ᠨᠡᠪᠲᠡᠷᠡᠨ ᠤᠷᠤᠬᠤ
ᠬᠠᠯᠢᠮᠠᠭ ᠮᠤᠩᠭ᠋ᠤᠯ ᠨᠠᠷ᠎ᠠ ᠶᠢᠨ ᠳᠤᠬᠠᠢ

     ᠬᠠᠯᠢᠮᠠᠭ ᠊᠊᠊᠊᠊᠊᠊᠊᠊᠊᠊᠊᠊᠊᠊ ᠡᠨᠡ ᠨᠢ ᠶᠡᠭᠡ ᠴᠦᠯ ᠤᠨ ᠪᠠᠷᠠᠭᠤᠨ ᠭᠡᠰᠡᠭ᠌ ᠲᠤ ᠠᠮᠢᠳᠤᠷᠠᠨ ᠣᠷᠤᠰᠢᠵᠤ ᠪᠠᠢ᠌ᠭ᠎ᠠ ᠳᠤᠷᠭᠤᠳ ᠠᠢ᠌ᠮᠠᠭ ᠢ ᠨᠡᠷᠡᠢ᠌ᠳᠦᠭ᠍ᠰᠡᠨ ᠳᠦᠷᠺ ᠥᠭᠡ ᠶᠤᠮ᠃ ᠳᠤᠷᠭᠤᠳ ᠨᠢ ᠣᠭ ᠡᠴᠡ ᠮᠤᠩᠭ᠋ᠤᠯ ᠤᠨ ᠤᠢ᠌ᠷᠠᠤᠨ ᠣᠭᠰᠠᠭᠠᠨ 《ᠬᠤᠱᠤᠳ᠂ ᠥᠭᠡᠯᠡᠳ᠂ ᠵᠤᠩᠭ᠋ᠠᠷ᠂ ᠳᠦᠷᠪᠠᠤᠨ᠂ ᠳᠤᠷᠭᠤᠳ》 ᠊ᠤᠨ ᠨᠢᠭᠡᠨ ᠪᠢᠯᠠ ᠭᠡᠮᠡᠭᠦ ᠦᠵᠡᠯᠳᠠ︕

     ᠬᠠᠯᠢᠮᠠᠭ ᠊᠊᠊᠊᠊᠊᠊᠊᠊᠊᠊᠊᠊᠊᠊ ᠵᠥᠪᠭᠡᠨ ᠳᠤᠷᠭᠤᠳ ᠠᠢ᠌ᠮᠠᠭ ᠢ ᠨᠠᠷᠠᠯᠠᠵᠤ ᠳᠠᠭᠤᠳᠠᠭᠰᠠᠨ ᠳᠠᠭᠤᠳᠠᠯᠭ᠎ᠠ ᠪᠢᠰᠢ᠂ ᠬᠠᠷᠢᠨ ᠶᠡᠭᠡ ᠭᠤᠪᠢ ᠶᠢᠨ ᠪᠠᠷᠠᠭᠤᠨ᠎ᠠ ᠨᠡᠭᠦᠳᠡᠯᠡᠨ ᠣᠷᠤᠰᠢᠵᠤ ᠪᠠᠢ᠌ᠭ᠎ᠠ ᠪᠦᠭᠦᠢᠯᠡ ᠮᠤᠩᠭ᠋ᠤᠯ ᠣᠭᠰᠠᠭᠠᠨ ᠤ ᠶᠡᠷᠦᠩᠭᠡᠢ ᠳᠠᠭᠤᠳᠠᠯᠭ᠎ᠠ ᠶᠤᠮ᠃ ᠳᠤᠬᠠᠢ᠌ᠯᠠᠪᠠᠯ ᠺᠠᠽᠠᠭ᠂ ᠣᠢ᠌ᠭᠤᠷ ᠵᠡᠷᠭᠡ ᠦᠨᠳᠦᠰᠦᠳᠠᠨ ᠨᠢ ᠪᠦᠭᠦᠢᠯᠡ ᠮᠤᠩᠭ᠋ᠤᠯ ᠦᠨᠳᠦᠰᠦᠳᠠᠨ ᠢ ᠡᠳᠦᠭᠡ ᠪᠦᠭᠦᠯᠢ ᠳ᠋ᠤᠨᠢ 《halmah》 ᠭᠡᠮᠡᠨ ᠨᠠᠷᠠᠢ᠌ᠳᠴᠤ ᠪᠠᠢ᠌ᠨ᠎ᠠ ᠭᠡᠮᠡᠭᠦ ᠦᠵᠡᠯᠳᠠ︕

     ᠡᠳᠦᠭᠡ ᠺᠠᠽᠠᠭ᠂ ᠣᠢ᠌ᠭᠤᠷ ᠵᠡᠷᠭᠡ ᠦᠨᠳᠦᠰᠦᠳᠠᠨ ᠨᠢ ᠳᠤᠬᠠᠢ ᠶᠢᠨ ᠭᠠᠵᠠᠷ ᠤᠨ ᠮᠤᠩᠭ᠋ᠤᠯᠴᠤᠳ ᠶᠢᠡᠨ 《ᠬᠠᠯᠮᠠᠬᠤ ᠊᠊᠊᠊᠊᠊᠊᠊᠊᠊᠊᠊᠊᠊᠊ halmah》 ᠭᠡᠮᠡᠨ ᠨᠠᠷᠠᠯᠠᠨ ᠳᠠᠭᠤᠳᠠᠵᠤ ᠪᠠᠢ᠌ᠳᠠᠭ᠃ ᠡᠨᠡ ᠨᠢ ᠬᠠᠯᠢᠮᠠᠭ ᠭᠡᠮᠡᠭᠦ ᠥᠭᠡ ᠶᠢᠨ ᠣᠠᠳᠤᠤᠰᠢᠭᠰᠠᠨ ᠳᠠᠭᠤᠳᠠᠯᠭ᠎ᠠ ᠪᠠᠢ᠌ᠵᠤ ᠪᠣᠯᠵᠤᠰᠢ ᠦᠭᠡᠶ᠃ 《ᠳᠦᠷᠪᠠᠨ ᠤᠢ᠌ᠷᠠᠤᠨ ᠤᠨ ᠳᠡᠦᠭᠡ》 ᠭᠡᠮᠡᠭᠦ ᠨᠤᠮ ᠳᠤ 《ᠬᠠᠯᠢᠮᠠᠭ》 ᠭᠡᠳᠡᠭ᠌ ᠥᠭᠡ ᠶᠢ ᠊᠊᠊᠊᠊᠊᠊᠊᠊᠊᠊᠊᠊᠊᠊ 《ᠦᠯᠠᠳᠠᠵᠤ ᠬᠤᠴᠤᠷᠤᠭᠰᠠᠨ ᠨᠢ》 ᠭᠡᠵᠤ ᠳᠠᠢ᠌ᠯᠪᠣᠷᠢᠯᠠᠵᠤ ᠪᠠᠢ᠌ᠳᠠᠭ ᠪᠠᠢ᠌ᠨ᠎ᠠ᠃ ᠳᠠᠷᠤᠢ ᠦᠯᠠᠳᠠᠵᠤ ᠬᠤᠴᠤᠷᠤᠭᠳᠠᠭᠰᠠᠨ ᠨᠢ ᠊᠊᠊᠊᠊᠊᠊᠊᠊᠊᠊᠊᠊᠊᠊ ᠭᠡᠭᠦ ᠣᠤᠠᠬ᠎ᠠ ᠲᠡᠶ ᠪᠠᠢ᠌ᠳᠠᠭ᠃

     ᠦᠵᠡᠯᠳᠠ ᠤᠳ᠄

     ᠨᠢᠭᠡ᠄ ᠶᠡᠭᠡ ᠥᠭᠡᠯᠡᠳ ᠪᠠᠷᠠᠭᠤᠠᠰᠢ ᠨᠡᠭᠦᠳᠡᠯᠡᠭ᠍ᠰᠡᠨ ᠤ ᠳᠠᠷᠠᠭᠠᠭᠢ ᠥᠯᠡᠳᠡᠭ᠍ᠰᠡᠨ ᠳᠦᠷᠪᠠᠨ ᠤᠢ᠌ᠷᠠᠤᠨ ᠤᠨ ᠨᠠᠷᠠᠢ᠌ᠳᠤᠯ ᠪᠠᠢ᠌ᠬᠤ᠃

     ᠬᠤᠶᠠᠷ᠄ ᠤᠪᠠᠰᠢ ᠬᠠᠨ ᠡᠴᠡ ᠳᠤᠷᠭᠤᠳ ᠠᠢ᠌ᠮᠠᠭ ᠶᠢᠡᠨ ᠣᠳᠤᠷᠢᠳᠤᠨ ᠵᠡᠭᠦᠡᠰᠢ ᠨᠡᠭᠦᠭ᠍ᠰᠡᠨ ᠤ ᠳᠠᠷᠠᠭᠠᠭᠢ ᠸᠤᠯ ᠮᠦᠷᠡᠨ ᠤ ᠪᠠᠷᠠᠭᠤᠨ ᠭᠦᠪᠠᠭᠡᠨ᠎ᠡ ᠦᠯᠠᠳᠠᠵᠤ ᠬᠤᠴᠤᠷᠤᠭᠳᠠᠭᠰᠠᠨ ᠳᠤᠷᠭᠤᠳᠴᠤᠳ ᠤᠨ ᠨᠠᠷᠠᠢ᠌ᠳᠤᠯ ᠪᠠᠢ᠌ᠬᠤ᠃ ᠡᠭᠦᠨ ᠳᠤ ᠨᠢᠭᠡᠳᠡᠭᠢ ᠦᠵᠡᠯᠳᠠ ᠳᠤ ᠣᠯᠠᠨ ᠭᠦᠮᠤᠨ ᠤ ᠰᠠᠨᠠᠭ᠎ᠠ ᠨᠡᠢ᠌ᠯᠡᠭ᠍ᠰᠡᠨ ᠪᠠᠢ᠌ᠳᠠᠭ᠃

     ᠭᠤᠪᠢ ᠶᠢᠨ ᠡᠮᠦᠨᠡᠭᠢ ᠪᠠ ᠭᠤᠪᠢ ᠶᠢᠨ ᠬᠣᠢ᠌ᠨᠠᠭᠢ ᠮᠤᠩᠭ᠋ᠤᠯᠴᠤᠳ ᠭᠡᠵᠤ ᠨᠡᠷᠡᠯᠡᠳᠡᠭ᠌ ᠰᠢᠭ᠌ ᠡᠨᠡᠭᠦ 《ᠬᠠᠯᠢᠮᠠᠭ》 ᠭᠡᠮᠡᠭᠦ ᠥᠭᠡ ᠨᠢ ᠣᠢ᠌ᠭᠤᠷ᠂ ᠺᠠᠽᠠᠭ᠂ ᠣᠰᠪᠧᠺᠽᠲ᠋ᠠᠨ ᠤ ᠭᠢᠨ ᠮᠤᠩᠭ᠋ᠤᠯ ᠢ ᠬᠠᠮᠤᠷᠠᠭᠤᠯᠤᠨ ᠨᠡᠷᠡᠢ᠌ᠳᠦᠭ᠍ᠰᠡᠨ ᠳᠠᠭᠤᠳᠠᠯᠭ᠎ᠠ ᠶᠤᠮ᠃ ᠬᠠᠷᠢᠨ ᠣᠢ᠌ᠭᠤᠷ᠂ ᠺᠠᠽᠠᠭ ᠭᠦᠮᠦᠰ ᠡᠨᠡᠭᠦ 《ᠬᠠᠯᠢᠮᠠᠭ》 ᠭᠡᠮᠡᠭᠦ ᠥᠭᠡ ᠶᠢ ᠨᠠᠷᠢᠨ ᠣᠢ᠌ᠯᠠᠭᠠᠵᠤ ᠮᠡᠳᠡᠳᠡᠭ᠌ ᠦᠭᠡᠶ ᠬᠠᠷᠢᠨ ᠮᠤᠩᠭ᠋ᠤᠯᠴᠤᠳ ᠢ ᠬᠠᠷᠢᠶᠠᠵᠤ ᠪᠠᠢ᠌ᠭ᠎ᠠ ᠣᠤᠠᠬ᠎ᠠ ᠪᠠᠷ ᠡᠨᠡ ᠳᠠᠭᠤᠳᠠᠯᠭ᠎ᠠ ᠶᠢ ᠭᠡᠷᠡᠭᠯᠡᠳᠡᠭ᠌ ᠭᠡᠰᠡᠨ ᠪᠢᠯᠠ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 8254
ᠴᠠᠭ᠄ 2011 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ