᠭᠡᠷ᠎ᠡ ᠶᠢᠨ ᠡᠭᠦᠷᠭᠡ ᠪᠠᠨ ᠭᠦᠢᠴᠡᠳᠭᠡᠭᠦ ᠦᠭᠡᠶ ᠪᠣᠶᠤ ᠭᠦᠢᠴᠡᠳᠭᠡᠭ᠍ᠰᠡᠨ ᠨᠢ ᠪᠣᠯᠵᠤᠨ ᠳᠤᠭᠳᠠᠭᠰᠠᠨ ᠲᠡᠶ ᠨᠡᠢ᠌ᠴᠡᠭᠦ ᠦᠭᠡᠶ ᠪᠠᠢ᠌ᠪᠠᠯ 《ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠭᠡᠷ᠎ᠡ ᠶᠢᠨ ᠬᠠᠤᠯᠢ》 ᠶᠢᠨ ᠳᠤᠭᠳᠠᠭᠠᠯ ᠶᠤᠰᠤᠭᠠᠷ ᠭᠡᠷ᠎ᠡ ᠵᠥᠷᠢᠴᠡᠭ᠍ᠰᠡᠨ ᠬᠠᠷᠢᠭᠤᠴᠠᠯᠭ᠎ᠠ ᠡᠭᠦᠷᠭᠡᠯᠡᠭᠦ ᠭᠡᠷᠡᠭ᠍ᠳᠡᠢ᠃

ᠳᠠᠪᠢᠨ ᠳᠤᠯᠤᠳᠤᠭᠠᠷ ᠵᠣᠢ᠌ᠯ ᠶᠠᠮᠠᠷᠪᠠ ᠵᠤᠬᠢᠶᠠᠨ ᠪᠠᠢ᠌ᠭᠤᠯᠤᠯᠳᠠ ᠪᠠ ᠬᠤᠪᠢ ᠭᠦᠮᠤᠨ ᠡᠴᠡ ᠳᠠᠭᠠᠭᠠᠴᠢᠯᠠᠭᠴᠢ ᠶᠢ ᠠᠯᠪᠠᠳᠠᠵᠤ ᠪᠠᠢ᠌ᠭᠠᠤᠨ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢ ᠨᠢ ᠡᠷᠭᠢᠯᠳᠡ ᠳᠤ ᠣᠷᠤᠭᠤᠯᠤᠭᠰᠠᠨ ᠪᠠᠢ᠌ᠪᠠᠯ ᠳᠤᠰ ᠡᠷᠭᠢᠯᠳᠡ ᠨᠢ ᠭᠦᠴᠤᠨ ᠦᠭᠡᠶ᠃

ᠳᠠᠪᠢᠨ ᠨᠢ᠋ᠮᠠᠳᠤᠭᠠᠷ ᠵᠣᠢ᠌ᠯ ᠶᠠᠮᠠᠷᠪᠠ ᠵᠤᠬᠢᠶᠠᠨ ᠪᠠᠢ᠌ᠭᠤᠯᠤᠯᠳᠠ ᠪᠠ ᠬᠤᠪᠢ ᠭᠦᠮᠤᠨ ᠭᠠᠵᠠᠷ ᠰᠢᠷᠤᠢ ᠳᠠᠭᠠᠭᠴᠢᠯᠠᠨ ᠡᠵᠡᠩᠨᠡᠭᠦ ᠡᠷᠭᠡ ᠶᠢᠨ ᠡᠷᠭᠢᠯᠳᠡ ᠶᠢᠨ ᠠᠰᠢᠭ ᠣᠷᠤᠯᠭ᠎ᠠ ᠶᠢ ᠳᠤᠷ᠎ᠠ ᠪᠠᠷ ᠥᠯᠡᠳᠡᠭᠡᠨ ᠠᠪᠴᠤ᠂ ᠰᠠᠭᠤᠯᠭᠠᠨ ᠳᠤᠰᠢᠶᠠᠯᠭᠠᠭᠰᠠᠨ ᠪᠠᠢ᠌ᠪᠠᠯ ᠪᠣᠴᠠᠭᠠᠵᠤ ᠦᠭ‍ᠭᠦ ᠭᠡᠷᠡᠭ᠍ᠳᠡᠢ᠃

ᠳᠠᠪᠢ ᠶ‍ᠢᠰᠦᠳᠦᠭᠡᠷ ᠵᠣᠢ᠌ᠯ ᠭᠠᠵᠠᠷ ᠰᠢᠷᠤᠢ ᠶᠢᠨ ᠬᠠᠮᠢᠶᠠᠷᠤᠯᠳᠠ ᠶᠢᠨ ᠬᠠᠤᠯᠢ ᠳᠤᠭᠳᠠᠭᠠᠯ ᠢ ᠵᠦᠷᠢᠴᠠᠵᠤ᠂ ᠭᠠᠵᠠᠷ ᠰᠢᠷᠤᠢ ᠶᠢ ᠬᠠᠤᠯᠢ ᠪᠣᠰᠤ ᠪᠠᠷ ᠳᠠᠳᠠᠪᠣᠷᠢᠯᠠᠨ ᠭᠡᠷᠡᠭᠯᠡᠭ᠍ᠰᠡᠨ᠂ ᠡᠵᠡᠯᠡᠨ ᠭᠡᠷᠡᠭᠯᠡᠭ᠍ᠰᠡᠨ ᠪᠣᠶᠤ ᠭᠠᠵᠠᠷ ᠰᠢᠷᠤᠢ ᠶᠢ ᠳᠠᠳᠠᠪᠣᠷᠢᠯᠠᠨ ᠭᠡᠷᠡᠭᠯᠡᠭᠦ ᠨᠥᠭᠦᠪᠦᠷᠢ ᠵᠠᠷᠤᠳᠠᠯ ᠢ ᠱᠠᠮᠰᠢᠵᠤ᠂ ᠨᠡᠭᠦᠯᠭᠡᠨ ᠭᠡᠷᠡᠭᠯᠡᠭᠡᠤᠨ ᠶᠠᠯ᠎ᠠ ᠪᠣᠯᠵᠤ ᠪᠦᠷᠢᠯᠳᠦᠭ᠍ᠰᠡᠨ ᠪᠠᠢ᠌ᠪᠠᠯ ᠬᠠᠤᠯᠢ ᠶᠤᠰᠤᠭᠠᠷ ᠡᠷᠡᠭᠦᠤ ᠶᠢᠨ ᠬᠠᠷᠢᠭᠤᠴᠠᠯᠭ᠎ᠠ ᠨᠡᠭᠡᠮᠵᠢᠯᠡᠨ᠎ᠡ ︔ ᠪᠣᠰᠤᠳ ᠭᠦᠮᠤᠨ ᠳᠤ ᠬᠤᠭᠢᠷᠠᠯ ᠣᠴᠠᠷᠠᠭᠤᠯᠤᠭᠰᠠᠨ ᠪᠠᠢ᠌ᠪᠠᠯ ᠬᠤᠭᠢᠷᠠᠯ ᠢ ᠨᠢ ᠳᠦᠯᠦᠭᠦ ᠵᠡᠷᠭᠡ ᠬᠠᠷᠢᠭᠤᠴᠠᠯᠭ᠎ᠠ ᠡᠭᠦᠷᠭᠡᠯᠡᠭᠦ ᠭᠡᠷᠡᠭ᠍ᠳᠡᠢ᠃

ᠵᠢᠷᠠᠳᠤᠭᠠᠷ ᠵᠣᠢ᠌ᠯ ᠳᠠᠭᠠᠭᠠᠴᠢᠯᠠᠭᠴᠢ ᠨᠢ ᠬᠠᠤᠯᠢ ᠶᠢ ᠵᠦᠷᠢᠴᠠᠨ ᠳᠠᠭᠠᠭᠠᠴᠢᠯᠠᠭᠰᠠᠨ ᠭᠠᠵᠠᠷ ᠢ ᠳᠠᠷᠢᠶᠠᠯᠠᠩ ᠤᠨ ᠪᠣᠰᠤ ᠪᠦᠳᠦᠭᠡᠨ ᠪᠠᠢ᠌ᠭᠤᠯᠤᠯᠳᠠ ᠶᠢ ᠭᠡᠷᠡᠭᠯᠡᠭ᠍ᠰᠡᠨ ᠪᠠᠢ᠌ᠪᠠᠯ ᠰᠢᠶᠠᠨ ᠤ ᠱᠠᠳᠤᠨ ᠡᠴᠡ ᠳᠡᠭᠡᠭ᠍ᠰᠢᠭᠢ ᠣᠷᠤᠨ ᠨᠤᠳᠤᠭ ᠤᠨ ᠠᠷᠠᠤᠨ ᠤᠨ ᠵᠠᠰᠠᠭ ᠤᠨ ᠣᠷᠳᠤᠨ ᠤ ᠬᠤᠯᠪᠣᠭᠳᠠᠯ ᠪᠦᠭᠦᠢ ᠵᠠᠰᠠᠭ ᠵᠠᠭᠢᠷᠭᠠᠨ ᠤ ᠡᠷᠭᠢᠯᠡᠨ ᠬᠠᠮᠢᠶᠠᠷᠬᠤ ᠰᠠᠯᠠᠭ᠎ᠠ ᠮᠦᠴᠢᠷ ᠡᠴᠡ ᠬᠠᠤᠯᠢ ᠶᠤᠰᠤᠭᠠᠷ ᠰᠢᠦᠡᠭᠡᠨ᠎ᠡ᠃

ᠳᠠᠭᠠᠭᠠᠴᠢᠯᠠᠭᠴᠢ ᠨᠢ ᠳᠠᠭᠠᠭᠠᠴᠢᠯᠠᠭᠰᠠᠨ ᠭᠠᠵᠠᠷ ᠲᠤ ᠡᠭᠦᠷᠢᠳᠡ ᠶᠢᠨ ᠴᠢᠨᠠᠷᠳᠠᠢ ᠬᠤᠭᠢᠷᠠᠯ ᠣᠴᠠᠷᠠᠭᠤᠯᠤᠭᠰᠠᠨ ᠪᠠᠢ᠌ᠪᠠᠯ ᠳᠠᠭᠠᠭᠠᠴᠢᠯᠠᠭᠤᠯᠤᠭᠴᠢ ᠨᠢ ᠬᠤᠷᠢᠭᠯᠠᠨ ᠵᠤᠭᠰᠤᠭᠠᠬᠤ ᠡᠷᠭᠡ ᠲᠡᠶ ᠪᠦᠭᠡᠤᠨ ᠳᠠᠭᠠᠭᠠᠴᠢᠯᠠᠭᠴᠢ ᠪᠠᠷ ᠡᠭᠦᠨ ᠡᠴᠡ ᠪᠣᠯᠤᠭᠰᠠᠨ ᠬᠤᠭᠢᠷᠠᠯ ᠢ ᠳᠦᠯᠦᠭᠦᠯᠭᠦ ᠪᠠᠷ ᠱᠠᠭᠠᠷᠳᠠᠬᠤ ᠡᠷᠭᠡ ᠲᠡᠶ᠃

ᠵᠢᠷᠠᠨ ᠨᠢᠭᠡᠳᠦᠭᠡᠷ ᠵᠣᠢ᠌ᠯ ᠲᠦᠷᠦ ᠶᠢᠨ ᠪᠠᠢ᠌ᠭᠤᠯᠤᠭ᠎ᠠ ᠭᠢᠭᠡᠤᠨ ᠳᠡᠭᠦᠨ ᠤ ᠠᠵᠢᠯᠳᠠᠨ ᠡᠷᠭᠡ ᠳᠤᠰᠢᠶᠠᠯ ᠶᠢᠡᠨ ᠠᠰᠢᠭᠯᠠᠵᠤ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠳᠤ ᠭᠠᠷ ᠲᠦᠷᠦᠵᠤ᠂ ᠳᠠᠭᠠᠭᠠᠴᠢᠯᠠᠯᠳᠠ ᠶᠢᠨ ᠭᠡᠷ᠎ᠡ ᠶᠢ ᠬᠤᠪᠢᠷᠠᠭᠤᠯᠵᠤ᠂ ᠭᠦᠴᠤᠨ ᠦᠭᠡᠶ ᠪᠣᠯᠭᠠᠭᠰᠠᠨ᠂ ᠳᠠᠭᠠᠭᠠᠴᠢᠯᠠᠭᠴᠢ ᠶᠢᠨ ᠬᠠᠤᠯᠢ ᠶᠤᠰᠤᠭᠠᠷ ᠡᠳ᠋ᠯᠡᠵᠤ ᠪᠠᠢ᠌ᠭ᠎ᠠ ᠣᠢ᠌ᠯᠠᠤᠠᠪᠣᠷᠢᠯᠠᠯ ᠡᠵᠡᠩᠨᠡᠯᠳᠡ ᠶᠢᠨ ᠡᠵᠡᠨ ᠮᠡᠳᠡᠭᠦ ᠡᠷᠭᠡ ᠳᠤ ᠭᠠᠷ ᠳᠦᠷᠦᠭ᠍ᠰᠡᠨ ᠪᠣᠶᠤ ᠳᠠᠭᠠᠭᠠᠴᠢᠯᠠᠭᠴᠢ ᠶᠢ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠪᠠᠨ ᠡᠷᠭᠢᠯᠳᠡ ᠳᠤ ᠣᠷᠤᠭᠤᠯᠤᠭᠤᠯᠤᠬᠤ ᠪᠠᠷ ᠠᠯᠪᠠᠳᠠᠭᠰᠠᠨ᠂ ᠣᠷᠤᠭᠤᠯᠬᠤ ᠶᠢ ᠨᠢ ᠬᠠᠷᠰᠢᠯᠠᠭᠰᠠᠨ ᠵᠡᠷᠭᠡ ᠭᠠᠵᠠᠷ ᠰᠢᠷᠤᠢ ᠶᠢᠨ ᠳᠠᠭᠠᠭᠠᠴᠢᠯᠠᠨ ᠡᠵᠡᠩᠨᠡᠭᠦ ᠡᠷᠭᠡ ᠳᠤ ᠬᠠᠯᠳᠠᠭᠰᠠᠨ ᠠᠵᠢᠯᠯᠠᠭ᠎ᠠ ᠭᠢᠵᠤ᠂ ᠳᠠᠭᠠᠭᠠᠴᠢᠯᠠᠭᠴᠢ ᠳᠤ ᠬᠤᠭᠢᠷᠠᠯ ᠣᠴᠠᠷᠠᠭᠤᠯᠤᠭᠰᠠᠨ ᠪᠠᠢ᠌ᠪᠠᠯ ᠬᠤᠭᠢᠷᠠᠯ ᠢ ᠳᠦᠯᠦᠭᠦ ᠵᠡᠷᠭᠡ ᠬᠠᠷᠢᠭᠤᠴᠠᠯᠭ᠎ᠠ ᠡᠭᠦᠷᠭᠡᠯᠡᠭᠦ ᠭᠡᠷᠡᠭ᠍ᠳᠡᠢ︔ ᠣᠢ᠌ᠯᠠ ᠪᠠᠢ᠌ᠳᠠᠯ ᠨᠢ ᠭᠦᠡᠳᠤ ᠨᠤᠴᠢᠳᠠᠢ ᠪᠠᠢ᠌ᠪᠠᠯ ᠳᠡᠭᠡᠳᠤ ᠱᠠᠳᠤᠨ ᠤ ᠪᠠᠢ᠌ᠭᠤᠯᠭ᠎ᠠ ᠪᠣᠶᠤ ᠪᠠᠢ᠌ᠭ᠎ᠠ ᠨᠢᠭᠡᠴᠢ ᠡᠴᠡ ᠨᠢ ᠰᠢᠭᠤᠳ ᠬᠠᠷᠢᠭᠤᠴᠠᠯᠭ᠎ᠠ ᠲᠡᠶ ᠭᠦᠮᠤᠨ ᠳᠤ ᠵᠠᠰᠠᠭ ᠵᠠᠭᠢᠷᠭᠠᠨ ᠤ ᠰᠢᠦᠡᠭᠡᠯ ᠦᠭ‍ᠭᠦᠨ᠎ᠡ︔ ᠶᠠᠯ᠎ᠠ ᠪᠣᠯᠵᠤ ᠪᠦᠷᠢᠯᠳᠦᠭ᠍ᠰᠡᠨ ᠪᠠᠢ᠌ᠪᠠᠯ ᠬᠠᠤᠯᠢ ᠶᠤᠰᠤᠭᠠᠷ ᠡᠷᠡᠭᠦᠤ ᠶᠢᠨ ᠬᠠᠷᠢᠭᠤᠴᠠᠯᠭ᠎ᠠ ᠨᠡᠭᠡᠮᠵᠢᠯᠡᠨ᠎ᠡ᠃


ᠳᠠᠪᠣᠳᠤᠭᠠᠷ ᠪᠦᠯᠦᠭ᠌   ᠳᠠᠭᠠᠯᠳᠤᠭᠤᠯᠤᠭᠰᠠᠨ ᠳᠦᠷᠢᠮ


ᠵᠢᠷᠠᠨ ᠬᠤᠶᠠᠳᠤᠭᠠᠷ ᠵᠣᠢ᠌ᠯ ᠳᠤᠰ ᠬᠠᠤᠯᠢ ᠶᠢ ᠭᠡᠷᠡᠭ᠍ᠵᠢᠭᠦᠯᠭᠦ ᠡᠴᠡ ᠡᠮᠦᠨ᠎ᠡ ᠣᠯᠤᠰ ᠤᠨ ᠭᠦᠳᠡᠭᠡ ᠳᠤᠰᠬᠤᠨ ᠤ ᠭᠠᠵᠠᠷ ᠰᠢᠷᠤᠢ ᠶᠢᠨ ᠳᠠᠭᠠᠭᠠᠴᠢᠯᠠᠯᠳᠠ ᠶᠢᠨ ᠳᠤᠬᠠᠢ ᠬᠤᠯᠪᠣᠭᠳᠠᠯ ᠪᠦᠭᠦᠢ ᠳᠤᠭᠳᠠᠭᠠᠯ ᠶᠢᠡᠷ ᠳᠠᠭᠠᠭᠠᠴᠢᠯᠠᠭᠤᠯᠤᠭᠰᠠᠨ᠂ ᠳᠠᠭᠠᠭᠠᠴᠢᠯᠠᠯᠳᠠ ᠶᠢᠨ ᠬᠤᠭᠤᠴᠠᠭ᠎ᠠ ᠨᠢ ᠳᠤᠰ ᠬᠠᠤᠯᠢ ᠶᠢᠨ ᠳᠤᠭᠳᠠᠭᠠᠯ ᠡᠴᠡ ᠣᠷᠳᠤ ᠪᠠᠢ᠌ᠬᠤ ᠶᠢ ᠪᠠᠭᠳᠠᠭᠠᠭᠰᠠᠨ ᠳᠠᠭᠠᠭᠠᠴᠢᠯᠠᠯᠳᠠ ᠨᠢ ᠳᠤᠰ ᠬᠠᠤᠯᠢ ᠶᠢ ᠭᠡᠷᠡᠭ᠍ᠵᠢᠭᠦᠯᠦᠭ᠍ᠰᠡᠨ ᠡᠴᠡ ᠬᠣᠢ᠌ᠰᠢ ᠥᠷᠭᠦᠯᠵᠢᠯᠡᠨ ᠭᠦᠴᠤᠨ ᠲᠡᠶ᠂ ᠭᠠᠵᠠᠷ ᠰᠢᠷᠤᠢ ᠶᠢ ᠳᠠᠭᠢᠵᠤ ᠰᠢᠨ᠎ᠠ ᠪᠠᠷ ᠳᠠᠭᠠᠭᠠᠴᠢᠯᠠᠭᠤᠯᠵᠤ ᠪᠣᠯᠬᠤ ᠦᠭᠡᠶ᠃ ᠳᠠᠭᠠᠭᠠᠴᠢᠯᠠᠭᠴᠢ ᠳᠤ ᠭᠠᠵᠠᠷ ᠰᠢᠷᠤᠢ ᠳᠠᠭᠠᠭᠠᠴᠢᠯᠠᠨ ᠡᠵᠡᠩᠨᠡᠭᠦ ᠡᠷᠭᠡ ᠶᠢᠨ ᠦᠨᠡᠮᠯᠠᠯ ᠪᠣᠶᠤ ᠣᠢ ᠮᠤᠳᠤᠨ ᠤ ᠡᠷᠭᠡ ᠶᠢᠨ ᠦᠨᠡᠮᠯᠠᠯ ᠵᠡᠷᠭᠡ ᠣᠯᠤᠭᠠᠳᠤᠢ ᠪᠠᠢ᠌ᠪᠠᠯ ᠦᠨᠡᠮᠯᠠᠯ ᠨᠥᠭᠦᠪᠦᠷᠢᠯᠡᠨ ᠣᠯᠭᠤᠬᠤ ᠭᠡᠷᠡᠭ᠍ᠳᠡᠢ᠃

ᠵᠢᠷᠠᠨ ᠭᠤᠷᠪᠠᠳᠤᠭᠠᠷ ᠵᠣᠢ᠌ᠯ ᠳᠤᠰ ᠬᠠᠤᠯᠢ ᠶᠢ ᠭᠡᠷᠡᠭ᠍ᠵᠢᠭᠦᠯᠭᠦ ᠡᠴᠡ ᠡᠮᠦᠨ᠎ᠡ ᠪᠡᠯᠡᠳᠭᠡᠯ ᠭᠠᠵᠠᠷ ᠢ ᠨᠢᠭᠡᠨᠲᠡ ᠣᠷᠢᠤᠠᠴᠢᠠᠯᠠ ᠥᠯᠡᠳᠡᠭᠡᠭ᠍ᠰᠡᠨ ᠪᠠᠢ᠌ᠪᠠᠯ᠂ ᠪᠡᠯᠡᠳᠭᠡᠯ ᠭᠠᠵᠠᠷ ᠤᠨ ᠳᠠᠯᠠᠪᠠᠢ ᠶᠢ ᠳᠤᠰ ᠬᠠᠮᠳᠤ ᠶᠢᠨ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠶᠢᠨ ᠳᠠᠷᠢᠶᠠᠨ ᠭᠠᠵᠠᠷ ᠤᠨ ᠶᠡᠷᠦᠩᠭᠡᠢ ᠳᠠᠯᠠᠪᠠᠢ ᠶᠢᠨ ᠵᠠᠭᠤᠨ ᠤ ᠳᠠᠪᠣ ᠡᠴᠡ ᠭᠡᠳᠦᠷᠡᠭᠦᠯᠵᠤ ᠪᠣᠯᠬᠤ ᠦᠭᠡᠶ᠂ ᠵᠠᠭᠤᠨ ᠤ ᠳᠠᠪᠣ ᠳᠤ ᠭᠦᠷᠭᠦ ᠦᠭᠡᠶ ᠪᠠᠢ᠌ᠪᠠᠯ ᠳᠠᠭᠢᠵᠤ ᠪᠡᠯᠡᠳᠭᠡᠯ ᠭᠠᠵᠠᠷ ᠨᠡᠮᠡᠭ᠍ᠳᠡᠭᠦᠯᠵᠤ ᠪᠣᠯᠬᠤ ᠦᠭᠡᠶ᠃ ᠳᠤᠰ ᠬᠠᠤᠯᠢ ᠶᠢ ᠭᠡᠷᠡᠭ᠍ᠵᠢᠭᠦᠯᠭᠦ ᠡᠴᠡ ᠡᠮᠦᠨ᠎ᠡ ᠪᠡᠯᠡᠳᠭᠡᠯ ᠭᠠᠵᠠᠷ ᠥᠯᠡᠳᠡᠭᠡᠵᠤ ᠪᠣᠯᠬᠤ ᠦᠭᠡᠶ᠃

ᠵᠢᠷᠠᠨ ᠳᠦᠷᠪᠠᠳᠦᠭᠡᠷ ᠵᠣᠢ᠌ᠯ ᠡᠯ᠎ᠡ ᠮᠤᠵᠢ᠂ ᠥᠪᠠᠷᠳᠡᠭᠡᠨ ᠵᠠᠰᠠᠬᠤ ᠣᠷᠤᠨ᠂ ᠰᠢᠭᠤᠳ ᠬᠠᠷᠢᠶ᠎ᠠ ᠬᠤᠳᠠ ᠶᠢᠨ ᠠᠷᠠᠤᠨ ᠤᠨ ᠳᠦᠯᠦᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠡᠴᠡ ᠳᠤᠰ ᠬᠠᠤᠯᠢ ᠶᠢ ᠦᠨᠳᠦᠰᠦᠯᠠᠵᠤ᠂ ᠳᠤᠰ ᠵᠠᠰᠠᠭ ᠵᠠᠭᠢᠷᠭᠠᠨ ᠤ ᠣᠷᠤᠨ ᠤ ᠪᠣᠳᠠᠳᠠᠢ ᠪᠠᠢ᠌ᠳᠠᠯ ᠲᠡᠶ ᠪᠠᠨ ᠣᠶᠠᠯᠳᠤᠭᠤᠯᠵᠤ ᠪᠠᠢ᠌ᠭᠠᠤᠨ ᠠᠷᠭ᠎ᠠ ᠳᠤᠭᠳᠠᠭᠠᠵᠤ ᠪᠣᠯᠤᠨ᠎ᠠ᠃

ᠵᠢᠷᠠᠨ ᠳᠠᠪᠣᠳᠤᠭᠠᠷ ᠵᠣᠢ᠌ᠯ ᠳᠤᠰ ᠬᠠᠤᠯᠢ ᠶᠢ 2003 ᠣᠨ ᠤ 3 ᠰᠠᠷ᠎ᠠ ᠶᠢᠨ 1 ᠊ᠤ ᠡᠳᠦᠷ ᠡᠴᠡ ᠡᠭᠢᠯᠡᠵᠤ ᠭᠡᠷᠡᠭ᠍ᠵᠢᠭᠦᠯᠦᠨ᠎ᠡ᠃


ᠬᠠᠷᠢᠶ᠎ᠠ᠄ ᠬᠠᠤᠯᠢ ᠳᠦᠷᠢᠮ
ᠳᠠᠷᠤᠮ᠄ 11868
ᠴᠠᠭ᠄ 2010 ᠤᠨ ᠤ 09 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ