ᠨᠡᠪᠲᠡᠷᠡᠨ ᠤᠷᠤᠬᠤ
ᠭᠡᠯᠡ ᠪᠠᠨ ᠬᠠᠢ᠌ᠷᠠᠯᠠᠵᠤ ᠶᠠᠪᠣᠶ᠎ᠠ
(ᠬᠡᠦᠬᠡᠳ ᠤᠨ ᠰᠢᠯᠦᠭ᠌)

ᠭᠡᠯᠡᠭᠦ ᠳᠤ ᠣᠷᠤᠰᠤᠮ᠎ᠠ ᠮᠤᠩᠭ᠋ᠤᠯ ᠭᠡᠯᠡ ᠪᠠᠨ

ᠬᠡᠦᠬᠡᠳ ᠪᠠᠭ᠎ᠠ ᠡᠴᠠ ᠪᠠᠨ ᠳᠡᠭᠡᠳᠦᠯᠡᠵᠤ ᠰᠤᠷᠤᠶ᠎ᠠ

ᠭᠡᠯᠡᠳᠡᠨ ᠤ ᠳᠤᠳᠤᠷᠠᠭᠢ ᠢᠷᠠᠭᠤᠬᠠᠨ ᠭᠡᠯᠡ ᠪᠠᠨ

ᠭᠡᠯᠡᠭᠡᠢ ᠪᠣᠷᠤᠭᠤ ᠦᠭᠡᠶ ᠴᠡᠪᠠᠷᠭᠡᠨ ᠭᠡᠯᠡᠶ᠎ᠡ


ᠠᠪᠣ ᠡᠵᠢ ᠶᠢᠨ ᠶᠢᠡᠨ ᠳᠠᠭᠤᠳᠠᠯᠭ᠎ᠠ ᠶᠢ ᠭᠦᠷᠳᠡᠯ᠎ᠡ

ᠪᠠ ᠪᠠ ᠮᠠ ᠮᠠ ᠭᠡᠵᠤ ᠭᠢᠳᠠᠳᠴᠢᠯᠠᠭᠠᠤᠨ ᠶᠠᠭᠠᠭᠢᠬᠤ ᠪᠣᠢ︖

ᠡᠪᠦᠭᠡ ᠡᠮᠡᠭᠡ ᠶᠢᠨ ᠶᠢᠡᠨ ᠨᠠᠷᠠᠢ᠌ᠳᠠᠯ ᠢ ᠭᠦᠷᠳᠡᠯ᠎ᠡ

ᠶ‍ᠧ ᠶ‍ᠧ ᠨᠠᠢ ᠨᠠᠢ ᠭᠡᠵᠤ ᠢᠷᠭᠡᠡᠴᠢᠯᠡᠭᠡᠳ ᠶᠠᠭᠠᠭᠢᠬᠤ ᠪᠣᠢ︖


ᠪᠠᠰᠠ ᠴᠠᠭᠠᠰᠢᠭᠢ ᠣᠯᠠᠨ ᠯᠠ ᠥᠭᠡ ᠵᠢ

ᠪᠣᠰᠤᠳ ᠤᠨ ᠭᠡᠯᠡ ᠪᠠᠷ ᠣᠷᠤᠯᠠᠭᠤᠯᠤᠭᠠᠤᠨ ᠶᠠᠭᠠᠭᠢᠬᠤ ᠪᠣᠢ︖

ᠪᠣᠯᠪᠠᠰᠤᠨ ᠰᠠᠢ᠌ᠬᠠᠨ ᠭᠡᠯᠡ ᠪᠠᠨ ᠳᠡᠭᠡᠭᠡᠳ

ᠪᠣᠯᠤᠩ ᠵᠠᠬ᠎ᠠ ᠥᠭᠡᠳᠡ ᠰᠢᠬᠠᠭᠠᠤᠨ ᠶᠠᠭᠠᠭᠢᠬᠤ ᠪᠣᠢ︖


ᠦᠷᠦᠭᠡᠯ ᠤᠨ ᠭᠡᠯᠡ ᠶᠢ ᠰᠤᠷᠬᠤ ᠡᠴᠠ ᠡᠮᠤᠨ᠎ᠡ

ᠦᠪᠡᠷ ᠤᠨ ᠭᠡᠯᠡ ᠪᠠᠨ ᠪᠠᠷᠢᠮᠵᠢᠶᠠᠯᠢᠭ ᠰᠤᠷᠤᠶ᠎ᠠ

ᠡᠪᠦᠭᠡ ᠳᠡᠭᠡᠳᠦᠰ ᠲᠡᠭᠡᠨ ᠣᠰᠤᠯᠳᠤᠯ ᠥᠭᠡᠢ

ᠦᠮᠴᠢᠳᠤ ᠭᠡᠯᠡ ᠪᠠᠨ ᠬᠠᠢ᠌ᠷᠠᠯᠠᠵᠤ ᠶᠠᠪᠣᠶ᠎ᠠ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2010 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ