ᠨᠡᠪᠲᠡᠷᠡᠨ ᠤᠷᠤᠬᠤ
ᠰᠠᠷᠲ᠋ ᠬᠠᠯᠢᠮᠠᠭ ᠤᠨ ᠠᠩᠬᠠᠨ ᠤ ᠰᠢᠠᠵᠢᠯᠯᠠᠳᠠ

[ ᠠᠭᠤᠯᠭ᠎ᠠ ᠶᠢᠨ ᠳᠤᠪᠴᠢ ]᠄ ᠵᠡᠭᠦᠡᠭᠠᠷ ᠬᠠᠭᠠᠠᠳᠤ ᠣᠯᠤᠰ ᠤᠨ ᠭᠠᠯᠳᠠᠠᠴᠠᠷᠠᠨ ᠨᠠᠰᠤ ᠪᠠᠷᠠᠭᠰᠠᠨ ᠤ ᠳᠠᠷᠠᠭ᠎ᠠ᠂ ᠬᠠᠭᠠᠨ ᠰᠠᠭᠤᠷᠢᠨ ᠢ ᠵᠠᠯᠭᠠᠮᠵᠢᠯᠠᠬᠤ ᠡᠴᠡ ᠪᠣᠯᠤᠭᠰᠠᠨ ᠵᠢᠭᠤᠷᠭᠠᠨ ᠥᠢᠮᠡᠭᠡᠨ ᠡᠴᠡ ᠵᠠᠢ᠌ᠯᠠᠵᠤ ᠢᠰᠰ‍ᠭᠠᠺᠦ᠋ᠯ ᠨᠠᠭᠤᠷ ᠤᠨ ᠭᠦᠪᠠᠭᠡᠨ ᠳᠤ ᠣᠳᠤᠵᠤ ᠠᠮᠢᠳᠤᠷᠠᠭᠰᠠᠨ ᠨᠢᠭᠡ ᠭᠡᠰᠡᠭ᠌ ᠥᠭᠡᠯᠡᠳ᠂ ᠵᠡᠭᠦᠡᠭᠠᠷ ᠬᠠᠭᠠᠠᠳᠤ ᠣᠯᠤᠰ ᠪᠣᠯᠤᠨ ᠮᠠᠠᠵᠤ ᠴᠢᠩ ᠭᠦᠷᠤᠨ ᠤ ᠳᠠᠢ᠌ᠨ ᠤ ᠭᠦᠯ ᠡᠴᠡ ᠵᠤᠯᠤᠵᠤ ᠢᠰᠰ‍ᠭᠠᠺᠦ᠋ᠯ ᠨᠠᠭᠤᠷ ᠤᠨ ᠭᠦᠪᠠᠭᠡᠨ ᠳᠤ ᠠᠮᠢ ᠳᠠᠮᠠᠴᠠᠵᠤ ᠭᠦᠷᠦᠭ᠍ᠰᠡᠨ ᠨᠢᠭᠡ ᠭᠡᠰᠡᠭ᠌ ᠥᠭᠡᠯᠡᠳ᠂ ᠣᠳᠤ ᠶᠢᠨ ᠭᠢᠷᠭᠢᠰᠲ᠋ᠠᠨ ᠣᠯᠤᠰ ᠤᠨ ᠢᠰᠰ‍ᠭᠠᠺᠦ᠋ᠯ ᠨᠠᠭᠤᠷ ᠤᠨ ᠭᠦᠪᠠᠭᠡ ᠪᠠᠷ ᠠᠮᠢᠳᠤᠷᠠᠵᠤ ᠪᠣᠢ ᠰᠠᠷᠲ᠋ ᠬᠠᠯᠢᠮᠠᠭ ᠭᠡᠮᠡᠨ ᠨᠠᠷ᠎ᠠ ᠪᠠᠨ ᠳᠠᠭᠤᠳᠠᠭᠤᠯᠤᠭᠰᠠᠨ ᠤᠳᠤᠭ ᠪᠦᠷᠢᠦᠡᠴᠡᠢ᠂ ᠳᠠᠳᠠᠨ ᠪᠣᠯᠪᠠᠰᠤ ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠰᠢᠠᠵᠢᠶᠠᠩ ᠤᠨ ᠣᠢ᠌ᠭᠤᠷ ᠥᠪᠠᠷᠳᠡᠭᠡᠨ ᠵᠠᠰᠠᠬᠤ ᠣᠷᠤᠨ ᠤ ᠢᠯᠢ ᠶᠢᠨ ᠬᠠᠰᠠᠭ ᠥᠪᠠᠷᠳᠡᠭᠡᠨ ᠵᠠᠰᠠᠬᠤ ᠵᠸᠤ ᠳᠤ ᠠᠮᠢᠳᠤᠷᠠᠵᠤ ᠪᠠᠢ᠌ᠭ᠎ᠠ ᠥᠭᠡᠯᠡᠳ ᠮᠤᠩᠭ᠋ᠤᠯᠴᠤᠳ ᠤᠨ ᠠᠯᠳᠠᠨ ᠶᠠᠰᠤᠨ ᠤ ᠬᠤᠭᠤᠷᠬᠠᠢ᠂ ᠠᠯᠠᠭ ᠮᠢᠬᠠᠨ ᠤ ᠳᠠᠰᠤᠷᠬᠠᠢ ᠮᠦᠨ ᠠᠵᠢ᠂

[ᠲ᠋ᠢᠳᠢᠮ ᠥᠭᠡ ] ᠢᠰᠰ‍ᠭᠠᠺᠦ᠋ᠯ ᠨᠠᠭᠤᠷ᠂ ᠰᠠᠷᠲ᠋ ᠬᠠᠯᠢᠮᠠᠭ᠂ ᠥᠭᠡᠯᠡᠳ

ᠮᠤᠩᠭ᠋ᠤᠯᠭᠦᠷᠢᠶ᠎ᠡ ᠰᠢᠶᠠᠨ ᠳᠤ《ᠰᠠᠷᠲ᠋ ᠬᠠᠯᠢᠮᠠᠭ》 ᠭᠡᠳᠡᠭ᠌ ᠨᠢᠭᠡ ᠨᠣᠳᠤᠭ ᠪᠠᠢ᠌ᠳᠠᠭ᠂ ᠡᠳᠡᠭᠡᠷ 《ᠰᠠᠷᠲ᠋ ᠬᠠᠯᠢᠮᠠᠭ》 ᠊ᠤᠨ ᠣᠯᠠᠩᠭᠢ ᠨᠢ ᠪᠠᠶ᠎ᠠ ᠶᠢᠨ ᠦᠨᠡᠮᠯᠠᠯ ᠳᠤ ᠪᠠᠨ ᠦᠪᠡᠷ ᠢ ᠪᠠᠨ ᠭᠢᠷᠭᠢᠰ ᠭᠡᠮᠡᠨ ᠳᠡᠮᠳᠡᠭᠯᠡᠭᠦᠯᠦᠭ᠍ᠰᠡᠨ ᠪᠠᠢ᠌ᠳᠠᠭ᠃

ᠡᠳᠡᠭᠡᠷ 《ᠰᠡᠷᠲ᠋ ᠬᠠᠯᠢᠮᠠᠭᠴᠦᠳ》 ᠡᠷᠳᠡ ᠡᠴᠡ ᠪᠠᠨ ᠮᠤᠩᠭ᠋ᠤᠯᠭᠦᠷᠢᠶ᠎ᠡ ᠶᠢᠨ ᠥᠭᠡᠯᠡᠳ ᠤᠨ ᠠᠮᠠᠨ ᠠᠶᠠᠯᠭᠤ ᠪᠠᠷ ᠰᠠᠢ᠌ᠬᠠᠨ ᠶᠠᠷᠢᠵᠤ᠂ ᠮᠤᠩᠭ᠋ᠤᠯ ᠣᠷᠲᠤ ᠶᠢᠨ ᠳᠠᠭᠤᠤ ᠳᠠᠭᠤᠯᠠᠵᠤ ᠴᠢᠳᠠᠳᠠᠭ ᠪᠠ ᠭᠢᠷᠭᠢᠰ ᠭᠡᠯᠡ ᠶᠢ ᠴᠤ ᠣᠷᠤᠰᠤᠮ᠎ᠠ ᠭᠡᠯᠡᠳᠡᠭ᠌ ᠪᠠᠢ᠌ᠵᠠᠢ᠃ ᠱᠠᠰᠢᠨ ᠰᠢᠳᠦᠯᠭᠡ ᠶᠢᠨ ᠬᠤᠪᠢ ᠳᠤ ᠳᠠᠳᠠᠨᠤᠰ ᠢᠰᠯᠠᠮ ᠤᠨ ᠱᠠᠰᠢᠨ ᠢ ᠰᠢᠳᠦᠳᠡᠭ᠌ ᠪᠠᠢ᠌ᠨ᠎ᠠ᠃ ᠮᠤᠩᠭ᠋ᠤᠯᠭᠦᠷᠢᠶ᠎ᠡ ᠰᠢᠶᠠᠨ ᠤ ᠡᠭᠦᠯᠳᠡᠷ ᠬᠤᠨᠢ ᠶᠢᠨ ᠳᠠᠯᠠᠪᠠᠢ ᠶᠢᠨ ᠪᠠᠭ᠎ᠠ ᠰᠤᠷᠭᠠᠭᠤᠯᠢ ᠶᠢᠨ ᠳᠠᠷᠤᠭ᠎ᠠ ᠪᠣᠯᠵᠤ ᠪᠠᠢ᠌ᠭᠠᠤᠨ ᠣᠳᠤ ᠨᠠᠰᠤᠨ ᠤ ᠠᠮᠠᠷᠠᠯᠳᠠ ᠳᠤ ᠭᠠᠷᠤᠭᠰᠠᠨ ᠠᠶ‍ᠢᠺᠢᠱᠢ ᠡᠪᠦᠭᠡᠨ (ᠡᠨᠡ ᠵᠢᠯ 70 ᠨᠠᠰᠤᠳᠠᠢ᠂ ᠰᠠᠷᠲ᠋ ᠬᠠᠯᠢᠮᠠᠭ ᠭᠦᠮᠤᠨ) ᠭᠡᠯᠡᠭᠦ ᠳᠡᠭᠡᠨ ᠄ 《ᠮᠤᠩᠭ᠋ᠤᠯᠭᠦᠷᠢᠶ᠎ᠡ ᠳᠤ ᠪᠠᠢ᠌ᠭᠰᠠᠨ 〈ᠰᠠᠷᠲ᠋ ᠬᠠᠯᠢᠮᠠᠭ〉 ᠊ᠤᠨ ᠣᠭ ᠨᠤᠳᠤᠭ ᠨᠢ ᠣᠳᠤ ᠶᠢᠨ ᠭᠢᠷᠭᠢᠰᠲ᠋ᠠᠨ ᠣᠯᠤᠰ ᠤᠨ ᠢᠰᠰ‍ᠭᠠᠺᠦ᠋ᠯ ᠨᠠᠭᠤᠷ ᠤᠨ ᠭᠦᠪᠠᠭᠡᠨ ᠳ᠋ᠠᠭᠢ ᠴᠸᠯᠫᠧᠺ᠂ ᠳᠠᠱᠺᠢᠶᠠ᠂ ᠪᠣᠷᠮᠠᠰᠤᠪ᠂ ᠪᠦᠭᠡᠷᠸᠪᠠᠱ ᠵᠡᠷᠭᠡ ᠭᠠᠵᠠᠷ ᠪᠣᠯᠤᠨ᠎ᠠ᠃ 1932 ᠣᠨ ᠳᠤ ᠣᠷᠤᠰ ᠳᠤ Кулак (Кулак ᠭᠡᠳᠡᠭ᠌ ᠨᠢ ᠪᠠᠶᠠᠨ ᠳᠠᠷᠢᠶᠠᠴᠢᠨ᠂ ᠭᠠᠵᠠᠷ ᠤᠨ ᠡᠵᠡᠨ ᠭᠡᠳᠡᠭ᠌ ᠣᠤᠠᠬ᠎ᠠ ᠲᠡᠶ ᠭᠡᠵᠤ ᠳᠤᠰ ᠡᠪᠦᠭᠡᠨ ᠭᠡᠯᠡᠵᠤ ᠦᠭ‍ᠪᠡ) ᠬᠤᠪᠢᠰᠬᠠᠯ ᠶᠠᠪᠣᠭᠤᠯᠤᠭᠰᠠᠨ ᠳᠤ᠂ ᠨᠢᠭᠡ ᠭᠡᠰᠡᠭ᠌ ᠪᠠᠶᠠᠨ ᠨᠤᠶᠠᠨ ᠢᠵᠠᠭᠤᠷᠳᠠᠨ ᠭᠠᠷᠤᠯᠳᠠᠢ ᠭᠦᠮᠦᠰ ᠪᠠ ᠳᠠᠳᠠᠨᠤᠰ ᠯᠤᠭ᠎ᠠ ᠬᠤᠯᠪᠣᠭᠳᠠᠯᠳᠠᠢ ᠲᠦᠷᠦᠯ ᠰᠠᠳᠤᠨ ᠭᠦᠮᠦᠰ ᠳᠤᠳᠠᠭᠠᠵᠤ ᠭᠢᠯᠢ ᠳᠠᠪᠠᠭᠠᠤᠨ᠂ 1932 ᠊᠊᠊᠊᠊᠊᠊᠊᠊᠊᠊᠊᠊᠊᠊ 1934 ᠣᠨ ᠤ ᠬᠤᠭᠤᠷᠤᠠᠳᠤ ᠮᠤᠩᠭ᠋ᠤᠯᠭᠦᠷᠢᠶ᠎ᠡ ᠳᠤ ᠢᠷᠠᠵᠤ ᠪᠠᠢ᠌ᠷᠢᠰᠢᠵᠠᠢ ᠨᠠᠷᠢᠪᠴᠢᠯᠠᠨ ᠭᠡᠯᠡᠪᠠᠯ᠂ 1932 ᠣᠨ ᠳᠤ〈ᠰᠠᠷᠲ᠋ ᠬᠠᠯᠢᠮᠠᠭ〉 ᠊ᠤᠨ ᠳᠤᠳᠤᠷᠠᠭᠢ ᠬᠠᠷ᠎ᠠ ᠪᠠᠷᠤᠤᠷ (ᠬᠠᠷ᠎ᠠ ᠪᠠᠭᠠᠳᠤᠷ ᠭᠡᠵᠤ ᠪᠠᠰᠠ ᠭᠡᠯᠡᠳᠡᠭ᠌) ᠊ᠤᠨ ᠣᠳᠤᠮ ᠠᠪᠣᠳᠤᠯᠯᠠ ᠭᠡᠳᠡᠭ᠌ ᠭᠦᠮᠤᠨ ᠡᠭᠡᠨᠡᠷ ᠭᠦᠪᠠᠭᠦᠨ ᠭᠤᠷᠪᠠᠭᠤᠯᠠ ᠪᠠᠨ ᠢᠷᠠᠵᠤ᠂ ᠳᠠᠳᠠᠨ ᠤ ᠠᠷᠤ ᠡᠴᠡ ᠱᠤᠩᠬᠤᠷ ᠤᠨ ᠣᠳᠤᠮ ᠤᠨ ᠺᠦᠷᠠᠮᠬᠠᠯᠠᠢ᠂ ᠠᠪᠳᠠᠷᠮᠠᠬᠠᠨ ᠨᠡᠷ ᠢᠷᠠᠵᠠᠢ ᠳᠠᠳᠠᠨᠤᠰ ᠢ ᠥᠯᠵᠡᠢ᠌ᠮᠥᠩᠭᠡ ᠠᠮᠪᠠᠨ᠂ ᠭᠡᠷ ᠤᠨ ᠪᠠᠨ ᠬᠠᠵᠠᠭᠤ ᠳᠤ ᠢᠰᠡᠭᠡᠢ ᠭᠡᠷ ᠪᠠᠷᠢᠵᠤ ᠦᠭ‍ᠭᠦᠭᠡᠳ ᠪᠠᠢ᠌ᠯᠭᠠᠵᠤ᠂ ᠡᠮᠡᠭ᠍ᠳᠡᠢ᠌ᠴᠦᠳ ᠨᠢ ᠥᠯᠵᠡᠢ᠌ᠮᠥ᠋ᠩᠭᠡ ᠠᠮᠪᠠᠨ ᠤ ᠬᠢᠴᠢᠯᠡᠯᠭᠡ ᠶᠢᠨ ᠬᠤᠭᠤᠯᠠ ᠪᠣᠳᠠᠭ᠎ᠠ ᠭᠢᠵᠤ᠂ ᠡᠷᠡᠭ᠍ᠳᠡᠢ᠌ᠴᠦᠳ ᠨᠢ ᠳᠤᠰ ᠭᠠᠵᠠᠷ ᠤᠨ ᠭᠦᠮᠦᠰ ᠲᠤ ᠮᠤᠳᠤᠨ ᠭᠡᠷ ᠪᠠᠷᠢᠬᠤ ᠮᠡᠷᠭᠡᠵᠢᠯ ᠵᠢᠭᠠᠳᠠᠭ ᠪᠠᠢ᠌ᠵᠠᠢ᠃ ᠡᠳᠡᠭᠡᠷ ᠭᠦᠮᠦᠰ ᠤᠨ ᠠᠷᠤ ᠡᠴᠡ ᠪᠠᠶᠠᠨ ᠪᠠᠫᠠ ᠶᠢᠨ ᠣᠳᠤᠮ ᠤᠨ ᠢᠰᠮᠠᠶ‍ᠢᠯ᠂ ᠠᠯᠠᠫᠠᠰ᠂ ᠳᠤᠳᠤᠨ ᠤ ᠣᠳᠤᠮ ᠤᠨ ᠠᠶᠠᠲ᠋ᠤᠭᠤᠯ ᠮᠤᠯᠯᠠ᠂ ᠰᠤᠯᠳᠠᠨ ᠤ ᠣᠳᠤᠮ ᠤᠨ ᠬᠠᠨᠢᠶ‍ᠢ᠂ ᠵᠸᠳᠧᠭᠡᠷ ᠤᠨ ᠬᠣᠢ᠌ᠴᠢ ᠰᠠᠲ᠋ᠠᠷᠪᠠᠶ‍ᠢ ᠨᠡᠷ ᠢᠷᠡᠭ᠍ᠰᠡᠨ ᠭᠡᠵᠤ ᠡᠪᠦᠭᠡᠳ ᠭᠡᠯᠡᠳᠡᠭ᠌ ᠪᠢᠯᠡ》 ᠭᠡᠪᠡ ᠡᠭᠦᠨ ᠡᠴᠡ ᠥᠵᠡᠭᠦ ᠳᠤ ᠳᠤᠬᠠᠢ ᠶᠢᠨ ᠦᠶ᠎ᠡ ᠳᠤ ᠠᠷᠪᠠᠨ ᠭᠡᠳᠤᠨ ᠡᠷᠦᠭᠡ ᠵᠤᠯᠤᠵᠤ ᠢᠷᠡᠭ᠍ᠰᠡᠨ ᠪᠠᠢ᠌ᠨ᠎ᠠ᠃

ᠮᠤᠩᠭ᠋ᠤᠯᠭᠦᠷᠢᠶ᠎ᠡ ᠰᠢᠶᠠᠨ ᠤ ᠣᠯᠤᠰ ᠤᠨ ᠠᠶᠤᠯ ᠦᠭᠡᠶ ᠶᠢᠨ ᠳᠤᠪᠴᠢᠶᠠᠨ ᠡᠴᠡ ᠨᠠᠰᠤᠨ ᠤ ᠠᠮᠠᠷᠠᠯᠳᠠ ᠳᠤ ᠭᠠᠷᠤᠭᠰᠠᠨ ᠵᠤᠮᠠᠳᠠᠯ (ᠰᠠᠷᠲ᠋ ᠬᠠᠯᠢᠮᠠᠭ ᠭᠦᠮᠤᠨ) ᠪᠣᠯ ᠠᠶ‍ᠢᠺᠢᠱᠢ ᠯᠤᠭ᠎ᠠ ᠬᠠᠮᠳᠤ ᠳᠤ ᠪᠠᠨ ᠪᠦᠷ ᠱᠤᠩᠬᠤᠷ ᠤᠨ ᠣᠳᠤᠮ ᠤᠨ ᠭᠢᠨ ᠪᠣᠯᠤᠨ᠎ᠠ᠃ ᠳᠠᠳᠠᠨᠤᠰ ᠠᠭᠤᠯᠭ᠎ᠠ ᠠᠳᠠᠯᠢ ᠡᠢ᠌ᠮᠤ ᠨᠢᠭᠡᠨ ᠶᠠᠪᠣᠳᠠᠯ ᠢ ᠨᠠᠳᠠ ᠳᠤ ᠭᠡᠯᠡᠭ᠍ᠰᠡᠨ ᠨᠢ᠄ 《1916 ᠣᠨ ᠳᠤ᠂ ᠠᠭᠠᠢ ᠠᠮᠪᠠᠨ ᠭᠡᠳᠡᠭ᠌ ᠭᠦᠮᠤᠨ ᠣᠯᠠᠨ ᠭᠦᠮᠤᠨ ᠢ ᠳᠠᠭᠠᠭᠤᠯᠵᠤ ᠭᠢᠷᠭᠢᠰ ᠤᠨ ᠢᠰᠰ‍ᠭᠠᠺᠦ᠋ᠯ ᠨᠠᠭᠤᠷ ᠤᠨ ᠭᠦᠪᠠᠭᠡ ᠳᠤ ᠣᠳᠤᠵᠤ ᠨᠢᠭᠡ ᠰᠠᠷ᠎ᠠ ᠪᠠᠷᠤᠭ ᠭᠢᠷᠠᠳᠠᠢ ᠬᠤᠭᠤᠴᠠᠭ᠎ᠠ ᠪᠠᠢ᠌ᠭᠰᠠᠨ ᠪᠠᠢ᠌ᠨ᠎ᠠ᠂ ᠳᠡᠳᠡᠭᠡᠷ ᠭᠦᠮᠦᠰ ᠤᠨ ᠳᠤᠳᠤᠷ᠎ᠠ ᠥᠯᠵᠡᠢ᠌ᠮᠥ᠋ᠩᠭᠡ ᠪᠠᠰᠠ ᠣᠳᠤᠵᠠᠢ᠂ ᠳᠤᠬᠠᠢ ᠶᠢᠨ ᠵᠢᠯ ᠳᠠᠷᠠ ᠪᠠᠷᠤᠭ 16 ᠨᠠᠰᠤᠳᠠᠢ ᠪᠠᠢ᠌ᠵᠠᠢ᠃ ᠥᠯᠵᠡᠢ᠌ᠮᠥ᠋ᠩᠭᠡ 1930 ᠣᠨ ᠳᠤ ᠠᠮᠪᠠᠨ ᠪᠣᠯᠵᠠᠢ᠂ 1932 ᠣᠨ ᠳᠤ ᠵᠤᠯᠤᠵᠤ ᠢᠷᠡᠭ᠍ᠰᠡᠨ 〈ᠰᠡᠷᠲ᠋ ᠬᠠᠯᠢᠮᠠᠭ〉 ᠭᠦᠮᠦᠰ ᠪᠣᠯ ᠥᠯᠵᠡᠢ᠌ᠮᠥ᠋ᠩᠭᠡ ᠢᠰᠰ‍ᠭᠠᠺᠦ᠋ᠯ ᠨᠠᠭᠤᠷ ᠲᠤ ᠣᠳᠤᠬᠤ ᠲᠠᠭᠠᠨ ᠳᠠᠨᠢᠯᠴᠠᠭᠰᠠᠨ ᠭᠦᠮᠦᠰ ᠪᠤᠯᠤᠨ᠎ᠠ》 ᠭᠡᠪᠡ᠃ ᠳᠠᠳᠠᠨᠤᠰ ᠮᠤᠩᠭ᠋ᠤᠯᠭᠦᠷᠢᠶ᠎ᠡ ᠳᠤ ᠢᠷᠡᠭᠦ ᠳᠤ ᠣᠳᠤ ᠶᠢᠨ ᠰᠢᠶᠠᠨ ᠤ ᠴᠠᠭᠢᠯᠭᠠᠨ ᠭᠠᠷᠭᠠᠬᠤ ᠣᠢ᠌ᠯᠠᠳᠪᠣᠷᠢ ᠶᠢᠨ ᠳᠡᠭᠡᠳᠤ ᠳᠠᠯ᠎ᠠ ᠡᠴᠡ ᠭᠠᠵᠠᠷ ᠥᠭ᠍ᠴᠤ᠂ ᠳᠠᠳᠠᠨᠤᠰ ᠳᠠᠠᠳᠠ ᠭᠡᠷ ᠪᠠᠷᠢᠵᠤ ᠰᠠᠭᠤᠷᠢᠰᠢᠨ ᠰᠠᠭᠤᠭᠰᠠᠨ ᠪᠠᠢ᠌ᠨ᠎ᠠ ᠡᠭᠦᠨ ᠢ ᠭᠦᠮᠦᠰ 《ᠰᠡᠷᠲ᠋ ᠺᠠᠯᠮᠠᠺ ᠮᠠᠢ᠌ᠯ (ᠰᠠᠷᠲ᠋ ᠬᠠᠯᠢᠮᠠᠭ ᠠᠢ᠌ᠯ ᠭᠡᠰᠡᠨ ᠣᠤᠠᠬ᠎ᠠ ᠲᠡᠶ ᠬᠠᠰᠠᠭ ᠥᠭᠡ)》 ᠭᠡᠮᠡᠨ ᠣᠳᠤ ᠮᠤᠩᠭ᠋ᠤᠯᠭᠦᠷᠢᠶ᠎ᠡ ᠳᠤ ᠪᠠᠢ᠌ᠬᠤ 《ᠰᠠᠷᠲ᠋ ᠬᠠᠯᠢᠮᠠᠭ》 ᠊ᠤᠨ ᠬᠣᠢ᠌ᠴᠢᠰ ᠨᠢ ᠣᠢ᠌ᠭᠤᠷ᠂ ᠭᠢᠷᠭᠢᠰ᠂ ᠬᠠᠰᠠᠭ ᠮᠠᠳᠤ ᠶᠢᠨ ᠦᠨᠳᠦᠰᠦᠳᠠᠨ ᠤᠳ ᠯᠤᠭ᠎ᠠ ᠬᠤᠷᠢᠮᠯᠠᠵᠤ᠂ ᠦᠪᠡᠷ ᠤᠨ ᠪᠠᠶ᠎ᠠ ᠪᠠᠨ ᠳᠡᠳᠡᠭᠡᠷ ᠦᠨᠳᠦᠰᠦᠳᠠᠨ ᠶᠢᠡᠷ ᠳᠡᠮᠳᠡᠭᠯᠡᠭᠦᠯᠵᠤ ᠪᠠᠢ᠌ᠨ᠎ᠠ ᠨᠤᠳᠤᠭ ᠤᠨ ᠭᠦᠮᠦᠰ ᠳᠠᠳᠠᠨ ᠢ 《ᠰᠠᠷᠲ᠋ ᠬᠠᠯᠢᠮᠠᠭ》 ᠭᠡᠵᠤ ᠨᠡᠷᠡᠢ᠌ᠳᠭᠦ ᠡᠴᠡ ᠪᠢᠰᠢ᠂ 《ᠰᠠᠷᠲ᠋ ᠬᠠᠯᠢᠮᠠᠭ》 ᠦᠨᠳᠦᠰᠦᠳᠠᠨ ᠭᠡᠭᠦ ᠦᠭᠡᠶ᠂ ᠣᠳᠤ ᠪᠠᠢ᠌ᠭ᠎ᠠ ᠪᠠᠭᠠᠴᠤᠳ (ᠵᠠᠯᠠᠭᠤᠴᠤᠳ) ᠨᠠᠩ ᠴᠤ 《ᠰᠠᠷᠲ᠋ ᠬᠠᠯᠢᠮᠠᠭ》 ᠣᠳᠤᠭ ᠪᠢᠯᠠ ᠭᠡᠵᠤ ᠭᠡᠯᠡᠭᠦ ᠴᠤ ᠳᠤᠷ᠎ᠠ ᠦᠭᠡᠶ ᠪᠣᠯᠤᠭᠰᠠᠨ ᠪᠠᠢ᠌ᠨ᠎ᠠ᠃ ᠮᠤᠩᠭ᠋ᠤᠯᠭᠦᠷᠢᠶ᠎ᠡ ᠳᠤ ᠪᠠᠢ᠌ᠭᠰᠠᠨ 《ᠰᠠᠷᠲ᠋ ᠬᠠᠯᠢᠮᠠᠭ》 ᠨᠣᠳᠤᠭ ᠤᠨ ᠭᠦᠮᠦᠰ ᠡᠮᠦᠨ᠎ᠡ ᠵᠠᠭᠤᠨ ᠤ ᠨᠠᠶᠠᠭᠠᠳ ᠣᠨ ᠤ ᠦᠶ᠎ᠡ ᠪᠠᠷ ᠳᠤᠬᠠᠢ ᠶᠢᠨ ᠦᠶ᠎ᠡ ᠶᠢᠨ ᠮᠤᠩᠭ᠋ᠤᠯᠭᠦᠷᠢᠶ᠎ᠡ ᠰᠢᠶᠠᠨ ᠡᠴᠡ ᠪᠦᠭᠦ ᠣᠯᠤᠰ ᠪᠠ ᠥᠪᠠᠷᠳᠡᠭᠡᠨ ᠵᠠᠰᠠᠬᠤ ᠣᠷᠤᠨ ᠤ ᠣᠯᠤᠰ ᠲᠦᠷᠦ ᠶᠢᠨ ᠵᠥᠪᠯᠡᠯᠭᠡᠨ ᠤ ᠭᠡᠰᠢᠭᠦᠨ ᠪᠠᠢ᠌ᠭᠰᠠᠨ ᠸᠯᠠᠳᠢᠮᠢᠷᠴᠢ (ᠣᠷᠤᠰ ᠭᠦᠮᠤᠨ) ᠳᠤ《ᠰᠠᠷᠲ᠋ ᠬᠠᠯᠢᠮᠠᠭ》 ᠳᠤᠰᠠᠭᠠᠷ ᠦᠨᠳᠦᠰᠦᠳᠠᠨ ᠪᠣᠯᠬᠤ ᠳᠤᠬᠠᠢ ᠰᠠᠨᠠᠯ ᠵᠥᠪᠯᠡᠯᠭᠡ ᠪᠢᠴᠢᠵᠤ ᠦᠭ‍ᠭᠦᠭ᠍ᠰᠡᠨ ᠳᠤ ᠥᠪᠠᠷᠳᠡᠭᠡᠨ ᠵᠠᠰᠠᠬᠤ ᠣᠷᠤᠨ ᠡᠴᠡ ᠭᠦᠮᠤᠨ ᠢᠷᠠᠵᠤ ᠪᠠᠢ᠌ᠴᠠᠭᠠᠯᠳᠠ ᠭᠢᠵᠤ ᠳᠤᠰᠠᠭᠠᠷ ᠦᠨᠳᠦᠰᠦᠳᠠᠨ ᠪᠣᠯᠬᠤ ᠳᠤ ᠨᠥᠭᠦᠴᠡᠯ ᠪᠦᠷᠢᠯᠳᠦᠭᠦ (ᠭᠦᠷᠦᠯᠴᠡᠭᠦ) ᠦᠭᠡᠶ ᠪᠠᠢ᠌ᠨ᠎ᠠ ᠭᠡᠵᠤ ᠰᠢ᠌ᠤᠠᠪᠣᠷᠢ ᠭᠠᠷᠭᠠᠭᠰᠠᠨ ᠪᠠᠢ᠌ᠨ᠎ᠠ ᠭᠡᠵᠤ ᠠᠶ‍ᠢᠺᠢᠱᠢ ᠡᠪᠦᠭᠡᠨ ᠶᠠᠷᠢᠵᠤ ᠪᠠᠢ᠌ᠨ᠎ᠠ᠃

ᠠᠶ‍ᠢᠺᠢᠱᠢ ᠡᠪᠦᠭᠡᠨ ᠤ ᠭᠡᠯᠡᠭᠦ ᠪᠠᠷ《ᠮᠤᠩᠭ᠋ᠤᠯᠭᠦᠷᠢᠶ᠎ᠡ ᠳᠤ ᠢᠷᠡᠭ᠍ᠰᠡᠨ 〈ᠰᠡᠷᠲ᠋ ᠬᠠᠯᠢᠮᠠᠭ〉 ᠣᠷᠢᠳᠠ᠂ ᠮᠤᠩᠭ᠋ᠤᠯ ᠭᠡᠯᠡ ᠶᠢ ᠰᠠᠢ᠌ᠬᠠᠨ ᠭᠡᠯᠡᠵᠤ ᠴᠢᠳᠠᠳᠠᠭ ᠪᠠ ᠣᠷᠳᠤ ᠶᠢᠨ ᠳᠠᠭᠤᠤ ᠪᠠᠰᠠ ᠳᠠᠭᠤᠯᠠᠳᠠᠭ ᠪᠢᠯᠠ᠂ 1958 ᠣᠨ ᠳᠤ᠂ ᠭᠢᠷᠭᠢᠰ ᠤᠨ ᠢᠰᠰ‍ᠭᠠᠺᠦ᠋ᠯ ᠨᠠᠭᠤᠷ ᠤᠨ ᠭᠦᠪᠠᠭᠡ ᠡᠴᠡ ᠠᠢ᠌ᠪᠳᠠᠬᠠᠳᠤᠷ᠂ ᠠᠮᠢᠠᠳᠢᠺᠦ᠋ᠨ ᠭᠡᠳᠡᠭ᠌ ᠲᠦᠷᠦᠯ ᠰᠠᠳᠤᠨ ᠨᠢ ᠢᠷᠠᠵᠤ᠂ ᠳᠠᠳᠠᠨ ᠤ ᠭᠢ᠌᠌ᠴᠢᠯᠡᠯᠭᠡ ᠳᠤ ᠳᠤᠬᠠᠢ ᠶᠢᠨ ᠦᠶ᠎ᠡ ᠶᠢᠨ ᠮᠤᠩᠭ᠋ᠤᠯᠭᠦᠷᠢᠶ᠎ᠡ ᠶᠢᠨ ᠮᠥᠩᠭᠡᠪᠠᠳᠤ ᠳᠠᠷᠤᠭ᠎ᠠ ᠣᠷᠤᠯᠴᠠᠵᠤ᠂ ᠳᠠᠳᠠᠨ ᠪᠦᠭᠦᠳᠡᠭᠡᠷ ᠶᠢᠡᠨ ᠮᠤᠩᠭ᠋ᠤᠯ ᠣᠷᠳᠤ ᠶᠢᠨ ᠳᠠᠭᠤᠤ ᠳᠠᠭᠤᠯᠠᠭᠰᠠᠨ ᠪᠢᠯᠡ》 ᠭᠡᠨ᠎ᠡ᠃ ᠠᠶ‍ᠢᠺᠢᠱᠢ ᠡᠪᠦᠭᠡᠨ ᠪᠠᠰᠠ ᠭᠡᠯᠡᠭᠦ ᠲᠡᠭᠡᠨ ᠄ 《ᠪᠢ 1994 ᠣᠨ ᠳᠤ᠂ ᠣᠨᠳᠤᠭᠠᠨ ᠬᠤᠶᠠᠷ ᠰᠠᠳᠤᠨ ᠲᠡᠶ ᠪᠠᠨ ᠬᠠᠮᠳᠤ ᠢᠰᠠᠭᠠᠺᠦᠢᠯ ᠳᠤ ᠪᠠᠢ᠌ᠬᠤ ᠲᠦᠷᠦᠯ ᠳᠡᠭᠡᠨ ᠣᠳᠤᠯ᠎ᠠ᠂ ᠳᠠᠷᠠ ᠦᠶ᠎ᠡ ᠳᠤ ᠬᠤᠷᠠᠮᠠᠠᠬᠤᠨ ᠭᠡᠳᠡᠭ᠌ ᠲᠦᠷᠦᠯ ᠡᠪᠦᠭᠡᠨ ᠨᠠᠳᠠ ᠳᠤ ᠣᠷᠳᠤ ᠶᠢᠨ ᠳᠠᠭᠤᠤ ᠳᠠᠭᠤᠯᠠᠵᠤ ᠦᠭ‍ᠭᠦᠭ᠍ᠰᠡᠨ᠂ ᠳᠠᠳᠠᠨ ᠨᠠᠶᠠᠭᠠᠤᠨ ᠣᠨ ᠤ ᠦᠶ᠎ᠡ ᠪᠠᠷ ᠳᠡᠭᠡᠰ ᠡᠴᠡ ᠢᠷᠠᠵᠤ 100 ᠵᠢᠯ ᠪᠣᠯᠤᠭᠰᠠᠨ ᠣᠢ ᠶᠢ ᠪᠠᠨ ᠣᠭᠳᠤᠭᠰᠠᠨ ᠨᠠᠢ᠌ᠷ ᠨᠠᠭᠠᠳᠤᠮ ᠭᠢᠭ᠍ᠰᠡᠨ ᠶᠢᠠᠨ ᠭᠡᠯᠡᠪᠡ》 ᠭᠡᠪᠡ᠃ ᠠᠶ‍ᠢᠺᠢᠱᠢ ᠡᠪᠦᠭᠡᠨ ᠭᠡᠯᠡᠭᠦ ᠳᠡᠭᠡᠨ ᠄ 《ᠪᠢᠳᠠᠨ 1932 ᠣᠨ ᠳᠤ ᠢᠰᠰ‍ᠭᠠᠺᠦ᠋ᠯ ᠨᠠᠭᠤᠷ ᠡᠴᠡ ᠵᠤᠯᠤᠵᠤ ᠢᠷᠡᠭᠦ ᠲᠡᠭᠡᠨ ᠵᠠᠷᠺᠢᠨ ᠤ ᠭᠢᠯᠢ ᠶᠢᠨ ᠪᠣᠭᠤᠮᠳᠠ ᠪᠠᠷ ᠭᠠᠷᠴᠤ ᠢᠷᠠᠯ᠎ᠠ᠂ ᠵᠠᠷᠺᠢᠨ ᠪᠣᠯ ᠬᠤᠷᠭᠤᠰ ᠪᠣᠭᠤᠮᠳᠠ ᠯᠤᠭ᠎ᠠ ᠵᠡᠷᠭᠡᠯᠡᠳᠡᠭᠡ ᠪᠠᠢ᠌ᠬᠤ ᠬᠠᠰᠠᠭᠰᠲ᠋ᠠᠨ ᠤ ᠭᠠᠵᠠᠷ ᠮᠥᠨ》 ᠭᠡᠪᠡ᠃ ᠳᠠᠭᠠᠭᠤᠯ᠎ᠡ᠂ ᠮᠤᠩᠭ᠋ᠤᠯᠭᠦᠷᠢᠶ᠎ᠡ ᠳᠤ ᠪᠠᠢ᠌ᠬᠤ 《ᠰᠠᠷᠲ᠋ ᠬᠠᠯᠢᠮᠠᠭ》 ᠶᠠᠭᠤᠨ ᠤ ᠣᠴᠢᠷ ᠡᠴᠡ ᠭᠢᠷᠭᠢᠰᠲ᠋ᠠᠨ ᠤ ᠢᠰᠰ‍ᠭᠠᠺᠦ᠋ᠯ ᠨᠠᠭᠤᠷ ᠤᠨ《ᠰᠠᠷᠲ᠋ ᠬᠠᠯᠢᠮᠠᠭ》 ᠯᠤᠭ᠎ᠠ ᠬᠤᠯᠪᠣᠭ᠎ᠠ ᠲᠡᠶ ᠪᠣᠢ ᠳᠠᠳᠠᠨ ᠶᠠᠭᠠᠭᠢᠭᠠᠤᠨ ᠮᠤᠩᠭ᠋ᠤᠯᠭᠦᠷᠢᠶ᠎ᠡ ᠳᠤ ᠵᠤᠯᠤᠵᠤ ᠢᠷᠡᠭ᠍ᠰᠡᠨ ᠪᠣᠢ︖

ᠳᠤᠤᠷ᠎ᠠ ᠪᠢ 《ᠰᠠᠷᠲ᠋ ᠬᠠᠯᠢᠮᠠᠭ》 ᠊ᠤᠨ ᠳᠤᠬᠠᠢ ᠭᠢᠭ᠍ᠰᠡᠨ ᠠᠩᠬᠠᠨ ᠤ ᠰᠥᠪᠠᠭ᠍ᠴᠢᠯᠡᠯᠳᠡ ᠪᠠᠨ ᠳᠦᠭᠦᠮ ᠶᠠᠷᠢᠶ᠎ᠠ ᠮᠢᠨᠤ ᠭᠦᠪᠠᠭᠦᠨ ᠲᠦᠷᠦᠪᠠᠶᠠᠷ ᠣᠳᠤ ᠣᠷᠤᠰ ᠤᠨ ᠬᠤᠯᠪᠣᠭᠠᠨ ᠤ ᠬᠠᠯᠢᠮᠠᠭ ᠣᠯᠤᠰ ᠤᠨ ᠶᠡᠭᠡ ᠰᠤᠷᠭᠠᠭᠤᠯᠢ ᠶᠢᠨ ᠠᠵᠤ ᠠᠬᠤᠢ ᠶᠢᠨ ᠣᠬᠠᠭᠠᠨ ᠤ ᠰᠠᠯᠪᠣᠷᠢ ᠳᠤ ᠰᠤᠷᠤᠯᠴᠠᠳᠠᠭ᠂ ᠳᠡᠭᠦᠨ ᠤ ᠨᠠᠢ᠌ᠵᠠ ᠪᠣᠯᠬᠤ ᠬᠠᠯᠢᠮᠠᠭ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠪᠠᠳᠮ᠎ᠠ ᠭᠡᠳᠡᠭ᠌ ᠭᠦᠮᠤᠨ ᠳᠡᠭᠦᠨ ᠳᠤ《ᠭᠢᠷᠭᠢᠰᠲ᠋ᠠᠨ ᠤ ᠰᠠᠷᠲ᠋ ᠬᠠᠯᠢᠮᠠᠭ ᠤᠨ ᠨᠠᠶᠠᠭᠠᠤᠨ ᠣᠨ ᠤ ᠰᠢᠩᠭᠡᠭᠡᠯᠳᠡ》 ᠭᠢᠭ᠍ᠰᠡᠨ VCD ᠴᠧᠯᠪᠠᠭ᠌ ᠪᠠᠯᠡᠭᠯᠡᠭ᠍ᠰᠡᠨ ᠪᠠᠢ᠌ᠨ᠎ᠠ᠂ ᠳᠤᠰ ᠴᠧᠯᠪᠠᠭ᠌ ᠲᠤ ᠳᠠᠳᠠᠨ ᠤ《ᠰᠠᠷᠲ᠋ ᠬᠠᠯᠢᠮᠠᠭᠴᠤᠳ》 ᠊ᠤᠨ ᠮᠤᠩᠭ᠋ᠤᠯ ᠭᠡᠯᠡ ᠣᠷᠳᠤ ᠶᠢᠨ ᠳᠠᠭᠤᠤ ᠳᠠᠭᠤᠯᠠᠭᠰᠠᠨ᠂ ᠳᠤᠪᠰᠢᠭᠤᠷ ᠭᠦᠭ᠍ᠵᠢᠮᠳᠡᠭ᠍ᠰᠡᠨ ᠵᠡᠷᠭᠡ ᠰᠢᠩᠭᠡᠭᠡᠯᠳᠡ ᠪᠠᠢ᠌ᠵᠤ᠂ ᠡᠭᠦᠨ ᠳᠤ ᠣᠠᠴᠠᠭᠠᠢ᠌ᠯᠠᠨ ᠰᠤᠨᠢᠷᠬᠠᠯ ᠢ ᠳᠠᠳᠠᠭᠰᠠᠨ ᠶᠠᠪᠣᠳᠠᠯ ᠭᠢᠪᠠᠯ ᠳᠠᠳᠠᠨ ᠤ ᠥᠭᠡ ᠶᠢᠨ ᠠᠮᠠᠨ ᠠᠶᠠᠯᠭᠤ ᠨᠢ ᠣᠳᠤ ᠶᠢᠨ ᠮᠤᠩᠭ᠋ᠤᠯᠭᠦᠷᠢᠶ᠎ᠡ ᠶᠢᠨ ᠥᠭᠡᠯᠡᠳ ᠤᠨ ᠠᠮᠠᠨ ᠠᠶᠠᠯᠭᠤ ᠯᠤᠭ᠎ᠠ ᠠᠳᠠᠯᠢ ᠪᠠᠢ᠌ᠵᠤ᠂ ᠪᠠᠰᠠ ᠮᠤᠩᠭ᠋ᠤᠯᠭᠦᠷᠢᠶ᠎ᠡ ᠳᠤ ᠳᠠᠭᠤᠯᠠᠭᠳᠠᠳᠠᠭ 《ᠮᠥᠭᠦᠱ ᠨᠤᠶᠠᠨ》 ᠊ᠤ ᠳᠤᠬᠠᠢ ᠪᠢᠴᠢᠭ᠍ᠰᠡᠨ ᠪᠠ ᠰᠢᠩᠭᠡᠭᠡᠭ᠍ᠰᠡᠨ ᠮᠠᠲ᠋ᠸᠷᠢᠶᠠᠯ ᠤᠳ ᠢ ᠬᠠᠯᠢᠮᠠᠭ ᠤᠨ ᠣᠯᠤᠰ ᠤᠨ ᠶᠡᠭᠡ ᠰᠤᠷᠭᠠᠭᠤᠯᠢ ᠶᠢᠨ ᠬᠠᠯᠢᠮᠠᠭ ᠭᠡᠯᠡᠨ ᠤ ᠰᠠᠯᠪᠣᠷᠢ ᠶᠢᠨ ᠪᠠᠭᠠᠳᠤᠷ ᠤᠨ ᠪᠠᠳᠦᠮᠥ᠋ᠩᠭᠡ ᠭᠡᠳᠡᠭ᠌ ᠨᠠᠢ᠌ᠵᠠ ᠶᠢᠨ ᠶᠢᠡᠨ ᠳᠡᠮᠵᠢᠯᠭᠡ ᠪᠠᠷ ᠣᠷᠤᠰ᠂ ᠬᠠᠯᠢᠮᠠᠭ᠂ ᠭᠢᠷᠭᠢᠰ ᠭᠡᠯᠡᠨ ᠤ ᠮᠠᠲ᠋ᠸᠷᠢᠶᠠᠯ ᠤᠳ ᠡᠴᠡ ᠣᠯᠵᠤ ᠨᠠᠳᠠ ᠳᠤ ᠢᠯᠡᠭᠡᠭ᠍ᠰᠡᠨ ᠪᠢᠯᠠ᠃ ᠡᠭᠦᠨ ᠡᠴᠡ ᠭᠠᠳᠠᠨ᠎ᠠ ᠵᠤᠮᠠᠳᠠᠯ ᠤᠨ ᠭᠠᠷ ᠲᠤ ᠪᠠᠢ᠌ᠬᠤ 《ᠮᠤᠱᠢᠯᠠᠢ ᠡᠮᠡᠭᠡᠨ ᠤ ᠳᠡᠦᠭᠡ ᠶᠢᠨ ᠱᠡᠰᠳᠢᠷ》 ᠭᠡᠳᠡᠭ᠌ ᠱᠠᠷᠢᠪᠢ ᠤᠨ ᠪᠢᠴᠢᠭ᠍ᠰᠡᠨ ᠭᠢᠷᠭᠢᠰ ᠭᠡᠯᠡᠨ ᠤ ᠭᠠᠷ ᠳᠠᠪᠳᠠᠷ ᠤᠨ ᠭᠡᠰᠡᠭ᠌ ᠠᠭᠤᠯᠭ᠎ᠠ ᠶᠢ ᠠᠰᠢᠭᠯᠠᠪᠠ (2006 ᠣᠨ ᠳᠤ ᠴᠸᠯᠫᠧᠺ ᠡᠴᠡ ᠺᠢᠷᠢᠯ ᠥᠰᠦᠭ᠌ ᠪᠠᠷ ᠭᠡᠪᠯᠡᠭ᠍ᠰᠡᠨ)᠃

ᠨᠢᠭᠡ᠂ 《ᠰᠠᠷᠲ᠋ ᠬᠠᠯᠢᠮᠠᠭ》 ᠭᠡᠳᠡᠭ᠌ ᠨᠠᠷ᠎ᠠ ᠶᠢᠨ ᠳᠤᠬᠠᠢ ᠳᠤᠭᠤᠵᠢ ᠳᠤᠮᠤᠭ

《ᠮᠤᠰᠢᠯᠠᠢ ᠡᠮᠡᠭᠡᠨ ᠤ ᠳᠡᠦᠭᠡ ᠶᠢᠨ ᠱᠡᠰᠳᠢᠷ》 ᠭᠡᠳᠡᠭ᠌ ᠭᠠᠷ ᠳᠠᠪᠳᠠᠷ ᠲᠤ ᠄ 《ᠡᠷᠳᠡ ᠵᠡᠭᠦᠡᠭᠠᠷ ᠬᠠᠭᠠᠠᠳᠤ ᠣᠯᠤᠰ ᠤᠨ ᠰᠡᠭᠦᠯᠴᠢ ᠶᠢᠨ ᠦᠶ᠎ᠡ ᠪᠠᠷ᠂ ᠭᠢᠷᠭᠢᠰ ᠤᠨ ᠬᠤᠶᠠᠷ ᠶᠠᠪᠣᠭᠤᠯ ᠮᠠᠢ᠌ᠮᠠᠢ᠌ᠴᠢᠨ (ᠫᠧᠷᠰ ᠭᠡᠯᠡᠨ ᠳᠤ ᠶᠠᠪᠣᠭᠤᠯ ᠮᠠᠢ᠌ᠮᠠᠢ᠌ᠴᠢᠨ ᠢ ᠰᠠᠷᠲ᠋ ᠭᠡᠵᠤ ᠭᠡᠯᠡᠳᠡᠭ᠌ ᠭᠡᠵᠤ ᠳᠤᠰ ᠨᠤᠮ ᠳᠤ ᠳᠠᠢ᠌ᠯᠪᠣᠷᠢᠯᠠᠪᠠ) ᠪᠠᠫᠠ ᠪᠣᠯᠤᠨ ᠣᠱᠢᠷ ᠬᠤᠶᠠᠷ ᠭᠢᠳᠠᠤᠨ ᠤᠨ ᠣᠭᠠᠯᠵᠠ᠂ ᠳᠡᠭᠡᠰ ᠤᠨ ᠭᠠᠵᠠᠷ ᠲᠤ ᠢᠷᠠᠵᠤ᠂ ᠬᠤᠳᠠᠯᠳᠤᠭ᠎ᠠ ᠮᠠᠢ᠌ᠮᠠᠢ ᠭᠢᠳᠡᠭ᠌ ᠪᠠᠢ᠌ᠵᠠᠢ᠃ ᠳᠠᠳᠠᠨ ᠤ ᠮᠠᠢ᠌ᠮᠠᠢ ᠬᠤᠳᠠᠯᠳᠤᠭ᠎ᠠ ᠨᠢ ᠵᠢᠯ ᠡᠴᠡ ᠵᠢᠯ ᠳᠤ ᠭᠦᠭ᠍ᠵᠢᠵᠤ᠂ 40-50 ᠭᠦᠮᠤᠨ ᠵᠢᠩ ᠳᠤ ᠶᠠᠪᠣᠵᠤ ᠮᠠᠢ᠌ᠮᠠᠢ ᠭᠢᠭᠦ ᠪᠣᠯᠵᠠᠢ (ᠵᠢᠩ ᠭᠡᠳᠡᠭ᠌ ᠨᠢ ᠮᠠᠢ᠌ᠮᠠᠢ ᠭᠢᠭᠦ ᠲᠡᠭᠡᠨ ᠮᠤᠷᠢ ᠳᠡᠮᠡᠭᠡ ᠭᠡᠭᠦ ᠮᠠᠳᠤ ᠣᠨᠤᠭ᠎ᠠ ᠪᠠᠷ ᠶᠠᠪᠣᠳᠠᠭ ᠭᠦᠮᠦᠰ)᠃ ᠨᠢᠭᠡ ᠡᠳᠦᠷ ᠡᠳᠡᠭᠡᠷ ᠮᠠᠢ᠌ᠮᠠᠢ᠌ᠴᠢᠳ ᠢ ᠭᠡᠨᠡᠳᠲᠡ ᠣᠢ ᠶᠢᠨ ᠭᠦᠨ ᠡᠴᠡ ᠳᠡᠭᠡᠷᠡᠮᠴᠢᠳ ᠭᠠᠷᠴᠤ ᠢᠷᠡᠭᠡᠳ ᠪᠣᠯᠢᠶᠠᠨ ᠳᠡᠭᠡᠷᠡᠮᠳᠡᠵᠤ᠂ ᠭᠦᠮᠤᠨ ᠢ ᠠᠯᠠᠭᠰᠠᠨ ᠳᠤ ᠳᠡᠳᠡᠭᠡᠷ ᠭᠦᠮᠦᠰ ᠤᠨ ᠥᠭᠦᠭᠦ ᠨᠢ ᠥᠭᠦᠭᠡᠳ ᠵᠢᠭᠤᠳᠠᠬᠤ ᠨᠢ ᠵᠢᠭᠤᠳᠠᠵᠤ ᠳᠡᠭᠡᠰ ᠤᠨ ᠭᠤᠤᠯ ᠤᠨ ᠭᠦᠪᠠᠭᠡ ᠪᠠᠷ ᠪᠠᠢ᠌ᠭᠰᠠᠨ ᠥᠭᠡᠯᠡᠳᠴᠦᠳ ᠤᠨ ᠳᠤᠳᠤᠷ᠎ᠠ ᠢᠷᠠᠵᠤ ᠠᠮᠢᠳᠤᠷᠠᠵᠠᠢ᠂ ᠰᠡᠭᠦᠯᠡᠷ ᠨᠢ ᠳᠠᠳᠠᠨᠤᠰ ᠥᠭᠡᠯᠡᠳ ᠮᠤᠩᠭ᠋ᠤᠯᠴᠤᠳ ᠡᠴᠡ ᠡᠭᠡᠨᠡᠷ ᠠᠪᠴᠤ ᠭᠡᠷ ᠪᠦᠯᠢ ᠪᠠᠢ᠌ᠭᠤᠯᠤᠨ ᠠᠮᠢᠳᠤᠷᠠᠭᠰᠠᠨ ᠡᠴᠡ ᠭᠠᠷᠤᠭᠰᠠᠨ ᠦᠷ᠎ᠡ ᠬᠡᠦᠬᠡᠳ ᠨᠢ 《ᠰᠠᠷᠲ᠋ ᠬᠠᠯᠢᠮᠠᠭ》 ᠪᠣᠯᠵᠠᠢ᠃ ᠳᠠᠳᠠᠨᠤᠰ ᠢᠰᠯᠠᠮ ᠤᠨ ᠱᠠᠰᠢᠨ ᠰᠢᠳᠦᠳᠡᠭ᠌ ᠶᠤᠰᠤ ᠪᠠᠨ ᠴᠢᠩᠭ᠋᠎ᠠ ᠪᠠᠷᠢᠮᠳᠠᠯᠠᠭᠰᠠᠨ ᠣᠴᠢᠷ ᠡᠴᠡ ᠰᠡᠭᠦᠯᠡᠷ ᠨᠢ ᠥᠭᠡᠯᠡᠳᠴᠦᠳ ᠲᠡᠶ ᠳᠠᠭᠠᠷᠤᠯᠴᠠᠬᠤ ᠦᠭᠡᠶ ᠪᠣᠯᠵᠤ᠂ ᠭᠢᠷᠭᠢᠰᠲ᠋ᠠᠨ ᠤ ᠢᠰᠰ‍ᠭᠠᠺᠦ᠋ᠯ ᠨᠠᠭᠤᠷ ᠵᠥᠭ᠌ ᠨᠡᠭᠦᠭ᠍ᠰᠡᠨ ᠪᠠᠢ᠌ᠨ᠎ᠠ》 《ᠵᠡᠭᠦᠨᠭᠠᠷ ᠬᠠᠭᠠᠠᠳᠤ ᠣᠯᠤᠰ ᠤᠨ ᠰᠡᠭᠦᠯᠴᠢ ᠶᠢᠨ ᠦᠶ᠎ᠡ ᠪᠠᠷ᠂ ᠣᠢ᠌ᠷᠠᠤᠨ ᠤᠨ ᠨᠢᠭᠡ ᠭᠡᠰᠡᠭ᠌ ᠭᠦᠮᠦᠰ ᠭᠢᠷᠭᠢᠰ ᠤᠨ ᠢᠰᠰ‍ᠭᠠᠺᠦ᠋ᠯ ᠨᠠᠭᠤᠷ ᠤᠨ ᠳᠠᠯ᠎ᠠ ᠭᠠᠵᠠᠷ ᠲᠤ ᠨᠡᠭᠦᠵᠤ ᠣᠳᠤᠵᠠᠢ᠂ ᠳᠠᠳᠠᠨ ᠤ ᠳᠤᠳᠤᠷ᠎ᠠ ᠨᠢᠭᠡ ᠳᠤᠯᠤᠭᠠᠢ᠌ᠯᠠᠭᠴᠢ ᠨᠢ ᠦᠽᠪᠧᠺ ᠤᠨ ᠦᠬᠢᠨ ᠯᠤᠭ᠎ᠠ ᠬᠤᠷᠢᠮᠯᠠᠵᠠᠢ᠂ ᠳᠠᠳᠠᠨ ᠤ ᠬᠣᠢ᠌ᠴᠢ ᠦᠶ᠎ᠡ ᠨᠢ 《ᠰᠠᠷᠲ᠋ ᠬᠠᠯᠢᠮᠠᠭ》 ᠭᠡᠳᠡᠭ᠌ ᠨᠠᠷ᠎ᠠ ᠠᠪᠴᠠᠢ᠂ ᠳᠠᠳᠠᠨ ᠢᠰᠰ‍ᠭᠠᠺᠦ᠋ᠯ ᠨᠠᠭᠤᠷ ᠤᠨ ᠭᠦᠪᠠᠭᠡ ᠪᠠᠷ ᠪᠠᠢ᠌ᠷᠢᠰᠢᠵᠤ᠂ ᠬᠣᠢ᠌ᠴᠢ ᠦᠶ᠎ᠡ ᠨᠢ ᠳᠠᠱᠺᠢᠶᠠ᠂ ᠪᠣᠷᠮᠠᠰᠤᠪ᠂ ᠪᠦᠭᠡᠷᠸᠪᠠᠱ ᠭᠡᠳᠡᠭ᠌ ᠠᠢ᠌ᠯ ᠳᠤᠰᠬᠤᠨ ᠪᠣᠯᠤᠭᠰᠠᠨ ᠪᠠᠢ᠌ᠨ᠎ᠠ》 (《ᠰᠠᠷᠲ᠋ ᠬᠠᠯᠢᠮᠠᠭ ᠤᠨ ᠳᠤᠬᠠᠢ ᠳᠤᠭᠤᠵᠢ ᠳᠤᠮᠤᠭ》 ᠬᠠᠯᠢᠮᠠᠭ)᠃ ᠳᠡᠭᠡᠷᠡᠭᠢ ᠮᠠᠳᠤ ᠶᠢᠨ ᠳᠤᠭᠤᠵᠢ ᠳᠤᠮᠤᠭ ᠡᠴᠡ ᠦᠵᠡᠪᠠᠯ᠂ 《ᠰᠠᠷᠲ᠋ ᠬᠠᠯᠢᠮᠠᠭᠴᠦᠳ》 ᠡᠷᠳᠡ ᠳᠡᠭᠡᠳᠤ ᠦᠶ᠎ᠡ ᠳᠤ ᠪᠠᠨ ᠥᠭᠡᠯᠡᠳᠴᠦᠳ ᠭᠦᠮᠦᠰ ᠪᠣᠯᠤᠨ ᠢᠰᠯᠠᠮ ᠤᠨ ᠱᠠᠰᠢᠨ ᠰᠢᠳᠦᠳᠡᠭ᠌ ᠶᠠᠮᠠᠷ ᠨᠢᠭᠡᠨ ᠦᠨᠳᠦᠰᠦᠳᠠᠨ ᠤ ᠭᠦᠮᠦᠰ ᠯᠦᠭᠡ ᠣᠷᠤᠭ ᠬᠤᠯᠪᠤᠵᠤ᠂ ᠳᠡᠭᠦᠨ ᠡᠴᠡ ᠳᠠᠷᠬᠠᠭᠰᠠᠨ ᠣᠳᠤᠭ ᠠᠢ᠌ᠮᠠᠭ ᠪᠣᠯᠬᠤ ᠶᠢ ᠳᠤᠳᠤᠷᠬᠠᠢ ᠪᠠᠢ᠌ᠨ᠎ᠠ᠃

ᠬᠤᠶᠠᠷ᠂ ᠢᠰᠰ‍ᠭᠠᠺᠦ᠋ᠯ ᠨᠠᠭᠤᠷ ᠤᠨ《ᠰᠠᠷᠲ᠋ ᠬᠠᠯᠢᠮᠠᠭ》 ᠊ᠤᠨ ᠳᠤᠬᠠᠢ

19 ᠵᠠᠭᠤᠨ ᠤ ᠡᠭᠢᠨ ᠪᠠᠷ᠂ ᠢᠰᠰ‍ᠭᠠᠺᠦ᠋ᠯ ᠨᠠᠭᠤᠷ ᠤᠨ ᠭᠦᠪᠠᠭᠡ ᠪᠠᠷ ᠬᠠᠯᠢᠮᠠᠭ ᠤᠨ ᠪᠠᠫᠠ ᠶᠢᠨ ᠬᠣᠢ᠌ᠴᠢ ᠮᠠᠮᠤᠨ ᠣᠳᠤᠮ ᠣᠭᠰᠠᠭ᠎ᠠ ᠪᠠᠷ ᠪᠠᠨ ᠢᠷᠠᠵᠤ ᠠᠮᠢᠳᠤᠷᠴᠤ ᠪᠠᠢ᠌ᠵᠠᠢ᠂ ᠳᠠᠳᠠᠨ ᠤ ᠣᠭ ᠨᠤᠳᠤᠭ ᠨᠢ ᠳᠡᠭᠡᠰ ᠭᠡᠳᠡᠭ᠌ ᠭᠠᠵᠠᠷ ᠰᠠᠠᠵᠠᠢ᠃ ᠮᠠᠮᠤᠨ ᠦᠪᠡᠷ ᠤᠨ ᠪᠠᠨ ᠣᠳᠤᠮ ᠣᠭᠰᠠᠭ᠎ᠠ ᠶᠢᠨ ᠭᠦᠮᠦᠰ ᠶᠢᠡᠨ ᠢᠰᠯᠠᠮ ᠤᠨ ᠱᠠᠰᠢᠨ ᠳᠤ ᠣᠷᠤᠭᠤᠯᠪᠠ᠂ ᠢᠰᠰ‍ᠭᠠᠺᠦ᠋ᠯ ᠨᠠᠭᠤᠷ ᠤᠨ ᠭᠦᠪᠠᠭᠡ ᠪᠠᠷ ᠣᠯᠠᠨ ᠣᠳᠤᠭ ᠠᠢ᠌ᠮᠠᠭ ᠪᠠᠯᠴᠢᠭᠡᠷ ᠪᠣᠯᠢᠶᠠᠯᠳᠤᠵᠤ᠂ ᠮᠠᠮᠤᠨ ᠤ ᠭᠦᠮᠦᠰ ᠨᠢ ᠣᠭ ᠨᠤᠳᠤᠭ ᠳᠡᠭᠡᠰ ᠳᠤ ᠪᠠᠨ ᠪᠣᠴᠠᠪᠠ᠂ ᠪᠣᠴᠠᠭᠰᠠᠨ ᠤ ᠳᠠᠷᠠᠭ᠎ᠠ ᠪᠣᠳ᠋ᡁᡁᠨ ᠱᠠᠰᠢᠨ ᠰᠢᠳᠦᠳᠡᠭ᠌ ᠣᠭ ᠨᠤᠳᠤᠭ ᠤᠨ ᠭᠢ ᠪᠠᠨ ᠭᠦᠮᠦᠰ ᠯᠦᠭᠡ ᠳᠠᠭᠠᠷᠠᠯᠴᠠᠬᠤ ᠦᠭᠡᠶ ᠳᠤ᠂ ᠮᠠᠮᠤᠨ ᠭᠦᠮᠦᠰ ᠶᠢᠡᠨ ᠳᠠᠭᠠᠬᠤᠯᠵᠤ᠂ ᠳᠠᠭᠢᠨ ᠢᠰᠰ‍ᠭᠠᠺᠦ᠋ᠯ ᠨᠠᠭᠤᠷ ᠤᠨ ᠭᠦᠪᠠᠭᠡ ᠳᠤ ᠨᠡᠭᠦᠵᠤ ᠢᠷᠠᠪᠠ᠃ ᠡᠭᠦᠨ ᠳᠤ ᠳᠠᠷᠠ ᠦᠶ᠎ᠡ ᠶᠢᠨ ᠭᠢᠷᠭᠢᠰ ᠨᠤᠶᠠᠨ ᠴᠢᠨᠢᠪᠠᠶ‍ᠢ ᠪᠠᠭᠢ ᠪᠣᠴᠠᠵᠤ ᠢᠷᠡᠭ᠍ᠰᠡᠨ ᠳᠠᠳᠠᠨ ᠳᠤ ᠢᠰᠰ‍ᠭᠠᠺᠦ᠋ᠯ ᠨᠠᠭᠤᠷ ᠤᠨ ᠭᠦᠪᠠᠭᠡ ᠳ᠋ᠠᠭᠢ ᠬᠠᠷ᠎ᠠ ᠭᠤᠤᠯ ᠡᠴᠡ ᠢᠷᠡᠳᠡᠭ᠌ ᠭᠤᠤᠯ ᠭᠦᠷᠳᠡᠯ᠎ᠡ ᠭᠠᠵᠠᠷ ᠬᠤᠪᠢᠶᠠᠵᠤ ᠦᠭ‍ᠪᠡ᠃

ᠢᠰᠰ‍ᠭᠠᠺᠦ᠋ᠯ ᠨᠠᠭᠤᠷ ᠤᠨ ᠭᠦᠪᠠᠭᠡ ᠳᠤ ᠪᠠᠢ᠌ᠭᠰᠠᠨ 《ᠰᠠᠷᠲ᠋ ᠬᠠᠯᠢᠮᠠᠭ》 ᠡᠷᠳᠡ ᠳᠤ ᠪᠠᠨ ᠨᠢ᠋ᠮᠠᠨ ᠣᠳᠤᠭ ᠡᠯᠢᠭᠡᠨ ᠳᠤ ᠬᠤᠪᠢᠶᠠᠭᠳᠠᠵᠤ ᠪᠠᠢ᠌ᠪᠠ᠂ ᠡᠨᠡ ᠨᠢ ᠪᠠᠶᠠᠨ ᠪᠠᠫᠠ᠂ ᠬᠠᠷ᠎ᠠ ᠪᠠᠷᠤᠤᠷ᠂ ᠱᠤᠩᠬᠤᠷ᠂ ᠵᠸᠳᠧᠭᠡᠷ᠂ ᠰᠦᠯᠳᠦᠭ᠂ ᠭᠢᠪᠴᠢᠭ᠂ ᠰᠠᠶᠠᠷ᠂ ᠰᠢᠪᠠᠭᠡ (ᠣᠷᠤᠰ ᠭᠡᠯᠡᠨ ᠤ ᠮᠠᠲ᠋ᠸᠷᠢᠶᠠᠯ ᠳᠤ᠂ ᠲᠦᠷᠦᠪᠠᠶᠠᠷ ᠣᠷᠴᠢᠭᠤᠯᠪᠠ)᠃ ᠲᠦᠷᠺ ᠭᠡᠯᠡᠨ ᠤ ᠨᠠᠷᠠᠳᠠᠢ ᠰᠤᠳᠤᠯᠠᠭᠠᠴᠢ ᠡ᠊·ᠳᠸᠠᠰᠢᠤ ᠶᠢᠨ ᠳᠡᠮᠳᠡᠭᠯᠡᠭ᠍ᠰᠡᠨ ᠶᠢᠠᠷ ᠪᠣᠯ ᠣᠷᠤᠰ ᠭᠡᠯᠡᠨ ᠤ ᠮᠠᠲ᠋ᠸᠷᠢᠶᠠᠯ ᠳᠤ ᠡᠢ᠌ᠮᠤ ᠨᠢᠭᠡ ᠥᠯᠢᠭᠡᠷ ᠪᠠᠢ᠌ᠳᠠᠭ᠃ ᠵᠡᠭᠦᠡᠭᠠᠷ ᠬᠠᠭᠠᠠᠳᠤ ᠣᠯᠤᠰ ᠮᠥᠭᠦᠭᠦ ᠡᠴᠡ ᠡᠮᠦᠨ᠎ᠡ᠂ ᠢᠰᠰ‍ᠭᠠᠺᠦ᠋ᠯ ᠨᠠᠭᠤᠷ ᠤᠨ ᠬᠠᠯᠢᠮᠠᠭ ᠪᠣᠯ ᠣᠭ ᠨᠢ ᠭᠢᠷᠭᠢᠰ ᠤᠨ ᠳᠤᠺᠦᠮᠠᠺ ᠭᠦᠷᠳᠡᠯ᠎ᠡ ᠪᠠᠢ᠌ᠯ᠎ᠠ᠂ ᠬᠣᠢ᠌ᠨ᠎ᠠ ᠨᠢ 1864 ᠊᠊᠊᠊᠊᠊᠊᠊᠊᠊᠊᠊᠊᠊᠊ 1886 ᠣᠨ ᠤ ᠬᠤᠭᠤᠷᠤᠠᠳᠤ ᠶᠡᠭᠡ ᠭᠡᠪᠴᠢᠶ᠎ᠡ ᠪᠠᠷ ᠢᠷᠠᠵᠤ ᠳᠠᠷᠬᠠᠨ ᠪᠠᠢ᠌ᠷᠢᠰᠢᠵᠤ᠂ ᠣᠷᠤᠰ ᠨᠤᠳᠤᠭ ᠤᠨ ᠢᠷᠭᠡᠨ ᠤ ᠡᠷᠭᠡ ᠲᠡᠶ ᠪᠣᠯᠪᠠ᠂ ᠡᠭᠦᠨ ᠳᠤ 1881 ᠣᠨ ᠳᠤ ᠳ᠋ᠤᠩᠭ᠋ᠠᠨ (ᠬᠣᠢ᠌ᠬᠤ) ᠪᠢᠱᠺᠧᠭ ᠤᠨ ᠳᠠᠢ᠌ᠨ ᠡᠴᠡ ᠵᠤᠯᠤᠵᠤ ᠢᠷᠡᠭ᠍ᠰᠡᠨ ᠨᠢ ᠣᠯᠠᠨ ᠪᠦᠭᠡᠳ ᠭᠡᠨᠡᠳᠲᠡ ᠢᠷᠡᠭ᠍ᠰᠡᠨ ᠣᠯᠠᠨ ᠬᠠᠯᠢᠮᠠᠭ ᠢ ᠭᠢᠷᠭᠢᠰ ᠭᠡᠮᠡᠨ ᠡ᠊ᠨᠳᠡᠭᠦᠷᠡᠪᠡ᠂ ᠳᠠᠳᠠᠨ ᠢᠰᠰ‍ᠭᠠᠺᠦ᠋ᠯ ᠨᠠᠭᠤᠷ ᠤᠨ ᠣᠢ᠌ᠷ᠎ᠠ ᠣᠷᠴᠢᠮ ᠳ᠋ᠠᠭᠢ ᠬᠠᠷ᠎ᠠ ᠭᠤᠤᠯ ᠊᠊᠊᠊᠊᠊᠊᠊᠊᠊᠊᠊᠊᠊᠊ ᠢᠷᠡᠳᠡᠭ᠌ ᠭᠤᠤᠯ ᠭᠦᠷᠳᠡᠯ᠎ᠡ ᠪᠠᠢ᠌ᠷᠢᠰᠢᠪᠠ᠂ ᠣᠳᠤ ᠭᠦᠷᠳᠡᠯ᠎ᠡ ᠡ᠊ᠨᠳᠡ ᠪᠠᠨ ᠪᠠᠢ᠌ᠭᠰᠠᠭᠠᠷ ᠪᠠᠢ᠌ᠨ᠎ᠠ ᠭᠡᠵᠡᠢ᠃

ᠯᠸᠺᠳᠤᠷ ᠪᠠᠯᠵᠢᠺᠦᠫ ᠊᠊᠊᠊᠊᠊᠊᠊᠊᠊᠊᠊᠊᠊᠊ ᠮᠤᠰᠺᠧᠨ ᠡᠴᠡ 1968 ᠣᠨ ᠳᠤ ᠴᠠᠭᠳᠠᠭᠠᠨ ᠤ ᠰᠤᠷᠭᠠᠭᠤᠯᠢ ᠶᠢ ᠳᠡᠭᠦᠰᠭᠡᠭᠡᠳ ᠪᠧᠱᠺᠧᠭ (ᠭᠢᠷᠭᠢᠰᠲ᠋ᠠᠨ ᠤ ᠨᠠᠢ᠌ᠰᠯᠠᠯ) ᠳᠤ ᠭᠦᠷᠴᠤ ᠠᠵᠢᠯᠠᠯᠵᠤ ᠪᠠᠢ᠌ᠬᠤ ᠳᠠᠭᠠᠨ᠂ ᠠᠵᠢᠯ ᠤᠨ ᠭᠡᠷᠡᠭ᠍ᠴᠡᠭᠡ ᠪᠠᠷ ᠢᠰᠰ‍ᠭᠠᠺᠦ᠋ᠯ ᠣᠪᠣᠯᠠᠰ ᠲᠤ ᠣᠳᠤᠵᠤ 《ᠰᠠᠷᠲ᠋ ᠬᠠᠯᠢᠮᠠᠭ》 ᠤᠨ ᠳᠤᠬᠠᠢ ᠡᠢ᠌ᠮᠤ ᠨᠢᠭᠡᠨ ᠳᠡᠮᠳᠡᠭᠯᠡᠯ ᠭᠢᠭ᠍ᠰᠡᠨ ᠢ ᠡ᠊ᠨᠳᠡ ᠪᠠᠭᠤᠯᠭᠠᠪᠠᠯ (ᠣᠷᠤᠰ ᠭᠡᠯᠡᠨ ᠡᠴᠡ ᠲᠦᠷᠦᠪᠠᠶᠠᠷ ᠣᠷᠴᠢᠭᠤᠯᠪᠠ) ᠄ 《ᠳᠠᠳᠠᠨ ᠤ ᠶᠡᠭᠡᠩᠭᠢ ᠨᠢ 1885 ᠣᠨ ᠳᠤ ᠴᠸᠯᠫᠧᠺ᠂ ᠪᠦᠭᠡᠷᠸᠪᠠᠱ᠂ ᠳᠠᠱᠺᠢᠶᠠ᠂ ᠪᠣᠷᠮᠠᠰᠤᠪ (ᠬᠠᠪᠳᠠᠭᠠᠢ᠂ ᠴᠢᠯᠠᠭᠤᠨ ᠰᠠᠯᠠᠭ᠎ᠠ᠂ ᠬᠠᠵᠢᠭᠠᠷ ᠭᠤᠤᠯ᠂ ᠴᠢᠨ᠋ᠸ᠎ᠠ ᠶᠢᠨ ᠳᠤᠯᠤᠭᠠᠢ ᠭᠡᠰᠡᠨ ᠣᠤᠠᠬ᠎ᠠ ᠲᠡᠶ) ᠳᠤ ᠢᠷᠠᠵᠤ ᠪᠠᠢ᠌ᠷᠢᠰᠢᠪᠠ᠂ ᠳᠠᠳᠠᠨ ᠤ ᠡᠪᠦᠭᠡ ᠳᠡᠭᠡᠳᠦᠰ ᠨᠢ ᠵᠡᠭᠦᠡᠭᠠᠷ ᠬᠠᠭᠠᠠᠳᠤ ᠣᠯᠤᠰ ᠤᠨ ᠴᠠᠭ ᠲᠤ ᠢᠰᠰ‍ᠭᠠᠺᠦ᠋ᠯ ᠨᠠᠭᠤᠷ ᠤᠨ ᠭᠦᠪᠠᠭᠡ ᠪᠠᠷ ᠮᠠᠯ ᠮᠠᠯᠯᠠᠵᠤ ᠪᠠᠢ᠌ᠭᠰᠠᠨ ᠥᠭᠡᠯᠡᠳᠴᠦᠳ ᠪᠠᠢ᠌ᠵᠤ᠂ ᠢᠰᠡᠭᠡᠢ ᠭᠡᠷ ᠶᠢᠡᠷ ᠶᠢᠡᠨ ᠪᠠᠢ᠌ᠭᠰᠠᠨ ᠰᠠᠠᠵᠠᠢ᠂ ᠣᠭ ᠨᠤᠳᠤᠭ ᠨᠢ ᠳᠡᠭᠡᠰ ᠭᠡᠳᠡᠭ᠌ ᠭᠠᠵᠠᠷ ᠭᠡᠨ᠎ᠡ᠃》

᠊᠊᠊᠊᠊᠊᠊᠊᠊᠊᠊᠊᠊᠊᠊ ᠴᠸᠯᠫᠧᠺᠡᠴᠡ 2006 ᠣᠨ ᠳᠤ ᠭᠡᠪᠯᠡᠭ᠍ᠰᠡᠨ ᠱᠠᠷᠢᠪᠢ ᠶᠢᠨ ᠪᠢᠴᠢᠭ᠍ᠰᠡᠨ 《ᠮᠦᠱᠢᠯᠡᠢ ᠡᠮᠡᠭᠡᠨ ᠤ ᠳᠡᠦᠭᠡ ᠱᠠᠰᠳᠢᠷ》 ᠲᠤ ᠄ 《ᠮᠤᠱᠢᠯᠠᠢ ᠡᠮᠡᠭᠡᠨ ᠡᠴᠡ ᠡᠭᠡᠡᠪᠧᠷᠳᠢ᠂ ᠡᠭᠡᠡᠪᠧᠷᠳᠢ ᠡᠴᠡ ᠱᠠᠷᠢᠪᠢ ᠮᠢᠨᠤ ᠡᠮᠡᠭᠡ ᠡᠭᠡ ᠮᠤᠱᠢᠯᠠᠢ 25 ᠨᠠᠰᠤᠳᠠᠢ ᠴᠠᠭ ᠳᠠᠭᠠᠨ᠂ ᠡᠴᠢᠭᠡ ᠡᠭᠡᠡᠪᠧᠷᠳᠢ ᠬᠤᠶᠠᠷ ᠬᠠᠭᠠᠰ ᠨᠠᠰᠤᠳᠠᠢ ᠴᠠᠭ ᠲᠤ ᠰᠠᠢ᠌ᠬᠠᠠ ᠲ᠋ᠤᠬᠤᠢ᠂ ᠬᠤᠳᠤᠷᠬᠠᠢ (ᠣᠳᠤ ᠶᠢᠨ ᠮᠤᠩᠭ᠋ᠤᠯᠭᠦᠷᠢᠶ᠎ᠡ ᠰᠢᠶᠠᠨ ᠳᠤ ᠪᠠᠢ᠌ᠬᠤ ᠭᠠᠵᠠᠷ ᠤᠨ ᠨᠠᠷ᠎ᠠ) ᠳ᠋ᠤ ᠳᠠᠢ᠌ᠨ ᠪᠣᠯᠵᠤ᠂ ᠳᠠᠢ᠌ᠨ ᠡᠴᠡ ᠪᠣᠯᠵᠤ ᠵᠤᠯᠤᠭᠠᠤᠨ᠂ ᠢᠰᠰ‍ᠭᠠᠺᠦ᠋ᠯ ᠨᠠᠭᠤᠷ ᠤᠨ ᠭᠦᠪᠠᠭᠡ ᠳᠤ ᠢᠷᠠᠪᠠ᠂ ᠳᠠᠷᠠ ᠴᠠᠭ ᠲᠤ ᠰᠠᠢ᠌ᠬᠠᠠ ᠲ᠋ᠤᠬᠤᠢ ᠳᠤ ᠪᠠᠳᠤᠸᠤᠴᠢᠷ ᠵᠠᠩᠭᠢ ᠪᠢᠯᠡ》 ᠭᠡᠵᠤ ᠪᠢᠴᠢᠭ᠍ᠰᠡᠨ ᠪᠦᠭᠡᠳ 《1942 ᠣᠨ ᠳᠤ ᠭᠦᠭ᠍ᠰᠢᠨ ᠡᠪᠦᠭᠡᠳ [ᠪᠢᠳᠠᠨ ᠳᠡᠭᠡᠰ ᠡᠴᠡ ᠢᠷᠡᠭᠡᠳ 60 ᠵᠢᠯ ᠪᠣᠯᠪᠠ ]ᠭᠡᠵᠤ ᠪᠣᠳᠤᠵᠠᠢ᠂ ᠮᠢᠨᠤ ᠡᠴᠢᠭᠡ ᠡᠷᠭᠡᠡᠪᠧᠷᠳᠢ ᠳᠠᠷᠠ ᠵᠢᠯ 62 ᠨᠠᠰᠤᠳᠠᠢ ᠪᠢᠯᠡ》 ᠭᠡᠵᠤ ᠳᠡᠮᠳᠡᠭᠯᠡᠭ᠍ᠰᠡᠨ ᠪᠠᠢ᠌ᠨ᠎ᠠ᠃ ᠡᠭᠦᠨ ᠶᠢᠠᠷ ᠲᠦᠯᠬᠢᠨ ᠪᠣᠳᠤᠪᠠᠯ 1882 ᠣᠨ ᠳᠤ ᠳᠡᠭᠡᠷᠡᠭᠢ ᠮᠠᠳᠤ ᠶᠢᠨ ᠳᠤᠮᠤᠭ ᠳᠤᠭᠤᠵᠢ ᠪᠠ ᠪᠣᠳᠠᠳᠤ ᠰᠤᠳᠤᠯᠤᠭᠴᠢ ᠶᠢᠨ ᠳᠡᠮᠳᠡᠭᠯᠡᠭ᠍ᠰᠡᠨ ᠮᠠᠲ᠋ᠸᠷᠢᠶᠠᠯ ᠡᠴᠡ ᠦᠵᠡᠪᠠᠯ᠂ ᠣᠳᠤ ᠶᠢᠨ ᠢᠰᠰ‍ᠭᠠᠺᠦ᠋ᠯ ᠨᠠᠭᠤᠷ ᠤᠨ ᠭᠦᠪᠠᠭᠡ ᠳᠤ ᠪᠠᠢ᠌ᠬᠤ 《ᠰᠠᠷᠲ᠋ ᠬᠠᠯᠢᠮᠠᠭᠴᠤᠳ》 ᠊ᠤᠨ ᠣᠭ ᠪᠣᠯᠪᠠᠰᠤ ᠵᠡᠭᠦᠡᠭᠠᠷ ᠬᠠᠭᠠᠠᠳᠤ ᠣᠯᠤᠰ ᠤᠨ ᠦᠶ᠎ᠡ ᠳᠤ ᠮᠠᠯ ᠮᠠᠯᠯᠠᠵᠤ ᠣᠳᠤᠭᠠᠤᠨ ᠳᠠᠠᠳᠠ ᠰᠠᠭᠤᠷᠢᠰᠢᠭᠰᠠᠨ ᠥᠭᠡᠯᠡᠳᠴᠦᠳ ᠪᠠ ᠮᠠᠠᠵᠤ ᠶᠢᠨ ᠶᠡᠭᠡ ᠭᠢᠳᠤᠯᠭ᠎ᠠ ᠡᠴᠡ ᠳᠤᠳᠠᠭᠠᠵᠤ ᠣᠳᠤᠭᠰᠠᠨ ᠥᠭᠡᠯᠡᠳᠴᠦᠳ᠂ ᠵᠡᠭᠦᠡᠭᠠᠷ ᠬᠠᠭᠠᠠᠳᠤ ᠣᠯᠤᠰ ᠤᠨ ᠰᠡᠭᠦᠯᠴᠢ ᠶᠢᠨ ᠦᠶ᠎ᠡ ᠪᠠᠷ ᠬᠤᠭᠤᠷᠤᠠᠳᠤ ᠪᠠᠨ ᠡᠷᠭᠡ ᠪᠣᠯᠢᠶᠠᠯᠳᠤᠵᠤ ᠡᠰᠡ ᠳᠠᠭᠠᠷᠠᠯᠴᠠᠭᠰᠠᠨ ᠡᠴᠡ ᠪᠣᠯᠵᠤ ᠳᠠᠠᠳᠠ ᠣᠳᠤᠭᠰᠠᠨ ᠥᠭᠡᠯᠡᠳᠴᠦᠳ ᠡᠴᠡ ᠪᠦᠷᠢᠯᠳᠦᠭ᠍ᠰᠡᠨ ᠭᠦᠮᠦᠰ ᠪᠠᠢ᠌ᠵᠤ᠂ ᠢᠰᠰ‍ᠭᠠᠺᠦ᠋ᠯ ᠨᠠᠭᠤᠷ ᠤᠨ ᠭᠦᠪᠠᠭᠡ ᠳᠤ ᠪᠠᠢ᠌ᠬᠤ ᠳᠦᠷᠺᠧᠵᠢᠭ᠍ᠰᠡᠨ ᠦᠨᠳᠦᠰᠦᠳᠠᠨ ᠯᠤᠭ᠎ᠠ ᠣᠷᠤᠭ ᠡᠯᠢᠭᠡᠨ ᠪᠣᠯᠵᠤ ᠳᠡᠭᠦᠨ ᠡᠴᠡ ᠪᠠᠨ ᠬᠣᠢ᠌ᠰᠢᠳᠠ ᠢᠰᠯᠠᠮ ᠤᠨ ᠱᠠᠰᠢᠨ ᠢ ᠰᠢᠳᠤᠵᠤ ᠳᠦᠷᠺᠧᠵᠢᠭ᠍ᠰᠡᠨ 《ᠰᠡᠷᠲ᠋ ᠬᠠᠯᠢᠮᠠᠭ》 ᠨᠠᠷᠠᠳᠠᠢ᠂ ᠭᠢᠷᠭᠢᠰ ᠤᠨ ᠳᠤᠳᠤᠷᠠᠭᠢ ᠨᠢᠭᠡ ᠣᠳᠤᠭ ᠠᠢ᠌ᠮᠠᠭ ᠪᠣᠯᠤᠭᠰᠠᠨ ᠪᠠᠢ᠌ᠨ᠎ᠠ᠃

ᠵᠡᠭᠦᠡᠭᠠᠷ ᠤᠨ ᠦᠶ᠎ᠡ ᠳᠤ ᠦᠭᠡᠯᠡᠳᠴᠦᠳ ᠭᠢᠷᠭᠢᠰ ᠳᠤ ᠣᠳᠤᠵᠤ ᠪᠠᠢ᠌ᠭᠰᠠᠨ ᠳᠡᠦᠭᠡ ᠶᠢ ᠳᠤᠤᠷᠠᠭᠢ ᠮᠠᠲ᠋ᠸᠷᠢᠶᠠᠯ ᠡᠴᠡ ᠮᠠᠳᠠᠵᠤ ᠪᠣᠯᠤᠨ᠎ᠠ᠃ 1762 ᠣᠨ ᠳᠤ (ᠲ᠋ᠩᠷᠢ ᠳᠡᠳᠭᠦᠭ᠍ᠴᠢ ᠶᠢᠨ 27 ᠣᠨ) ᠢᠯᠢ ᠳᠤ ᠶᠡᠷᠦᠩᠭᠡᠢ᠌ᠯᠡᠨ ᠵᠠᠭᠢᠷᠠᠬᠤ ᠵᠠᠩᠵᠤᠨ ᠤ ᠭᠠᠵᠠᠷ ᠢ ᠪᠠᠢ᠌ᠭᠤᠯᠵᠤ᠂ ᠢᠯᠢ ᠶᠢᠨ ᠭᠠᠵᠠᠷ ᠣᠷᠤᠨ ᠤ ᠴᠡᠷᠢᠭ᠌ ᠤᠨ ᠶᠠᠪᠣᠳᠠᠯ ᠤᠨ ᠰᠡᠷᠭᠡᠢ᠌ᠯᠡᠯᠳᠡ ᠶᠢ ᠭᠦᠴᠦᠷᠭᠡᠭ᠍ᠵᠢᠭᠦᠯᠭᠦ ᠶᠢᠨ ᠳᠦᠯᠦᠭᠡ ᠳᠤᠬᠠᠢ ᠶᠢᠨ ᠦᠶ᠎ᠡ ᠳᠤ ᠰᠠᠭᠢᠨ ᠰᠠᠭᠤᠵᠤ ᠪᠠᠢ᠌ᠭᠰᠠᠨ ᠮᠠᠠᠵᠤ ᠭᠢᠳᠠᠤᠨ ᠴᠡᠷᠢᠭ᠌ ᠡᠴᠡ ᠭᠠᠳᠠᠨ᠎ᠠ᠂ ᠴᠢᠩ ᠤᠨ ᠲᠦᠷᠦ ᠪᠠᠰᠠ ᠳᠤᠳᠤᠷ᠎ᠠ ᠭᠠᠵᠠᠷ ᠡᠴᠡ ᠰᠤᠯᠤᠨ᠂ ᠳᠠᠭᠤᠷ᠂ ᠧᠡᠩᠭᠢ᠂ ᠴᠠᠬᠠᠷ᠂ ᠰᠢᠪᠠᠭᠡ ᠭᠡᠭᠦ ᠦᠨᠳᠦᠰᠦᠳᠠᠨ ᠤ ᠴᠡᠷᠢᠭ᠌ ᠤᠨ ᠭᠦᠮᠦᠰ ᠢ ᠭᠡᠷ ᠪᠦᠯᠢ ᠲᠡᠶ ᠨᠢ ᠨᠡᠭᠦᠯᠭᠡᠵᠤ ᠢᠷᠡᠭᠡᠳ ᠢᠯᠢ ᠳᠤ ᠰᠠᠭᠤᠯᠭᠠᠵᠤ᠂ ᠳᠤᠰ ᠳᠤᠰ ᠳ᠋ᠤᠨᠢ 《ᠰᠤᠯᠤᠨ ᠬᠤᠷᠢᠶ᠎ᠠ》᠂ 《ᠴᠠᠬᠠᠷ ᠬᠦᠷᠢᠶ᠎ᠡ》᠂ 《ᠰᠢᠪᠠᠭᠡ ᠬᠦᠷᠢᠶ᠎ᠡ》 ᠭᠡᠵᠤ ᠪᠠᠢ᠌ᠭᠤᠯᠤᠨ᠂ ᠪᠠᠰᠠ ᠵᠡᠭᠦᠨᠭᠠᠷ ᠤᠨ ᠥᠯᠡᠭ᠍ᠳᠡᠯ ᠭᠦᠮᠦᠰ ᠭᠦᠮᠦᠰ ᠪᠣᠯᠤᠨ ᠬᠠᠰᠠᠭ ᠪᠣᠷᠤᠳ (ᠭᠢᠷᠭᠢᠰ) ᠣᠢ᠌ᠭᠤᠷ ᠡᠴᠡ ᠬᠠᠷᠢᠵᠤ ᠢᠷᠡᠭ᠍ᠰᠡᠨ ᠪᠠ ᠳᠤᠳᠤᠷ᠎ᠠ ᠭᠠᠵᠠᠷ ᠡᠴᠡ ᠪᠣᠴᠠᠭᠠᠵᠤ ᠠᠪᠴᠤ ᠢᠷᠡᠭ᠍ᠰᠡᠨ ᠥᠭᠡᠯᠡᠳ ᠴᠡᠷᠢᠭ᠌ ᠢ ᠨᠡᠢ᠌ᠯᠡᠭᠦᠯᠡᠭᠡᠳ 《ᠥᠭᠡᠯᠡᠳ ᠬᠤᠷᠢᠶ᠎ᠠ》 ᠪᠣᠯᠭᠠᠪᠠ᠂ ᠬᠠᠰᠠᠭ᠂ ᠪᠣᠷᠤᠳ(ᠭᠢᠷᠭᠢᠰ)᠂ ᠣᠢ᠌ᠭᠤᠷ ᠭᠠᠵᠠᠷ ᠡᠴᠡ ᠬᠠᠷᠢᠵᠤ ᠢᠷᠡᠭ᠍ᠰᠡᠨ ᠵᠡᠭᠦᠡᠭᠠᠷᠴᠦᠳ ᠢ ᠬᠤᠶᠠᠷ ᠰᠤᠮᠤᠨ ᠪᠣᠯᠭᠠᠵᠤ᠂ 1762 ᠣᠨ ᠳᠤ ᠪᠠᠰᠠ ᠨᠡᠮᠡᠭᠡᠳ ᠵᠢᠷᠭᠤᠭᠠᠨ ᠰᠤᠮᠤ ᠪᠣᠯᠭᠠᠵᠠᠢ (ᠮ·ᠡᠷᠢᠡᠴᠢᠨ ᠤ《ᠮᠤᠩᠭ᠋ᠤᠯᠭᠦᠷᠢᠶ᠎ᠡ ᠶᠢᠨ ᠵᠢᠷᠭᠤᠭᠠᠨ ᠰᠤᠮᠤᠨ ᠥᠭᠡᠯᠡᠳ ᠨᠤᠳᠤᠭ ᠤᠨ ᠳᠡᠦᠭᠡ ᠶᠢᠨ ᠳᠣᠢ᠌ᠮᠤ》)᠃ ᠳᠠᠭᠠᠭᠤᠯ᠎ᠡ ᠬᠠᠯᠢᠮᠠᠭ ᠲᠤ ᠪᠠᠢ᠌ᠭᠰᠠᠨ ᠣᠷᠤᠰ ᠭᠡᠯᠡᠨ ᠤ ᠮᠠᠲ᠋ᠸᠷᠢᠶᠠᠯ ᠪᠠ ᠭᠢᠷᠭᠢᠰᠲ᠋ᠠᠨ ᠤ ᠳᠸᠯᠸᠢᠰ ᠬᠤᠷᠢᠶ᠎ᠠ ᠡᠴᠡ ᠰᠡᠭᠦᠳᠡᠷᠯᠡᠭ᠍ᠰᠡᠨ 《ᠤᠤᠭᠤᠯᠢ ᠨᠤᠳᠤᠭ ᠤᠨ ᠭᠦᠮᠦᠰ》 ᠮᠡᠲ᠋ᠸᠷᠢᠶᠡᠯ ᠪᠠ ᠱᠠᠷᠢᠪᠢ ᠶᠢᠨ ᠪᠢᠴᠢᠭ᠍ᠰᠡᠨ 《ᠮᠦᠱᠢᠯᠡᠢ ᠡᠮᠡᠭᠡᠨ ᠤ ᠳᠡᠦᠭᠡ ᠱᠡᠰᠳᠢᠷ》 ᠭᠡᠳᠡᠭ᠌ ᠭᠠᠷ ᠳᠠᠪᠳᠠᠷ ᠲᠤ ᠶᠠᠭᠤᠨ ᠳᠤ 1864-1886 ᠣᠨ ᠤ ᠬᠤᠭᠤᠷᠤᠠᠳᠤ ᠳᠡᠭᠡᠰ ᠡᠴᠡ ᠶᠡᠭᠡ ᠭᠡᠪᠴᠢᠶ᠎ᠡ ᠪᠠᠷ ᠬᠠᠯᠢᠮᠠᠭᠴᠤᠳ ᠢᠷᠠᠪᠠ ᠭᠡᠵᠤ ᠭᠡᠯᠡᠵᠤ ᠪᠠᠢ᠌ᠳᠠᠭ ᠪᠣᠢ︖

ᠡᠭᠦᠨ ᠳᠤ ᠳᠤᠤᠷᠠᠭᠢ ᠮᠠᠳᠤ ᠶᠢᠨ ᠪᠣᠳᠠᠳᠠᠢ ᠳᠡᠦᠭᠡ ᠶᠢᠨ ᠣᠴᠢᠷ ᠶᠠᠪᠣᠳᠠᠯ ᠪᠠᠢ᠌ᠳᠠᠭ᠃

1865 ᠣᠨ ᠳᠤ ᠶᠠᠬᠤᠪᠪᠠᠺᠢ ᠶᠢᠨ ᠳᠡᠭᠡᠷᠡᠮᠴᠢᠳ ᠴᠠᠭᠠᠨ ᠬᠠᠭᠠᠠᠳᠤ ᠣᠷᠤᠰ ᠣᠯᠤᠰ ᠤᠨ ᠳᠤᠮᠢᠯᠠᠯᠳᠠ ᠪᠠᠷ ᠡᠮᠦᠨ᠎ᠡ ᠰᠢᠠᠵᠢᠶᠠᠩ ᠳᠤ ᠣᠷᠤᠵᠤ ᠢᠷᠡᠭᠡᠳ ᠣᠢ᠌ᠭᠤᠷ ᠬᠣᠢ᠌ᠬᠤ ᠳᠠᠷᠢᠶᠠᠴᠢᠳ ᠢ ᠳᠤᠭᠢᠷᠠᠵᠤ ᠴᠢᠩ ᠲᠦᠷᠦ ᠶᠢ ᠡᠰᠡᠷᠭᠦᠴᠡᠵᠤ ᠪᠣᠰᠤᠯᠭ᠎ᠠ ᠭᠠᠷᠭᠠᠪᠠ᠃ 1871 ᠣᠨ ᠳᠤ ᠳᠠᠮᠠᠴᠠᠯ ᠣᠯᠠᠮ ᠰᠢᠭᠦᠷᠦᠰᠴᠤ᠂ ᠶᠠᠬᠤᠪᠪᠠᠭᠢ ᠶᠢᠨ ᠭᠦᠴᠤ ᠶᠡᠭᠡᠳᠦᠵᠤ ᠳ᠋ᠢᠬᠤᠧᠨ (ᠦᠷᠦᠮᠴᠢ)᠂ ᠮᠠᠨᠠᠰ ᠵᠡᠷᠭᠡ ᠭᠠᠵᠠᠷ ᠲᠤ ᠭᠦᠷᠪᠡ᠂ ᠢᠯᠢ ᠳᠤ ᠬᠠᠷ᠎ᠠ ᠰᠤᠯᠳᠠᠨ ᠭᠡᠳᠡᠭ᠌ ᠣᠢ᠌ᠭᠤᠷ ᠠᠬᠤᠨ (ᠢᠰᠯᠠᠮ ᠤᠨ ᠱᠠᠰᠢᠨ ᠤ) ᠴᠤ ᠣᠯᠠᠨ ᠣᠢ᠌ᠭᠤᠷ ᠳᠠᠷᠢᠶᠠᠴᠢᠳ ᠢ ᠭᠦᠳᠡᠯᠭᠡᠭᠡᠵᠤ᠂ ᠪᠣᠰᠤᠯᠭ᠎ᠠ ᠭᠠᠷᠭᠠᠪᠠ᠂ ᠢᠯᠢ ᠶᠢᠨ ᠵᠠᠩᠵᠤᠨ ᠢ ᠲᠦᠯᠬᠢᠨ ᠣᠨᠠᠭᠠᠭᠠᠤᠨ᠂ ᠳᠠᠷᠠ ᠦᠪᠡᠷ ᠢ ᠪᠠᠨᠬᠠᠭᠠᠨ ᠡᠷᠭᠦᠮᠵᠢᠯᠡᠵᠤ 《ᠵᠡᠭᠦᠨ ᠲᠦᠷᠺᠧᠰᠳᠠᠨ ᠤ ᠲᠦᠷ ᠵᠠᠰᠠᠭ ᠤᠨ ᠭᠠᠵᠠᠷ》 ᠊ᠢ ᠪᠠᠢ᠌ᠭᠤᠯᠪᠠ᠃ ᠳᠠᠷᠠ ᠬᠠᠷ᠎ᠠ ᠰᠤᠯᠳᠠᠨ ᠄ 《ᠪᠢᠳᠠᠨ ᠮᠦᠰᠯᠠᠮ ᠲᠦᠷᠦ ᠶᠢ ᠪᠠᠢ᠌ᠭᠤᠯᠪᠠ᠂ ᠢᠰᠯᠠᠮ ᠱᠠᠵᠢᠨ ᠰᠢᠳᠦᠳᠡᠭ᠌ ᠦᠭᠡᠶ ᠪᠣᠰᠤᠳ ᠱᠠᠰᠢᠠᠳᠠᠨ ᠢ ᠣᠰᠠᠳᠬᠠᠬᠤ ᠭᠡᠷᠡᠭ᠍ᠳᠡᠢ》 ᠭᠡᠵᠤ ᠭᠢᠳᠠᠤᠨ᠂ ᠮᠠᠠᠵᠤ᠂ ᠰᠢᠪᠠᠭᠡ᠂ ᠮᠤᠩᠭ᠋ᠤᠯ ᠵᠡᠷᠭᠡ ᠦᠨᠳᠦᠰᠦᠳᠠᠨ ᠤ ᠭᠦᠮᠦᠰ ᠢ ᠭᠢᠳᠤᠵᠤ ᠡᠭᠢᠯᠡᠵᠡᠢ᠃ ᠡᠨᠡ ᠴᠢᠮᠡᠭᠡ ᠶᠢ ᠳᠡᠭᠡᠰ ᠤᠨ ᠭᠤᠤᠯ ᠳᠤ ᠪᠠᠢ᠌ᠭᠰᠠᠨ ᠦᠭᠡᠯᠡᠳᠴᠦᠳ ᠰᠤᠨᠤᠰᠤᠭᠠᠤᠨ ᠴᠤᠴᠢᠵᠤ ᠪᠠᠷᠠᠭᠤᠠᠰᠢ ᠪᠠᠨ ᠰᠢᠯᠵᠢᠭᠦ ᠪᠣᠯᠵᠠᠢ᠂ ᠶᠠᠭ ᠡᠨᠡ ᠦᠶ᠎ᠡ ᠳᠤ ᠣᠷᠤᠰ ᠤᠨ ᠬᠠᠰᠠᠭ ᠤᠨ ᠠᠯᠪᠠᠨ ᠣᠳᠤᠭ ᠤᠨ ᠳᠠᠽᠢᠪᠧᠭᠢ ᠵᠢᠷᠭᠤᠭᠠᠨ ᠮᠢᠩᠭ᠋ᠠᠨ ᠡᠷᠦᠭᠡ ᠳᠠᠭᠠᠭᠤᠯᠠᠨ ᠢᠯᠢ ᠳᠤ ᠣᠷᠤᠵᠤ ᠢᠷᠠᠪᠠ᠃ ᠬᠠᠷ᠎ᠠ ᠰᠤᠯᠳᠠᠨ ᠳᠠᠳᠠᠨ ᠢ ᠳᠤᠭᠤᠰᠲ᠋ᠠᠷᠢᠶ᠎ᠠ ᠵᠡᠷᠭᠡ ᠭᠠᠵᠠᠷ ᠤᠳ ᠪᠠᠷ ᠪᠠᠢ᠌ᠷᠢᠰᠢᠭᠤᠯᠵᠠᠢ᠂ ᠳᠠᠳᠠᠨ ᠤ ᠠᠷᠤ ᠡᠴᠡ ᠴᠠᠭᠠᠨ ᠬᠠᠭᠠᠠᠳᠤ ᠣᠷᠤᠰ ᠤᠨ ᠭᠦᠡᠳᠤ ᠵᠡᠪᠰᠡᠭ᠍ᠳᠤ ᠴᠡᠷᠢᠭ᠌ ᠤᠨ ᠳ᠋ᠢᠯᠢ ᠶᠢᠨ ᠭᠤᠤᠯ ᠶᠢᠡᠷ ᠳᠠᠪᠢᠷᠠᠨ ᠣᠷᠤᠵᠤ ᠢᠷᠡᠭᠡᠳ ᠮᠦᠰᠤᠨ ᠳᠠᠪᠠᠭᠠᠨ ᠳᠤ ᠬᠤᠶᠠᠷ ᠵᠠᠭᠤᠨ ᠮᠤᠷᠢᠳᠠᠢ ᠴᠡᠷᠢᠭ᠌ ᠰᠠᠭᠤᠯᠭᠠᠵᠤ᠂ ᠬᠠᠷ᠎ᠠ ᠰᠤᠯᠳᠠᠨ ᠳᠤ ᠄ 《ᠳᠠᠽᠢᠪᠧᠭᠢ ᠶᠢᠨ ᠵᠢᠷᠭᠤᠭᠠᠨ ᠮᠢᠩᠭ᠋ᠠᠨ ᠬᠠᠰᠠᠭ ᠢ ᠭᠠᠷᠭᠠᠵᠤ ᠥᠭ᠌》 ᠭᠡᠮᠡᠨ᠂ ᠠᠷᠪᠢᠨ ᠣᠯᠠᠨ ᠣᠢ᠌ᠭᠤᠷ ᠤᠳ ᠢ ᠠᠯᠠᠵᠤ᠂ ᠬᠠᠷ᠎ᠠ ᠰᠤᠯᠳᠠᠨ ᠢ ᠠᠮᠢᠳᠤ ᠪᠠᠷ ᠨᠢ ᠪᠠᠷᠢᠵᠤ ᠠᠯᠠᠪᠠ᠂ ᠣᠷᠤᠰ ᠤᠳ ᠳᠠᠽᠢᠪᠧᠭᠢ ᠶᠢᠨ ᠵᠢᠷᠭᠤᠭᠠᠨ ᠮᠢᠩᠭ᠋ᠠᠨ ᠬᠠᠰᠠᠭ ᠢ ᠵᠡᠪᠰᠡᠭ᠍ᠳᠤ ᠭᠦᠴᠤ ᠪᠠᠷ ᠳᠠᠭᠤᠵᠤ ᠪᠠᠢ᠌ᠭᠠᠤᠨ ᠠᠪᠣᠭᠠᠤᠨ ᠬᠠᠷᠢᠪᠠ᠃ ᠡᠨᠡ ᠥᠢᠮᠡᠭᠡᠨ ᠳᠤ ᠮᠤᠩᠭ᠋ᠤᠯᠭᠦᠷᠢᠶ᠎ᠡ ᠶᠢᠨ ᠦᠭᠡᠯᠡᠳᠴᠦᠳ ᠵᠥᠭ᠌ ᠵᠥᠭ᠌ ᠲᠡᠭᠡᠨ ᠪᠣᠳᠠᠷᠠᠨ ᠵᠤᠯᠤᠭᠰᠠᠨ ᠪᠠᠢ᠌ᠨ᠎ᠠ᠃ 1871 ᠣᠨ ᠤ ᠦᠶ᠎ᠡ ᠪᠠᠷ ᠵᠢᠷᠭᠤᠭᠠᠨ ᠰᠤᠮᠤᠨ ᠥᠭᠡᠯᠡᠳ ᠨᠤᠳᠤᠭ ᠪᠠᠷᠠᠭᠤᠠᠰᠢ ᠪᠠᠨ ᠨᠠᠭᠦᠵᠤ ᠬᠠᠰᠠᠭᠰᠲ᠋ᠠᠨ ᠤ ᠠᠯᠢᠮᠠᠳᠤ ᠶᠢᠨ ᠣᠷᠴᠢᠮ ᠳᠤ ᠭᠦᠷᠴᠤ ᠪᠠᠢ᠌ᠷᠢᠰᠢᠪᠠ᠂ ᠡᠳᠡᠭᠡᠷ ᠭᠦᠮᠦᠰ ᠢ ᠪᠣᠲ᠋ᠠᠭ᠎ᠠ ᠪᠣᠯᠢᠰ᠂ ᠪᠣᠷᠠᠭ᠎ᠠ ᠪᠣᠯᠢᠰ᠂ ᠧᠺᠠᠢ ᠪᠣᠯᠢᠰ ᠵᠡᠷᠭᠡ ᠭᠦᠮᠦᠰ ᠳᠠᠭᠠᠭᠤᠯᠵᠤ᠂ 12 ᠵᠢᠯ ᠤᠨ ᠳᠠᠷᠠᠭ᠎ᠠ᠂ ᠡᠭᠡ ᠨᠤᠳᠤᠭ ᠳᠡᠭᠡᠰ ᠲᠡᠭᠡᠨ ᠪᠣᠴᠠᠵᠤ ᠢᠷᠠᠪᠠ᠃ ᠨᠢᠭᠡ ᠭᠡᠰᠡᠭ᠌ ᠭᠦᠮᠦᠰ ᠵᠦᠵᠠᠢ ᠥᠭᠦᠷᠳᠡᠢ ᠶᠢᠨ ᠳᠠᠭᠠᠭᠤᠯᠭ᠎ᠠ ᠪᠠᠷ ᠠᠭᠤᠶᠠᠰ ᠤᠨ ᠭᠤᠤᠯ (ᠮᠤᠩᠭ᠋ᠤᠯᠭᠦᠷᠢᠶ᠎ᠡ ᠶᠢᠨ ᠭᠠᠵᠠᠷ ᠤᠨ ᠨᠠᠷ᠎ᠠ) ᠳᠤ ᠣᠷᠤᠨ ᠨᠢᠭᠤᠭᠳᠠᠵᠤ ᠨᠤᠳᠤᠭ ᠤᠨ ᠭᠦᠮᠦᠰ ᠶᠢᠠᠨ ᠬᠠᠮᠠᠭᠠᠯᠠᠵᠤ ᠪᠠᠢ᠌ᠭᠰᠠᠨ ᠪᠠᠢ᠌ᠨ᠎ᠠ (ᠮ·ᠡᠷᠢᠡᠴᠢᠨ ᠤ《ᠮᠤᠩᠭ᠋ᠤᠯᠭᠦᠷᠢᠶ᠎ᠡ ᠶᠢᠨ ᠵᠢᠷᠭᠤᠭᠠᠨ ᠰᠤᠮᠤᠨ ᠥᠭᠡᠯᠡᠳ ᠨᠤᠳᠤᠭ ᠤᠨ ᠳᠡᠦᠭᠡ ᠶᠢᠨ ᠳᠣᠢ᠌ᠮᠤ》)᠃ 《ᠢᠰᠰ‍ᠭᠠᠺᠦ᠋ᠯ ᠨᠠᠭᠤᠷ ᠤᠨ ᠭᠦᠪᠠᠭᠡ ᠳᠤ ᠣᠳᠤᠭᠰᠠᠨ ᠦᠭᠡᠯᠡᠳᠴᠦᠳ ᠣᠷᠢᠳᠠᠪᠠᠷ ᠬᠠᠰᠠᠭᠰᠲ᠋ᠠᠨ ᠤ ᠠᠯᠢᠮᠠᠳᠤ ᠳᠤ ᠣᠳᠤᠵᠤ ᠭᠡᠳᠤᠨ ᠵᠢᠯ ᠪᠠᠢ᠌ᠵᠤ ᠪᠠᠢ᠌ᠭᠠᠤᠨ᠂ ᠪᠠᠳᠤ ᠭᠡᠳᠡᠭ᠌ ᠠᠬᠠᠯᠠᠬᠠᠴᠢ ᠳᠠᠭᠠᠭᠤᠯᠵᠤ ᠢᠰᠰ‍ᠭᠠᠺᠦ᠋ᠯ ᠨᠠᠭᠤᠷ ᠲᠤ ᠣᠳᠤᠪᠠ》 ᠭᠡᠵᠤ ᠭᠡᠯᠡᠵᠤ ᠪᠠᠢ᠌ᠳᠠᠭ ᠪᠣᠯ᠂ ᠱᠠᠷᠢᠪᠢ ᠶᠢᠨ ᠪᠢᠴᠢᠭ᠍ᠰᠡᠨ 《ᠮᠦᠱᠢᠯᠡᠢ ᠡᠮᠡᠭᠡᠨ ᠤ ᠳᠡᠦᠭᠡ ᠱᠡᠰᠳᠢᠷ》 ᠭᠡᠳᠡᠭ᠌ ᠭᠠᠷ ᠳᠠᠪᠳᠠᠷ ᠲᠤ ᠄ 《1878 ᠣᠨ ᠤ ᠪᠠᠷᠤᠭ ᠶᠢᠠᠷ ᠣᠯᠠᠨ ᠭᠦᠮᠤᠨ ᠨᠡᠭᠦᠵᠤ ᠣᠳᠤᠭᠰᠠᠨ ᠳᠤ ᠵᠡᠭᠦᠨᠭᠠᠷ ᠡᠴᠡ ᠣᠭ ᠳᠠᠭᠠᠨ ᠪᠠᠢ᠌ᠭᠰᠠᠨ ᠵᠠᠷᠢᠮ ᠭᠦᠮᠤᠨ ᠡᠰᠡᠷᠭᠦᠴᠡᠵᠤ᠂ ᠡᠢ᠌ᠮᠤ ᠣᠯᠠᠨ ᠭᠦᠮᠤᠨ ᠣᠷᠤᠰ ᠤᠨ ᠢᠷᠭᠡᠨ ᠪᠣᠯᠬᠤ ᠶᠢ ᠵᠥᠪᠰᠢᠶᠡᠷᠭᠦ ᠦᠭᠡᠶ ᠪᠠᠢ᠌ᠪᠠ᠂ ᠭᠡᠳᠡᠯ᠎ᠡ ᠮᠤᠮᠤᠨ (ᠮᠠᠮᠤᠨ) ᠤ ᠳᠡᠮᠵᠢᠯᠭᠡ ᠶᠢ ᠶᠡᠭᠡ ᠭᠦᠷᠳᠡᠪᠡ》 ᠭᠡᠵᠤ ᠪᠢᠴᠢᠭ᠍ᠰᠡᠨ ᠪᠠ 《ᠳᠠᠳᠠᠨ ᠣᠳᠤᠬᠤ ᠳᠤ ᠢᠰᠰ‍ᠭᠠᠺᠦ᠋ᠯ ᠨᠠᠭᠤᠷ ᠤᠨ ᠭᠦᠪᠠᠭᠡ ᠳᠤ ᠣᠷᠤᠰ᠂ ᠦᠽᠪᠧᠺ᠂ ᠳᠠᠲ᠋ᠠᠷ᠂ ᠣᠢ᠌ᠭᠤᠷ᠂ ᠳ᠋ᠤᠩᠭ᠋ᠠᠨ (ᠬᠣᠢ᠌ᠬᠤ) ᠨᠠᠷ ᠬᠠᠮᠳᠤ ᠪᠠᠢ᠌ᠯ᠎ᠠ᠂ ᠣᠷᠤᠰ᠂ ᠦᠽᠪᠧᠺ᠂ ᠳᠠᠲ᠋ᠠᠷ᠂ ᠣᠢ᠌ᠭᠤᠷ᠂ ᠳ᠋ᠤᠩᠭ᠋ᠠᠨ (ᠬᠣᠢ᠌ᠬᠤ) ᠨᠡᠷ ᠲ᠋ᠡᠭ᠍ᠰᠢᠭᠡᠨ ᠭᠠᠵᠠᠷ ᠲᠤ ᠨᠢ ᠪᠠᠢ᠌ᠷᠢᠰᠢᠵᠤ ᠳᠠᠷᠢᠮᠠᠯ ᠳᠠᠷᠢᠵᠤ ᠪᠠᠢ᠌ᠯ᠎ᠠ᠂ ᠭᠢᠷᠭᠢᠰ ᠪᠣᠯᠤᠨ 《ᠰᠠᠷᠲ᠋ ᠬᠠᠯᠢᠮᠠᠭ》 ᠨᠡᠭᠦᠳᠡᠯ ᠠᠮᠢᠳᠤᠷᠠᠯ ᠭᠢᠵᠤ ᠮᠠᠯ ᠬᠠᠷᠢᠭᠤᠯᠳᠠᠭ ᠪᠠᠢ᠌ᠪᠠ᠃ 1880 ᠣᠨ ᠳᠤ ᠡᠴᠡ ᠬᠣᠢ᠌ᠰᠢ ᠭᠡᠷ ᠪᠠᠷᠢᠵᠤ ᠰᠠᠭᠤᠷᠢᠰᠢᠨ ᠰᠠᠭᠤᠵᠤ ᠡᠭᠢᠯᠡᠪᠡ᠂ 1890 ᠣᠨ ᠳᠤ ᠢᠷᠡᠳᠡᠭ᠌ ᠭᠤᠤᠯ ᠤᠨ ᠵᠠᠬ᠎ᠠ ᠪᠠᠷ ᠭᠦᠭᠡ ᠳᠡᠭᠡᠪᠦᠷ ᠲᠡᠶ ᠮᠢᠴᠢᠳ (ᠢᠰᠯᠠᠮ ᠤᠨ ᠰᠦᠮ᠎ᠡ) ᠪᠠᠷᠢᠵᠤ᠂ ᠱᠠᠰᠢᠨ ᠰᠢᠳᠦᠯᠭᠡ ᠶᠢ ᠴᠢᠩᠭ᠋᠎ᠠ ᠪᠠᠷᠢᠪᠠ᠂ 《ᠰᠠᠷᠲ᠋ ᠬᠠᠯᠢᠮᠠᠭᠴᠤᠳ》 ᠭᠠᠷ ᠣᠷᠠᠯᠢᠭ ᠲᠤ ᠣᠷᠠᠨ ᠣᠴᠢᠷ ᠡᠴᠡ ᠬᠠᠷ᠎ᠠ ᠭᠤᠤᠯ ᠪᠠᠯᠭᠠᠰᠤᠨ ᠤ ᠪᠣᠰᠤᠳ ᠦᠨᠳᠦᠰᠦᠳᠠᠨ ᠤ ᠭᠦᠮᠦᠰ ᠲᠡᠶ ᠣᠯᠠᠨ ᠵᠣᠢ᠌ᠯ ᠤᠨ ᠮᠠᠢ᠌ᠮᠠᠢ ᠭᠢᠵᠤ ᠭᠦᠭ᠍ᠵᠢᠪᠡ᠂ ᠳᠠᠳᠠᠨ ᠦᠷ᠎ᠡ ᠬᠡᠦᠬᠡᠳ ᠶᠢᠡᠨ ᠳᠠᠲ᠋ᠠᠷ ᠰᠤᠷᠭᠠᠭᠤᠯᠢ᠂ ᠣᠷᠤᠰ ᠰᠤᠷᠭᠠᠭᠤᠯᠢ ᠳᠤ ᠰᠤᠷᠤᠯᠴᠠᠭᠤᠯᠪᠠ》 ᠭᠡᠵᠡᠢ᠃ ᠡᠳᠡᠭᠡᠷ ᠮᠠᠲ᠋ᠸᠷᠢᠶᠠᠯ ᠡᠴᠡ ᠥᠵᠡᠭᠦ ᠳᠤ᠂ ᠪᠠᠳᠤ ᠭᠡᠳᠡᠭ᠌ ᠠᠬᠠᠯᠠᠬᠠᠴᠢ ᠲᠡᠶ ᠣᠯᠠᠨ ᠡᠷᠦᠭᠡ ᠠᠢ᠌ᠯ᠂ ᠬᠠᠷ᠎ᠠ ᠰᠤᠯᠳᠠᠨ ᠤ ᠭᠢᠳᠤᠯᠭ᠎ᠠ ᠡᠴᠡ ᠵᠠᠢ᠌ᠯᠠᠰᠭᠢᠵᠤ᠂ ᠢᠰᠰ‍ᠭᠠᠺᠦ᠋ᠯ ᠨᠠᠭᠤᠷ ᠤᠨ ᠡᠷᠭᠢᠨ ᠳᠤ ᠣᠳᠤᠭᠰᠠᠨ ᠪᠠᠢ᠌ᠨ᠎ᠠ ᠳᠠᠳᠠᠨ ᠵᠡᠭᠦᠨᠭᠠᠷ ᠤᠨ ᠴᠠᠭ ᠲᠤ᠂ ᠣᠳᠤᠵᠤ ᠪᠠᠢ᠌ᠷᠢᠰᠢᠭᠰᠠᠨ 《ᠰᠠᠷᠲ᠋ ᠬᠠᠯᠢᠮᠠᠭ》 ᠦᠭᠡᠯᠡᠳᠴᠦᠳ ᠯᠤᠭ᠎ᠠ ᠨᠠᠢ᠌ᠯᠠᠵᠤ᠂ ᠣᠭ ᠳᠠᠭᠠᠨ ᠪᠠᠢ᠌ᠭᠰᠠᠨ 《ᠰᠠᠷᠲ᠋ ᠬᠠᠯᠢᠮᠠᠭ》 ᠊ᠤᠨ ᠶᠤᠰᠤ ᠶᠠᠪᠣᠳᠠᠯ ᠢ ᠳᠠᠭᠠᠵᠤ ᠢᠰᠯᠠᠮ ᠤᠨ ᠱᠠᠰᠢᠨ ᠢ ᠰᠢᠳᠤᠵᠤ ᠳᠦᠷᠺᠵᠢᠭ᠍ᠰᠡᠨ ᠨᠠᠷ᠎ᠠ ᠠᠪᠴᠤ ᠭᠢᠷᠭᠢᠰ ᠪᠠᠷ ᠠᠬᠠᠯᠠᠭᠰᠠᠨ ᠳᠦᠷᠺᠵᠢᠭ᠍ᠰᠡᠨ ᠦᠨᠳᠦᠰᠦᠳᠠᠨ ᠯᠤᠭ᠎ᠠ ᠣᠷᠤᠭ ᠬᠤᠷᠢᠮ ᠭᠢᠵᠤ ᠪᠠᠢ᠌ᠭᠰᠠᠨ ᠪᠠᠢ᠌ᠨ᠎ᠠ᠃

ᠭᠤᠷᠪᠠ᠂ ᠭᠢᠷᠭᠢᠰᠲ᠋ᠠᠨ ᠳᠤ ᠪᠠᠢ᠌ᠬᠤ 《ᠰᠠᠷᠲ᠋ ᠬᠠᠯᠢᠮᠠᠭ》 ᠊ᠤᠨ ᠥᠭᠡ ᠭᠡᠯᠡ ᠰᠤᠶᠤᠯ ᠣᠷᠠᠯᠢᠭ

ᠭᠢᠷᠭᠢᠰᠲ᠋ᠠᠨ ᠳᠤ ᠪᠠᠢ᠌ᠬᠤ 《ᠰᠠᠷᠲ᠋ ᠬᠠᠯᠢᠮᠠᠭ》 ᠊ᠤᠨ ᠳᠠᠭᠤᠯᠠᠭᠰᠠᠨ 1980 ᠣᠨ ᠳᠤ ᠰᠢᠩᠭᠡᠭᠡᠯᠳᠡ ᠶᠢᠨ VCD ᠴᠡᠯᠪᠠᠭ᠌ ᠲᠤ ᠮᠤᠩᠭ᠋ᠤᠯ ᠭᠡᠯᠡ ᠪᠠᠷ ᠳᠠᠭᠤᠯᠠᠭᠰᠠᠨ ᠣᠷᠳᠤ ᠳᠠᠭᠤᠤ᠂ ᠱᠤᠤᠱᠲ᠋ᠤᠷ ᠳᠠᠭᠤᠤ ᠪᠠ ᠨᠠᠷ᠎ᠠ ᠶᠢ ᠨᠢ 《ᠵᠢᠷᠤᠭ᠎ᠠ ᠬᠠᠷ᠎ᠠ》᠂ 《ᠳᠤᠭᠤᠯᠠᠩ ᠱᠠᠭᠠᠵᠠᠭᠠᠢ》᠂ 《ᠰᠢᠪᠠᠭᠡ ᠰᠡᠪᠠᠷᠳᠠᠩ》 ᠭᠡᠵᠤ ᠭᠡᠯᠡᠵᠤ ᠭᠦᠭ᠍ᠵᠢᠮᠳᠡᠭ᠍ᠰᠡᠨ ᠳᠤᠪᠰᠢᠭᠤᠷ ᠤᠨ ᠠᠶᠠᠰ ᠪᠠᠢ᠌ᠬᠤ ᠪᠠᠷ ᠪᠠᠷᠠᠬᠤ ᠦᠭᠡᠶ ᠨᠠᠷ᠎ᠠ ᠶᠢ ᠨᠢ ᠭᠡᠯᠡᠯ ᠦᠭᠡᠶ ᠭᠦᠭ᠍ᠵᠢᠮᠳᠡᠭ᠍ᠰᠡᠨ ᠳᠤᠪᠰᠢᠭᠤᠷ ᠤᠨ ᠭᠡᠳᠤᠨ ᠠᠶᠠᠰ ᠴᠤ ᠪᠣᠢ᠂ ᠮᠤᠩᠭ᠋ᠤᠯ ᠭᠡᠯᠡ ᠪᠠᠷ ᠭᠡᠯᠡᠭᠦᠯᠵᠤ ᠰᠢᠩᠭᠡᠭᠡᠭ᠍ᠰᠡᠨ ᠰᠢᠩᠭᠡᠭᠡᠯᠳᠡ ᠪᠠᠰᠠ ᠪᠠᠢ᠌ᠨ᠎ᠠ᠃ ᠡᠭᠦᠨ ᠡᠴᠡ ᠭᠠᠳᠠᠨ᠎ᠠ ᠪᠠᠰᠠ ᠬᠠᠰᠠᠭ᠂ ᠣᠢ᠌ᠭᠤᠷ᠂ ᠳ᠋ᠤᠩᠭ᠋ᠠᠨ (ᠬᠣᠢ᠌ᠬᠤ)᠂ ᠦᠽᠪᠧᠺ᠂ ᠳᠠᠲ᠋ᠠᠷ ᠭᠡᠯᠡ ᠪᠠᠷ ᠳᠠᠭᠤᠯᠠᠭᠰᠠᠨ ᠳᠠᠭᠤᠤ ᠪᠠ ᠳᠤᠪᠰᠢᠭᠤᠷ ᠤᠨ ᠠᠶᠠᠰ ᠴᠤ ᠪᠣᠢ᠃

ᠳᠤᠰ ᠰᠢᠩᠭᠡᠭᠡᠯᠳᠡ ᠳᠤ ᠄ ᠳᠦᠭᠡᠢ᠂ ᠳᠦᠭᠡᠢ᠂ ᠳᠦᠭᠡᠢ᠂ ᠬᠤᠨᠢ ᠳᠠᠭᠠᠭᠤᠯᠤᠭᠰᠠᠨ ᠬᠤᠷᠭ᠎ᠠ ᠶᠠᠮᠠᠷ ᠪᠣᠯᠤᠨ᠎ᠠ᠂ ᠡᠴᠢᠭᠡ ᠡᠴᠡ ᠪᠠᠨ ᠰᠠᠯᠤᠭᠰᠠᠨ ᠭᠦᠪᠠᠭᠦᠤᠨ ᠶᠠᠮᠠᠷ ᠪᠣᠯᠤᠨ᠎ᠠ᠂ ᠳᠦᠭᠡᠢ᠂ ᠳᠦᠭᠡᠢ᠂ ᠳᠦᠭᠡᠢ ᠪᠣᠴᠠᠭᠰᠠᠨ ᠭᠠᠵᠠᠷ ᠲᠤ ᠪᠠᠨ ᠰᠠᠢ᠌ᠬᠠᠨ ᠰᠠᠭᠤᠨ᠎ᠠ ᠴᠢ᠂ ᠡᠰᠡ ᠪᠣᠴᠠᠭᠰᠠᠨ ᠭᠠᠵᠠᠷ ᠲᠤ ᠪᠠᠨ ᠡᠯᠡᠰᠤᠨ ᠪᠣᠯᠤᠨ᠎ᠠ ᠴᠢ ᠭᠡᠵᠤ ᠨᠢᠭᠡ ᠡᠷᠡᠭ᠍ᠳᠡᠢ ᠭᠦᠮᠤᠨ ᠣᠳᠤ ᠶᠢᠨ ᠮᠤᠩᠭ᠋ᠤᠯᠭᠦᠷᠢᠶ᠎ᠡ ᠶᠢᠨ ᠥᠭᠡᠯᠡᠳ ᠠᠶᠠᠯᠭᠤ ᠯᠤᠭ᠎ᠠ ᠠᠳᠠᠯᠢ ᠪᠠᠷ ᠠᠶᠠᠰᠯᠠᠨ ᠭᠡᠯᠡᠳᠡᠭ᠌᠂ ᠪᠠᠰᠡ 《ᠮᠥᠭᠦᠱ ᠨᠤᠶᠠᠨ》 ᠭᠡᠳᠡᠭ᠌ ᠳᠠᠭᠤᠤ᠂ ᠶᠠᠭ ᠰᠠᠢ᠌ᠬᠠᠨ ᠮᠤᠩᠭ᠋ᠤᠯᠭᠦᠷᠢᠶ᠎ᠡ ᠶᠢᠨ ᠦᠭᠡᠯᠡᠳᠴᠦᠳ ᠤᠨ ᠳᠠᠭᠤᠯᠠᠳᠠᠭ ᠲᠡᠶ ᠠᠳᠠᠯᠢ ᠠᠶᠠᠰ ᠶᠢᠡᠷ ᠳᠠᠭᠤᠯᠠᠭᠰᠠᠨ ᠪᠠᠢ᠌ᠨ᠎ᠠ᠃ ᠳᠠᠭᠤᠨ ᠤ ᠥᠭᠡ ᠶᠢ ᠪᠠᠭᠤᠯᠭᠠᠪᠠᠯ ᠄ ᠮᠥᠩᠭᠦᠨ ᠳᠠᠭ᠎ᠠ ᠲᠡᠶ ᠵᠢᠷᠤᠭ᠎ᠠ ᠪᠣᠷᠤ ᠯᠠ ᠪᠣᠢ \ᠮᠦᠰᠤᠨ ᠳᠠᠪᠠᠭ᠎ᠠ ᠪᠠᠷ ᠳᠠᠪᠠᠳᠠᠭ ᠨᠢ ᠶᠠᠭᠤᠨ ᠯᠠ ᠪᠣᠢ \ᠭᠤᠨᠢᠨ ᠬᠤᠨᠢ ᠶᠢᠨ ᠭᠤᠷᠪᠠᠬᠠᠨ ᠬᠠᠪᠢᠰᠤ ᠯᠠ ᠪᠣᠢ \ᠭᠤᠷᠪᠠᠨ ᠰᠦᠨᠢ ᠬᠤᠨᠤᠭ ᠪᠣᠯᠪᠠ᠃ ᠳᠤᠰ ᠳᠠᠭᠤᠨ ᠪᠣᠯ ᠵᠡᠭᠦᠨᠭᠠᠷ ᠬᠠᠭᠠᠠᠳᠤ ᠣᠯᠤᠰ ᠤᠨ ᠰᠡᠭᠦᠯ ᠤᠨ ᠦᠶ᠎ᠡ ᠶᠢᠨ ᠳᠡᠦᠭᠡᠳᠤ ᠣᠴᠢᠷ ᠶᠢᠡᠷ ᠰᠠᠳᠤᠪᠯᠠᠵᠤ ᠳᠠᠭᠤᠯᠠᠭᠰᠠᠨ ᠳᠠᠭᠤᠤ ᠪᠠᠢ᠌ᠨ᠎ᠠ᠂ ᠳᠤᠰ ᠳᠠᠭᠤᠤ ᠶᠢ ᠮᠤᠩᠭ᠋ᠤᠯᠭᠦᠷᠢᠶ᠎ᠡ ᠳᠤ ᠄ ᠮᠥᠩᠭᠦᠨ ᠳᠠᠭ᠎ᠠ ᠲᠡᠶ ᠵᠢᠷᠤᠭ᠎ᠠ ᠪᠣᠷᠤ \ᠮᠦᠰᠤᠨ ᠳᠠᠪᠠᠭᠠᠨ ᠳᠤ ᠬᠠᠯᠳᠤᠷᠢᠳᠠᠭ ᠨᠢ ᠶᠠᠭᠤᠨ ᠪᠣᠢ \ ᠮᠦᠯᠤᠷ ᠬᠠᠮᠠᠷ ᠲᠡᠶ ᠮᠥᠭᠦᠱ ᠨᠤᠶᠠᠨ\ᠮᠦᠰᠤᠨ ᠳᠠᠪᠠᠭ᠎ᠠ ᠪᠠᠷ ᠳᠠᠪᠠᠳᠠᠭ ᠨᠢ ᠶᠠᠭᠤᠨ ᠪᠣᠢ \ ᠰᠢᠪᠠᠷ ᠱᠠᠭᠠᠵᠠᠩ ᠰᠢᠷ ᠪᠣᠯᠪᠠ \ᠱᠠᠩ ᠤᠨ ᠬᠤᠳᠠ (ᠬᠤᠭᠤᠯᠠ) ᠬᠤᠨᠤᠭ ᠪᠣᠯᠪᠠ \ᠱᠠᠷᠭᠢᠭᠠᠤᠨ ᠮᠤᠷᠳᠠᠭᠰᠠᠨ ᠮᠥᠭᠦᠱ ᠨᠤᠶᠠᠨ \ᠮᠦᠰᠤᠨ ᠳᠠᠪᠠᠭ᠎ᠠ ᠪᠠᠷ ᠳᠠᠪᠠᠳᠠᠭ ᠨᠢ ᠶᠠᠭᠤᠨ ᠪᠣᠢ \ᠭᠤᠨᠢᠨ ᠬᠤᠨᠢ ᠶᠢᠨ ᠭᠤᠷᠪᠠᠨ ᠬᠠᠪᠢᠰᠤ \ᠭᠤᠷᠪᠠᠨ ᠰᠦᠨᠢ ᠬᠤᠨᠤᠭ ᠪᠣᠯᠪᠠ \ᠭᠤᠯᠵᠢᠨ ᠳᠦᠷᠦᠭ᠍ᠰᠡᠨ ᠮᠥᠭᠦᠱ ᠨᠤᠶᠠᠨ \ᠮᠦᠰᠤᠨ ᠳᠠᠪᠠᠭ᠎ᠠ ᠶᠢ ᠳᠠᠪᠠᠳᠠᠭ ᠨᠢ ᠶᠠᠭᠤᠨ ᠪᠣᠢ \ᠳᠦᠨᠢᠨ ᠬᠤᠨᠢ ᠶᠢᠨ ᠳᠦᠷᠪᠡᠨ ᠬᠠᠪᠢᠰᠤ \ᠳᠦᠷᠪᠠᠨ ᠰᠦᠨᠢ ᠬᠤᠨᠤᠭ ᠪᠣᠯᠪᠠ \ᠳᠦᠷᠦᠮᠭᠡᠢ ᠳᠦᠷᠦᠭ᠍ᠰᠡᠨ ᠮᠥᠭᠦᠱ ᠨᠤᠶᠠᠨ \ᠮᠦᠰᠤᠨ ᠳᠠᠪᠠᠭ᠎ᠠ ᠪᠠᠷ ᠳᠠᠪᠠᠳᠠᠭ ᠨᠢ ᠶᠠᠭᠤᠨ ᠪᠣᠢ \ᠲ᠋ᠠᠷᠠᠰᠤᠨ ᠮᠠᠯᠠᠭᠠᠢ ᠰᠡᠭᠦᠳᠡᠷ ᠪᠣᠯᠪᠠ \ᠲ᠋ᠠᠩ ᠤᠨ ᠬᠤᠳᠠ (ᠬᠤᠭᠤᠯᠠ) ᠣᠮᠳᠠᠭᠠᠨ ᠪᠣᠯᠪᠠ \ᠳᠥᠷᠭᠦᠵᠤ ᠮᠤᠷᠳᠠᠭᠰᠠᠨ ᠮᠥᠭᠦᠱ ᠨᠤᠶᠠᠨ \ᠮᠦᠰᠤᠨ ᠳᠠᠪᠠᠭ᠎ᠠ ᠶᠢ ᠳᠠᠪᠠᠳᠠᠭ ᠨᠢ ᠶᠠᠭᠤᠨ ᠪᠣᠢ ᠭᠡᠵᠤ ᠳᠠᠭᠤᠯᠠᠳᠠᠭ᠃ ᠡᠨᠡ ᠳᠠᠭᠤᠨ ᠤ ᠳᠡᠦᠭᠡᠨ ᠣᠴᠢᠷ ᠢ ᠭᠡᠯᠡᠪᠠᠰᠤ ᠄ ᠴᠧᠸᠧᠩᠷᠠᠪᠳᠠᠨ ᠤ ᠭᠦᠪᠠᠭᠦᠨ ᠭᠠᠯᠳᠠᠠᠴᠠᠷᠠᠨ 1745 ᠣᠨ ᠳᠤ ᠨᠠᠰᠤ ᠪᠠᠷᠠᠵᠠᠢ᠂ ᠭᠠᠯᠳᠠᠠᠴᠠᠷᠠᠨ ᠤ ᠭᠤᠷᠪᠠᠨ ᠭᠦᠪᠠᠭᠦᠨ ᠨᠢᠭᠡ ᠦᠬᠢᠨ ᠲᠡᠶ ᠶᠤᠮᠰᠠᠠᠵᠠᠢ᠂ ᠣᠤᠭᠠᠨ ᠭᠦᠪᠠᠭᠦᠨ ᠯᠠᠮᠠᠳᠠᠷᠵᠠ (ᠯᠠᠮ᠎ᠠ ᠡᠷᠳᠡᠨᠢ ᠭᠡᠵᠤ ᠪᠠᠰᠠ ᠭᠡᠯᠡᠳᠡᠭ᠌)᠂ ᠬᠤᠶᠠᠳᠤᠭᠠᠷ ᠭᠦᠪᠠᠭᠦᠨ ᠴᠧᠸᠧᠩᠳᠤᠷᠵᠢᠨᠠᠮᠵᠢᠯ (ᠴᠦᠯᠡᠮᠥᠭᠦᠱ)᠂ ᠭᠤᠷᠪᠠᠳᠤᠭᠠᠷ ᠭᠦᠪᠠᠭᠦᠨ ᠨᠢ ᠴᠧᠸᠧᠩᠳᠠᠰᠢ᠂ ᠦᠬᠢᠨ ᠨᠢ ᠣᠯᠠᠠᠪᠠᠶᠠᠷ ᠪᠣᠯᠤᠨ᠎ᠠ᠂ ᠬᠤᠶᠠᠳᠤᠭᠠᠷ ᠭᠦᠪᠠᠭᠦᠨ ᠴᠧᠸᠧᠩᠳᠤᠷᠵᠢᠨᠠᠮᠵᠢᠯ ᠤᠨ ᠡᠭᠡ ᠨᠢ ᠢᠵᠠᠭᠤᠷᠳᠠᠨ ᠭᠠᠷᠤᠯ ᠲᠡᠶ ᠭᠦᠮᠤᠨ ᠪᠣᠯᠬᠤᠷ᠂ ᠭᠠᠯᠳᠠᠠᠴᠠᠷᠠᠨ ᠤ ᠭᠡᠷᠢᠶᠡᠰᠤ ᠪᠠᠷ ᠶᠡᠭᠡ ᠵᠠᠢ᠌ᠰᠠᠩ ᠭᠤᠮᠪᠣ᠂ ᠳᠠᠰᠢᠳᠠᠧᠨ᠂ ᠬᠤᠳᠤᠯᠠ ᠨᠡᠷ ᠳᠡᠭᠦᠨ ᠢ ᠡᠷᠭᠦᠮᠵᠢᠯᠡᠵᠤ 1746 ᠣᠨ ᠳᠤ ᠭᠠᠯᠳᠠᠠᠴᠠᠷᠠᠨ ᠤ ᠰᠠᠭᠤᠷᠢᠨ ᠳᠤ ᠰᠠᠭᠤᠯᠭᠠᠪᠠ᠃ ᠳᠡᠭᠦᠨ ᠤ ᠨᠠᠰᠤ ᠪᠠᠭ᠎ᠠ ᠣᠬᠠᠭ᠎ᠠ ᠣᠷᠤᠭ᠎ᠠ ᠦᠭᠡᠶ ᠪᠠᠭᠤᠷᠠᠢ ᠳᠠᠯ᠎ᠠ ᠶᠢ ᠠᠰᠢᠭᠯᠠᠵᠤ ᠯᠠᠮᠠᠳᠠᠷᠵᠠ ᠡᠷᠭᠡ ᠳᠤ ᠰᠠᠨᠠᠭᠠᠰᠢᠷᠬᠠᠵᠤ᠂ 1750 ᠣᠨ ᠳᠤ ᠳᠡᠭᠦᠤ ᠴᠧᠸᠧᠩᠳᠤᠷᠵᠢᠨᠠᠮᠵᠢᠯ ᠢ ᠪᠠᠷᠢᠪᠴᠢᠯᠠᠨ᠂ ᠨᠢᠳᠤ ᠶᠢ ᠨᠢ ᠭᠡᠮᠳᠦᠭᠡᠵᠤ ᠳᠠᠰᠢᠳᠠᠧᠨ ᠵᠡᠷᠭᠡ ᠬᠠᠮᠰᠠᠭᠠᠳᠠᠨ ᠲᠡᠶ ᠨᠢ ᠮᠦᠰᠤᠨ ᠳᠠᠪᠠᠭ᠎ᠠ ᠶᠢ ᠳᠠᠪᠠᠭᠤᠯᠤᠨ ᠠᠬᠠᠰᠤ ᠳᠤ ᠴᠥᠯᠡᠭ᠍ᠰᠡᠨ ᠪᠠᠢ᠌ᠨ᠎ᠠ᠂ ᠳᠡᠭᠦᠨ ᠢ ᠦᠷᠦ ᠡᠪᠠᠳᠦᠳᠡᠭ᠌ ᠭᠡᠳᠤᠨ ᠡᠮᠴᠢ᠂ ᠠᠷᠤ ᠡᠴᠡ ᠨᠢ ᠬᠠᠢ᠌ᠵᠤ ᠣᠳᠤᠭᠠᠤᠨ ᠴᠧᠸᠧᠩᠳᠤᠷᠵᠢᠨᠠᠮᠵᠢᠯ ᠤᠨ ᠨᠢᠳᠤ ᠶᠢ ᠡᠳᠡᠭᠡᠵᠤ ᠳᠡᠭᠦᠨ ᠡᠴᠡ ᠨᠡᠭᠦᠭᠡᠳ ᠣᠷᠤᠰ ᠤᠨ ᠨᠤᠳᠤᠭ ᠲᠤ ᠭᠦᠷᠴᠤ ᠨᠤᠳᠤᠭᠰᠢᠨ ᠣᠷᠤᠰ ᠤᠨ ᠬᠠᠷᠢᠶᠠᠳᠤ ᠪᠣᠯᠵᠤ ᠠᠮᠢᠳᠤᠷᠠᠵᠠᠢ᠃ ᠡᠭᠦᠨ ᠢ ᠵᠤᠬᠢᠶᠠᠭᠴᠢ ᠨᠢ ᠳᠤᠳᠤᠷᠬᠠᠢ ᠦᠭᠡᠶ《ᠳᠦᠷᠪᠡᠨ ᠣᠢ᠌ᠷᠠᠤᠨ ᠤᠨ ᠳᠡᠦᠭᠡ》 ᠡᠴᠡ ᠮᠠᠳᠠᠵᠤ ᠪᠣᠯᠤᠨ᠎ᠠ᠃ ᠡᠨᠡᠭᠦ ᠳᠡᠦᠭᠡ ᠶᠢᠨ ᠰᠠᠳᠤᠪᠳᠤ ᠳᠠᠭᠤᠨ ᠳᠤ ᠵᠡᠭᠦᠨᠭᠠᠷ ᠤᠨ ᠬᠠᠭᠠᠠᠳᠤ ᠲᠦᠷᠦ ᠶᠢᠨ ᠰᠡᠭᠦᠯᠴᠢ ᠶᠢᠨ ᠦᠶ᠎ᠡ ᠨᠤᠶᠠᠷᠬᠠᠭᠴᠢ ᠪᠦᠯᠦᠭ᠌ ᠤᠨ ᠭᠦᠮᠦᠰ ᠤᠨ ᠡᠷᠭᠡ ᠪᠣᠯᠢᠶᠠᠯᠳᠤᠵᠤ᠂ ᠰᠠᠷᠨᠢᠨ ᠪᠣᠳᠠᠷᠠᠵᠤ ᠠᠷᠠᠤᠨ ᠲᠦᠮᠡᠨ ᠵᠤᠪᠠᠯᠠᠩ ᠲᠦᠷᠦᠮᠵᠢ ᠳᠤ ᠣᠴᠠᠷᠠᠭᠰᠠᠨ ᠪᠠᠢ᠌ᠳᠠᠯ ᠢ ᠳᠤᠰᠬᠠᠭᠰᠠᠨ ᠪᠠᠢ᠌ᠨ᠎ᠠ᠃

ᠳᠤᠰ ᠰᠢᠩᠭᠡᠭᠡᠯᠳᠡ ᠳᠤ ᠄ ᠭᠢᠷᠭᠢᠰᠲ᠋ᠠᠨ ᠤ 《ᠰᠠᠷᠲ᠋ ᠬᠠᠯᠢᠮᠠᠭ》 ᠊ᠤᠨ ᠳᠠᠭᠤᠤ ᠡᠴᠡ ᠄ ᠭᠦᠳᠡᠷ ᠭᠦᠳᠡᠷ ᠭᠦᠷᠡᠩ ᠤᠨ ᠴᠢᠨᠢ \ᠭᠦᠵᠦᠭᠦᠨ ᠳᠡᠭᠡᠷ᠎ᠡ ᠨᠢ ᠦᠰᠦᠯ᠎ᠠ \ᠭᠦᠭ᠍ᠰᠢᠨ ᠠᠪᠣ ᠶᠢᠨ ᠶᠢᠠᠨ ᠭᠦᠵᠦᠭᠦᠨ ᠳᠡᠭᠡᠷ᠎ᠡ ᠨᠢ ᠦᠰᠦᠯ᠎ᠠ \ᠭᠦᠳᠡᠷ ᠭᠦᠳᠡᠷ ᠭᠦᠷᠡᠩ ᠤᠨ ᠴᠢᠨᠢ \ᠭᠦᠵᠦᠭᠦᠨ ᠳᠡᠭᠡᠷ᠎ᠡ ᠨᠢ ᠦᠰᠦᠯ᠎ᠠ \ᠭᠡᠦᠭᠡᠨ ᠪᠣᠭᠤᠷᠤᠯ ᠡᠵᠢ ᠶᠢᠨ ᠪᠠᠨ ᠡᠪᠦᠷ ᠳᠡᠭᠡᠷ᠎ᠡ ᠨᠢ ᠦᠰᠦᠯ᠎ᠠ ᠭᠡᠵᠤ ᠳᠠᠭᠤᠯᠠᠳᠠᠭ ᠪᠠᠢ᠌ᠬᠤ ᠳᠤ᠂ ᠮᠤᠩᠭ᠋ᠤᠯᠭᠦᠷᠢᠶ᠎ᠡ ᠶᠢᠨ ᠳᠤ ᠄ ᠰᠠᠶ‍ᠢᠭ ᠰᠠᠶ‍ᠢᠭ ᠰᠠᠷᠠᠯ ᠤᠨ \ᠰᠠᠢ᠌ᠷᠢ ᠳᠡᠭᠡᠷ᠎ᠡ ᠨᠢ ᠦᠰᠦᠯ᠎ᠠ ᠪᠢ \ᠭᠦᠳᠡᠷ ᠭᠦᠳᠡᠷ ᠭᠦᠷᠡᠩ ᠤᠨ ᠶᠢᠠᠨ \ᠭᠦᠵᠦᠭᠦᠨ ᠳᠡᠭᠡᠷ᠎ᠡ ᠨᠢ ᠦᠰᠦᠯ᠎ᠠ ᠪᠢ \ᠭᠦᠭ᠍ᠰᠢᠨ ᠪᠣᠭᠤᠷᠤᠯ ᠡᠵᠢ ᠶᠢᠨ ᠶᠢᠠᠨ \ᠡᠪᠦᠷ ᠳᠡᠭᠡᠷ᠎ᠡ ᠨᠢ ᠦᠰᠦᠯ᠎ᠠ ᠪᠢ ᠭᠡᠵᠤ ᠭᠢᠷᠭᠢᠰᠲ᠋ᠠᠨ ᠤ《ᠰᠠᠷᠲ᠋ ᠬᠠᠯᠢᠮᠠᠭᠴᠤᠳ》 ᠯᠤᠭ᠎ᠠ ᠠᠳᠠᠯᠢᠬᠠᠨ ᠠᠶᠠᠰ ᠶᠢᠡᠷ ᠳᠠᠭᠤᠯᠠᠳᠠᠭ ᠪᠠᠢ᠌ᠨ᠎ᠠ᠃ 《ᠰᠠᠷᠲ᠋ ᠬᠠᠯᠢᠮᠠᠭᠴᠤᠳ》 ᠪᠠᠰᠠ ᠨᠤᠵᠠᠨ ᠬᠠᠯᠳᠠᠷ ᠮᠤᠷᠢ ᠨᠢ \ᠨᠤᠭᠳᠤ ᠳᠤ ᠪᠠᠨ ᠱᠠᠷᠭᠢᠨ᠎ᠠ \ᠨᠤᠶᠠᠨ ᠭᠡᠪ ᠪᠠᠷ ᠠᠭᠠᠰᠢᠭᠰᠠᠨ \ᠮᠠᠨ ᠤ ᠯᠠ ᠨᠠᠭᠠᠴᠤ ᠨᠡᠷ ᠪᠢᠯᠠ ᠯᠠ \ᠬᠠᠱᠢᠩ ᠬᠠᠯᠳᠠᠷ ᠮᠤᠷᠢ ᠨᠢ \ᠬᠠᠵᠠᠭᠠᠷ ᠶᠢᠡᠨ ᠳᠠᠭᠠᠭᠠᠤᠨ ᠱᠠᠷᠭᠢᠨ᠎ᠠ \ᠮᠠᠨ ᠤ ᠨᠠᠭᠠᠴᠤ ᠣᠢ᠌ᠷᠠᠳᠴᠤ ᠪᠠᠢ᠌ᠨ᠎ᠠ \ᠵᠢᠭᠡ ᠪᠠᠨ ᠥᠵᠡᠭᠡᠳ ᠵᠢᠷᠭᠠᠨ᠎ᠠ ᠭᠡᠵᠤ ᠳᠠᠭᠤᠯᠠᠵᠤ ᠪᠠᠢ᠌ᠬᠤ ᠳᠤ᠂ ᠮᠤᠩᠭ᠋ᠤᠯᠭᠦᠷᠢᠶ᠎ᠡ ᠶᠢᠨ ᠦᠭᠡᠯᠡᠳᠴᠦᠳ ᠄ ᠨᠤᠵᠠᠨ ᠬᠠᠯᠳᠠᠷ ᠮᠤᠷᠢ ᠨᠢ \ᠨᠤᠭᠳᠤ ᠳᠤ ᠪᠠᠨ ᠱᠠᠷᠭᠢᠨ᠎ᠠ \ᠨᠤᠶᠠᠷᠬᠠᠭ ᠪᠠᠢ᠌ᠳᠠᠯ ᠲᠡᠶ ᠳᠠᠨᠠᠷ ᠲᠤ \ᠣᠬᠠᠭᠠᠨ ᠤ ᠰᠢᠠᠵᠢ ᠪᠠᠢ᠌ᠳᠠᠭ ᠪᠣᠢ ᠭᠡᠵᠤ ᠳᠠᠭᠤᠯᠠᠳᠠᠭ ᠪᠠᠢ᠌ᠨ᠎ᠠ᠃ 《ᠰᠠᠷᠲ᠋ ᠬᠠᠯᠢᠮᠠᠭᠴᠤᠳ》 ᠪᠠᠰᠠ ᠄ ᠬᠠᠮᠪᠣ ᠶᠢᠨ ᠦᠨᠳᠦᠷ ᠮᠤᠳᠤᠨ ᠳᠤ \ᠬᠠᠪᠣᠷ ᠤᠨ ᠨᠠᠷᠠᠨ ᠳᠤᠰᠤᠨ᠎ᠠ ᠪᠣᠢ \ᠬᠠᠮᠠᠷᠯᠠᠵᠤ ᠰᠠᠭᠤᠭᠰᠠᠨ ᠳᠠᠨ ᠳᠤ ᠪᠠᠨ \ᠵᠢᠷᠭᠠᠬᠤ ᠶᠢᠨ ᠮᠠᠠᠳᠤ ᠪᠣᠯᠳᠤᠭᠠᠢ \ᠦᠷ ᠤᠨ ᠦᠨᠳᠦᠷ ᠮᠤᠳᠤᠨ ᠳᠤ \ᠥᠷᠦᠭ᠌ ᠠᠯᠢᠮ᠎ᠠ ᠣᠷᠭᠤᠨ᠎ᠠ ᠯᠠ \ᠦᠨᠳᠦᠷ ᠦᠵᠤᠩ ᠳᠠᠨ ᠳᠤ ᠪᠠᠨ \ᠵᠢᠷᠭᠠᠬᠤ ᠶᠢᠨ ᠮᠠᠠᠳᠤ ᠪᠣᠯᠳᠤᠭᠠᠢ ᠭᠡᠵᠤ ᠳᠠᠭᠤᠯᠠᠵᠤ ᠪᠠᠢ᠌ᠬᠤ ᠳᠤ᠂ ᠮᠤᠩᠭ᠋ᠤᠯᠭᠦᠷᠢᠶ᠎ᠡ ᠳᠤ ᠳᠤᠰ ᠳᠠᠭᠤᠤ ᠶᠢ ᠭᠦᠷᠭᠡᠨ ᠭᠦᠪᠠᠭᠦᠨ ᠡᠴᠡ ᠬᠠᠳᠠᠮ ᠤᠨ ᠳᠠᠯ᠎ᠠ ᠶᠢᠨ ᠭᠦᠮᠦᠰ ᠲᠤ ᠳᠠᠭᠤᠯᠠᠬᠤ ᠳᠠᠭᠤᠤ ᠭᠡᠵᠤ ᠡᠪᠦᠭᠡᠳ ᠭᠡᠯᠡᠵᠤ ᠪᠠᠢ᠌ᠨ᠎ᠠ᠃

ᠡᠭᠦᠨ ᠡᠴᠡ ᠭᠠᠳᠠᠨ᠎ᠠ᠂ 《ᠰᠠᠷᠲ᠋ ᠬᠠᠯᠢᠮᠠᠭᠴᠤᠳ》 ᠳᠤᠤᠷᠠᠭᠢ ᠮᠠᠳᠤ ᠶᠢᠨ ᠱᠤᠤᠱᠳᠠᠷ ᠳᠠᠭᠤᠤ ᠶᠢ ᠳᠠᠭᠤᠯᠠᠳᠠᠭ ᠪᠠᠢ᠌ᠨ᠎ᠠ ᠄ ᠰᠢᠷᠢᠳᠡᠭ᠌ ᠶᠢᠠᠨ ᠳᠠᠪᠢᠰ ᠳᠠ \ᠰᠠᠭᠤᠭᠠᠤᠨ ᠮᠤᠷᠳᠠᠶ᠎ᠠ \ᠰᠢᠭᠢᠷ ᠢ ᠪᠠᠨ ᠳᠠᠯᠪᠢ ᠳᠠ \ᠢᠳᠡᠭᠡᠳ ᠮᠤᠷᠳᠠᠶ᠎ᠠ \ᠪᠣᠷᠤ ᠶᠢ ᠪᠠᠨ ᠳᠤᠬ᠎ᠠ ᠳᠠ \ᠣᠨᠤᠭᠠᠤᠨ ᠮᠤᠷᠳᠠᠶ᠎ᠠ \ᠪᠣᠯᠵᠤᠭ᠎ᠠ ᠪᠠᠨ ᠭᠡᠯᠡ ᠳᠠ \ᠰᠤᠨᠤᠰᠤᠭᠠᠤᠨ ᠮᠤᠷᠳᠠᠶ᠎ᠠ \ᠬᠠᠷ᠎ᠠ ᠶᠢ ᠪᠠᠨ ᠳᠤᠬ᠎ᠠ ᠳᠠ \ᠣᠨᠤᠭᠠᠤᠨ ᠮᠤᠷᠳᠠᠶ᠎ᠠ \ᠬᠠᠯᠬ᠎ᠠ ᠶᠢ ᠪᠠᠨ ᠳᠤᠰᠤ ᠳᠠ \ᠱᠤᠪᠱᠤᠭᠠᠤᠨ ᠮᠤᠷᠳᠠᠶ᠎ᠠ ᠭᠡᠵᠤ ᠪᠠᠢ᠌ᠬᠤ ᠳᠤ᠂ ᠬᠤᠶᠠᠳᠤᠭᠠᠷ ᠳᠠᠭᠤᠨ ᠳᠤ ᠄ ᠪᠠᠬ᠎ᠠ ᠲᠡᠶ ᠠᠢ᠌ᠯ ᠤᠨ ᠪᠠᠶᠠᠴᠤᠳ ᠤᠨ \ᠬᠡᠦᠬᠡᠳ ᠶᠠᠭᠠᠭᠢᠨ᠎ᠠ ᠭᠡᠨ᠎ᠡ ᠯᠠ \ᠪᠠᠶᠠᠷᠯᠠᠭᠠᠤᠨ ᠯᠠ ᠨᠠᠮᠤᠳᠠᠭᠠᠤᠨ ᠯᠠ \ᠶᠠᠪᠣᠳᠠᠭ ᠭᠡᠨ᠎ᠡ ᠯᠠ \ᠡᠮᠡᠭᠡᠯᠳᠡᠢ ᠯᠠ ᠬᠠᠵᠠᠭᠠᠷᠳᠠᠢ ᠯᠠ \ᠮᠤᠷᠢᠨ ᠶᠠᠭᠠᠭᠢᠨ᠎ᠠ ᠭᠡᠨ᠎ᠡ ᠯᠠ \ᠮᠠᠨ ᠤ ᠡᠵᠡᠨ ᠭᠦᠷᠳᠡᠭ᠌ ᠰᠠᠨ ᠢᠷᠡᠳᠡᠭ᠌ ᠪᠢᠯᠠ ᠭᠡᠨ᠎ᠡ ᠯᠠ ᠭᠡᠵᠤ ᠪᠠᠢ᠌ᠨ᠎ᠠ᠃ ᠡᠭᠦᠨ ᠡᠴᠡ ᠦᠵᠡᠪᠠᠯ᠂ 《ᠰᠠᠷᠲ᠋ ᠬᠠᠯᠢᠮᠠᠭᠴᠤᠳ》 ᠊ᠤᠨ ᠳᠠᠭᠤᠯᠠᠭᠰᠠᠨ ᠳᠠᠭᠤᠨ ᠤ ᠥᠭᠡ ᠨᠢ ᠭᠡᠰᠡᠭ᠌ ᠪᠣᠰᠠᠭ ᠪᠠᠢ᠌ᠪᠠᠴᠤ ᠳᠠᠭᠤᠨ ᠤ ᠠᠶᠠᠰ ᠨᠢ ᠶᠠᠭ ᠠᠳᠠᠯᠢᠬᠠᠨ ᠪᠠᠢ᠌ᠨ᠎ᠠ᠃

ᠡ᠊ᠨᠳᠡ 2007 ᠣᠨ ᠳᠤ ᠭᠢᠷᠭᠢᠰᠲ᠋ᠠᠨ ᠤ ᠳᠸᠯᠸᠢᠰ ᠬᠤᠷᠢᠶ᠎ᠠ ᠡᠴᠡ ᠰᠡᠭᠦᠳᠡᠷᠯᠡᠵᠤ ᠮᠡᠳᠡᠭᠯᠡᠭ᠍ᠰᠡᠨ 《ᠤᠤᠭᠤᠯᠢ ᠨᠤᠳᠤᠭ ᠤᠨ ᠭᠦᠮᠦᠰ》 ᠭᠡᠭᠦ ᠭᠠᠷᠴᠠᠭ ᠲᠡᠶ《ᠰᠠᠷᠲ᠋ ᠬᠠᠯᠢᠮᠠᠭ》 ᠊ᠤᠨ ᠣᠤᠠᠬ᠎ᠠ ᠣᠷᠠᠯᠢᠭ᠂ ᠰᠤᠶᠤᠯ᠂ ᠳᠡᠦᠭᠡ᠂ ᠠᠮᠢᠳᠤᠷᠠᠯ᠂ ᠱᠠᠰᠢᠨ ᠰᠢᠳᠦᠯᠭᠡ ᠶᠢ ᠳᠤᠰᠬᠠᠭᠰᠠᠨ DVD ᠴᠡᠯᠪᠠᠭ᠌ ᠤᠨ ᠠᠭᠤᠯᠭ᠎ᠠ ᠶᠢ ᠳᠦᠭᠦᠮ ᠳᠠᠨᠢᠯᠴᠠᠭᠤᠯᠪᠠᠯ᠂ ᠳᠤᠰ ᠴᠡᠯᠪᠠᠭ᠌ ᠲᠤ ᠣᠷᠢᠳᠠᠪᠠᠷ ᠡᠳᠡᠭᠡᠷ 《ᠰᠡᠷᠲ᠋ ᠬᠠᠯᠢᠮᠠᠭ》 ᠊ᠤᠨ ᠢᠷᠠᠵᠤ ᠰᠠᠭᠤᠷᠢᠰᠢᠭᠰᠠᠨ ᠣᠨ ᠵᠢᠯ ᠢ 1867 ᠣᠨ ᠡᠴᠡ 1882 ᠣᠨ ᠤ ᠬᠤᠭᠤᠷᠤᠠᠳᠤ ᠳᠤᠮᠳᠠᠳᠤ ᠣᠯᠤᠰ ᠤᠨ ᠰᠢᠠᠵᠢᠶᠠᠩ ᠤᠨ ᠦᠷᠦᠮᠴᠢ ᠬᠤᠳᠠ (ᠶᠠᠭᠤᠨ ᠳᠤ ᠦᠷᠦᠮᠴᠢ ᠭᠡᠵᠤ ᠭᠡᠯᠡᠭ᠍ᠰᠡᠨ ᠨᠢ ᠰᠤᠳᠤᠯᠬᠤ ᠭᠡᠷᠡᠭ᠍ᠳᠡᠢ ᠪᠠᠢ᠌ᠨ᠎ᠠ)᠂ ᠳᠡᠭᠡᠰ ᠡᠴᠡ ᠢᠷᠠᠪᠠ ᠭᠡᠵᠤ ᠳᠦᠭᠦᠮ ᠭᠡᠯᠡᠭ᠍ᠰᠡᠨ ᠢ ᠬᠣᠢ᠌ᠰᠢ ᠵᠠᠯᠭᠠᠭᠠᠤᠨ ᠄

ᠨᠢᠭᠡᠳᠦᠭᠡᠷ ᠭᠡᠰᠡᠭ᠌ ᠥᠵᠡᠭ᠍ᠳᠡᠯ ᠳᠤ ᠄ 《ᠰᠠᠷᠲ᠋ ᠬᠠᠯᠢᠮᠠᠭ》 ᠊ᠤᠨ ᠬᠤᠷᠢᠮ ᠤᠨ ᠶᠤᠰᠤᠯᠠᠯ ᠶᠢᠡᠷ ᠳᠠᠮᠵᠢᠭᠠᠤᠨ᠂ ᠳᠠᠳᠠᠨ ᠤ ᠴᠠᠢ ᠭᠢᠭᠦ ᠬᠤᠭᠤᠯᠠ ᠪᠡᠯᠡᠳᠭᠡᠭᠦ ᠶᠤᠰᠤᠨ ᠶᠠᠪᠣᠳᠠᠯ᠂ ᠪᠠᠷᠢ ᠮᠥᠷᠭᠦᠭᠦᠯᠭᠦ ᠶᠤᠰᠤᠨ ᠶᠠᠪᠣᠳᠠᠯ ᠪᠠ ᠳᠠᠳᠠᠨ ᠤ ᠢᠷᠦᠭᠡᠯ ᠳᠠᠯᠪᠢᠵᠤ ᠪᠠᠢ᠌ᠬᠤ ᠪᠠᠢ᠌ᠳᠠᠯ ᠥᠵᠡᠭ᠍ᠳᠡᠯ ᠶᠢᠡᠷ ᠳᠠᠮᠵᠢᠭᠤᠯᠵᠤ᠂ ᠳᠠᠳᠠᠨ ᠤ ᠶᠤᠰᠤᠨ ᠶᠠᠪᠣᠳᠠᠯ ᠤᠨ ᠶᠡᠭᠡᠩᠭᠢ ᠨᠢ ᠭᠢᠷᠭᠢᠰ ᠤᠨ ᠶᠤᠰᠤ ᠯᠤᠭ᠎ᠠ ᠠᠳᠠᠯᠢ ᠪᠠᠢ᠌ᠨ᠎ᠠ ᠭᠡᠵᠤ᠂ ᠴᠠᠢ ᠳᠠᠪᠠᠭᠯᠠᠬᠤ ᠳᠤ ᠪᠠᠨ ᠴᠥᠦᠭᠦᠨ ᠳᠤ ᠨᠢᠭᠡ ᠯᠠ ᠣᠳᠠᠭ᠎ᠠ ᠭᠢᠵᠤ ᠳᠠᠪᠠᠭᠯᠠᠬᠤ ᠨᠢ 《ᠰᠠᠷᠲ᠋ ᠬᠠᠯᠢᠮᠠᠭ》 ᠊ᠤᠨ ᠣᠠᠴᠠᠭᠠᠢ ᠶᠤᠰᠤᠨ ᠭᠡᠵᠤ ᠭᠡᠯᠡᠭ᠍ᠰᠡᠨ ᠪᠠᠢ᠌ᠨ᠎ᠠ᠃

ᠬᠤᠶᠠᠳᠤᠭᠠᠷ ᠭᠡᠰᠡᠭ᠌ ᠥᠵᠡᠭ᠍ᠳᠡᠯ ᠳᠤ ᠄ ᠳᠠᠭᠤᠤ ᠭᠦᠭ᠍ᠵᠢᠮ ᠤᠨ ᠪᠠᠭᠰᠢ ᠪᠣᠯᠬᠤ ᠳ᠋ᠠᠨᠢᠯᠠᠢ ᠢᠯᠢᠶᠠᠽᠤᠪ ᠤᠨ ᠭᠢᠭ᠍ᠰᠡᠨ ᠠᠵᠢᠯ ᠣᠢ᠌ᠯᠠᠰ ᠢ ᠳᠠᠨᠢᠯᠴᠠᠭᠤᠯᠵᠤ᠂ 60 ᠰᠢᠬᠠᠭᠤ ᠳᠠᠭᠤᠨ ᠤ ᠰᠢᠩᠭᠢᠭᠡᠯᠳᠡ ᠳᠤᠳᠤᠷ᠎ᠠ 10 ᠳᠠᠭᠤᠤ ᠨᠢ 《ᠰᠠᠷᠲ᠋ ᠬᠠᠯᠢᠮᠠᠭ》 (ᠮᠤᠩᠭ᠋ᠤᠯ ᠭᠡᠯᠡ) ᠭᠡᠯᠡ ᠪᠠᠷ ᠳᠠᠭᠤᠯᠠᠭᠰᠠᠨ ᠳᠠᠭᠤᠤ ᠪᠣᠯᠬᠤ ᠶᠢ ᠳᠠᠨᠢᠯᠴᠠᠭᠤᠯᠪᠠ᠃

ᠭᠤᠷᠪᠠᠳᠤᠭᠠᠷ ᠭᠡᠰᠡᠭ᠌ ᠥᠵᠡᠭ᠍ᠳᠡᠯ ᠳᠤ ᠄ ᠳᠤᠷᠭᠠᠠᠪᠧᠺᠢ ᠢᠰᠠᠶᠤᠤ ᠭᠡᠳᠡᠭ᠌ 《ᠰᠡᠷᠲ᠋ ᠬᠠᠯᠢᠮᠠᠭ》 ᠡᠪᠦᠭᠡᠨ ᠢ ᠳᠠᠨᠢᠯᠴᠠᠭᠤᠯᠪᠠ᠃ ᠳᠠᠷᠠ ᠡᠪᠦᠭᠡᠨ ᠡᠨᠡ ᠵᠢᠯ 80 ᠨᠠᠰᠤᠳᠠᠢ ᠪᠠᠢ᠌ᠵᠤ᠂ ᠴᠸᠯᠫᠧᠺ ᠳᠤᠰᠬᠤᠨ ᠤ ᠭᠦᠮᠤᠨ᠂ ᠳᠡᠭᠦᠨ ᠤ ᠡᠴᠢᠭᠡ ᠨᠢ 1967 ᠣᠨ ᠳᠤ 84 ᠨᠠᠰᠤᠳᠠᠢ ᠳᠤ ᠪᠠᠨ ᠨᠠᠰᠤ ᠪᠠᠷᠠᠵᠠᠢ᠃ ᠳᠠᠷᠠ ᠡᠪᠦᠭᠡᠨ ᠭᠡᠯᠡᠭ᠍ᠰᠡᠨ ᠨᠢ ᠄ ᠮᠢᠨᠤ ᠡᠴᠢᠭᠡ ᠨᠠᠷᠠᠳᠠᠢ ᠳᠤᠪᠰᠢᠭᠤᠷᠴᠢ ᠭᠦᠮᠤᠨ ᠪᠠᠢ᠌ᠭᠰᠠᠨ᠂ ᠨᠢᠭᠡ ᠵᠣᠢ᠌ᠯ ᠤᠨ ᠠᠶᠠᠰ ᠢ ᠳᠠᠪᠳᠠᠵᠤ ᠭᠦᠭ᠍ᠵᠢᠮᠳᠡᠭᠦ ᠦᠭᠡᠶ ᠪᠠᠷ ᠦᠷ ᠴᠠᠢ᠌ᠳᠠᠯ᠎ᠠ ᠳᠤᠪᠰᠢᠭᠤᠷ ᠭᠦᠭ᠍ᠵᠢᠮᠳᠡᠳᠡᠭ᠌ ᠭᠦᠮᠤᠨ ᠪᠠᠢ᠌ᠯ᠎ᠠ ᠭᠡᠵᠤ ᠭᠡᠯᠡᠭᠡᠳ᠂ ᠦᠪᠡᠷ ᠶᠢᠡᠨ《ᠪᠦᠮᠪᠦᠷᠵᠡᠨ》 ᠭᠡᠳᠡᠭ᠌ ᠳᠠᠭᠤᠨ ᠤ ᠨᠢᠭᠡ ᠪᠠᠳᠠᠭ ᠢ ᠳᠤᠪᠰᠢᠭᠤᠷᠳᠠᠵᠤ ᠳᠠᠭᠤᠯᠠᠪᠠ᠃ ᠳᠠᠷᠠ ᠡᠪᠦᠭᠡᠨ ᠳᠤᠪᠰᠢᠭᠤᠷ ᠶᠢᠡᠨ ᠳᠠᠨᠢᠯᠴᠠᠭᠤᠯᠵᠤ ᠭᠡᠯᠡᠭᠦ ᠳᠡᠭᠡᠨ ᠄ ᠮᠤᠩᠭ᠋ᠤᠯ ᠳᠤᠪᠰᠢᠭᠤᠷ ᠢ ᠠᠭᠤᠯᠠ ᠶᠢᠨ ᠨᠠᠷᠠᠯᠠᠭ ᠳᠠᠯ᠎ᠠ ᠶᠢᠨ ᠬᠠᠷᠭᠠᠢ ᠮᠤᠳᠤ ᠪᠠᠷ ᠭᠢᠳᠡᠭ᠌᠂ ᠡᠢ᠌ᠮᠤ ᠳᠤᠪᠰᠢᠭᠤᠷ ᠢ ᠭᠦᠭ᠍ᠵᠢᠮᠳᠡᠵᠤ ᠭᠡᠷᠡᠭᠯᠡᠵᠤ ᠪᠠᠢ᠌ᠭ᠎ᠠ ᠭᠦᠮᠤᠨ ᠦᠭᠡᠶ ᠪᠣᠯᠵᠤ ᠪᠠᠢ᠌ᠨ᠎ᠠ᠂ ᠪᠢ ᠨᠢᠭᠡᠨᠲᠡ 80 ᠭᠦᠷᠦᠯ᠎ᠡ᠂ ᠨᠠᠮ᠎ᠠ ᠶᠢ ᠥᠭᠦᠭ᠍ᠰᠡᠨ ᠡᠴᠡ ᠬᠣᠢ᠌ᠰᠢ ᠳᠤᠪᠰᠢᠭᠤᠷ ᠢ ᠭᠦᠭ᠍ᠵᠢᠮᠳᠡᠵᠤ ᠴᠢᠳᠠᠬᠤ ᠭᠦᠮᠤᠨ ᠭᠡᠵᠤ ᠠᠯᠠᠭ᠎ᠠ ᠪᠣᠯᠤᠨ᠎ᠠ ᠭᠡᠵᠤ ᠭᠡᠯᠡᠭ᠍ᠰᠡᠨ ᠪᠦᠭᠡᠳ ᠣᠷᠢᠳᠠ ᠳᠤᠪᠰᠢᠭᠤᠷ ᠤᠨ ᠠᠶᠠᠰ ᠲᠤ ᠪᠢ᠌᠌ᠯᠡᠳᠡᠭ᠌ ᠭᠦᠮᠦᠰ ᠪᠠᠢ᠌ᠭᠰᠠᠨ᠂ ᠳᠡᠳᠡᠭᠡᠷ ᠭᠦᠮᠦᠰ ᠡᠴᠡ ᠨᠢᠭᠡ ᠴᠤ ᠭᠦᠮᠤᠨ ᠥᠯᠡᠳᠡᠭ᠍ᠰᠡᠨ ᠦᠭᠡᠶ ᠭᠡᠵᠤ ᠬᠠᠷᠠᠮᠰᠠᠨ ᠭᠡᠯᠡᠵᠤ ᠪᠠᠢ᠌ᠯ᠎ᠠ᠂ ᠡᠨᠡ ᠦᠶ᠎ᠡ ᠳᠤ ᠨᠢᠭᠡ ᠡᠮᠡᠭ᠍ᠳᠡᠢ ᠭᠦᠮᠤᠨ ᠣᠷᠤᠵᠤ ᠢᠷᠡᠭᠡᠳ ᠳᠤᠷᠭᠠᠠᠪᠧᠺᠢ ᠢᠰᠠᠶᠤᠤ ᠯᠤᠭ᠎ᠠ ᠮᠤᠩᠭ᠋ᠤᠯ ᠭᠡᠯᠡ ᠪᠠᠷ ᠮᠠᠠᠳᠤᠯᠴᠠᠪᠠ᠂ ᠡᠪᠦᠭᠡᠨ ᠄ ᠴᠢ ᠬᠠᠮᠢᠭ᠎ᠠ ᠡᠴᠡ ᠢᠷᠠᠪᠠ︖ ᠡᠮᠡᠭ᠍ᠳᠡᠢ ᠄ ᠪᠢ ᠭᠡᠷ ᠲᠡᠭᠡᠨ ᠪᠠᠢ᠌ᠯ᠎ᠠ᠂ ᠨᠠᠮ᠎ᠠ ᠶᠢ ᠳᠠᠭᠤᠳᠠᠪᠠ ᠭᠡᠭᠦ ᠮᠠᠳᠤ ᠪᠠᠷ ᠮᠤᠩᠭ᠋ᠤᠯ ᠶᠢᠡᠷ ᠭᠡᠳᠤᠨ ᠠᠮᠠᠨ ᠥᠭᠡ ᠭᠡᠯᠡᠳᠡᠭ᠌᠂ ᠳᠤᠰ ᠡᠮᠡᠭ᠍ᠳᠡᠢ ᠶᠢᠨ ᠨᠠᠷ᠎ᠠ ᠪᠣᠯ ᠮᠠᠭᠠᠷᠢᠫᠠ ᠣᠰᠤᠮᠠᠠᠪᠠᠶ‍ᠢ ᠭᠡᠳᠡᠭ᠌᠂ ᠳᠤᠰ ᠡᠪᠦᠭᠡᠨ ᠳᠤ ᠵᠢᠭᠡ ᠦᠬᠢᠨ ᠨᠢ ᠪᠠᠢ᠌ᠵᠠᠢ᠂ ᠨᠠᠭᠠᠴᠤ ᠡᠮᠡᠭᠡ ᠶᠢᠨ ᠶᠢᠠᠨ ᠭᠠᠷ ᠲᠤ ᠦᠰᠴᠤ ᠮᠤᠩᠭ᠋ᠤᠯ ᠭᠡᠯᠡ ᠲᠡᠶ ᠪᠣᠯᠤᠭᠰᠠᠨ ᠪᠠᠢ᠌ᠨ᠎ᠠ᠂ ᠨᠠᠭᠠᠴᠤ ᠡᠪᠦᠭᠡ ᠨᠢ ᠳᠤᠪᠰᠢᠭᠤᠷ ᠭᠦᠭ᠍ᠵᠢᠮᠳᠡᠵᠤ ᠵᠢᠭᠡ ᠦᠬᠢᠨ ᠨᠢ ᠮᠤᠩᠭ᠋ᠤᠯ ᠭᠡᠯᠡ ᠪᠠᠷ ᠄ ᠰᠠᠭᠯᠠᠭᠠᠷ ᠰᠠᠭᠯᠠᠭᠠᠷ ᠮᠤᠳᠤᠨ ᠳᠤ ᠱᠠᠭᠠᠵᠠᠭᠠᠢ ᠶᠠᠭᠤᠨ ᠳᠠᠭᠠᠨ ᠴᠤᠭᠯᠠᠷᠠᠳᠠᠭ ᠪᠣᠢ ᠱᠠᠭᠠᠵᠠᠭᠠᠢ ᠶᠢᠨ ᠠᠯᠠᠭ ᠨᠢᠳᠤᠨ ᠡᠴᠡ ᠨᠢᠯᠪᠣᠰᠤᠨ ᠶᠠᠭᠤᠨ ᠳᠤ ᠠᠰᠬᠠᠷᠠᠳᠠᠭ ᠪᠣᠢ ᠪᠣᠭᠢᠷ ᠪᠣᠭᠢᠷ ᠮᠤᠳᠤᠨ ᠳᠤ ᠪᠦᠷᠭᠦᠤᠨ ᠶᠠᠭᠤᠨ ᠳᠤ ᠴᠤᠭᠯᠠᠷᠠᠨ᠎ᠠ \ᠪᠦᠷᠭᠦᠤᠨ ᠤᠨ ᠠᠯᠠᠭ ᠨᠢᠳᠤᠨ ᠡᠴᠡ ᠨᠢᠯᠪᠣᠰᠤᠨ ᠶᠠᠭᠤᠨ ᠳᠤ ᠠᠰᠬᠠᠷᠠᠳᠠᠭ ᠪᠣᠢ ᠭᠡᠵᠤ ᠬᠤᠶᠠᠷ ᠪᠠᠳᠠᠭ ᠳᠠᠭᠤᠤ ᠳᠠᠭᠤᠯᠠᠳᠠᠭ᠃ ᠵᠠᠯᠭᠠᠭᠠᠤᠨ ᠡᠪᠦᠭᠡᠨ ᠳᠤᠷᠭᠠᠠᠪᠧᠺᠢ ᠢᠰᠠᠶᠤᠤ ᠳᠤᠪᠰᠢᠭᠤᠷ ᠲᠤ ᠪᠠᠨ《ᠰᠠᠪᠠᠷᠳᠠᠩ》 ᠊ᠤᠨ ᠠᠶᠠᠰ ᠢ ᠭᠦᠭ᠍ᠵᠢᠮᠳᠡᠵᠤ᠂ ᠳᠤᠪᠰᠢᠭᠤᠤᠷ ᠤᠨ ᠠᠶᠠᠰ ᠲᠤ ᠶᠠᠭᠠᠭᠢᠵᠤ ᠶᠠᠭᠠᠭᠢᠵᠤ ᠪᠢ᠌᠌ᠯᠡᠳᠡᠭ᠌ ᠤᠨ ᠳᠤᠬᠠᠢ ᠳᠠᠢ᠌ᠯᠪᠣᠷᠢᠯᠠᠨ ᠭᠡᠯᠡᠵᠤ᠂ ᠣᠭ ᠲᠠᠭᠠᠨ ᠭᠡᠨ ᠭᠡᠨ ᠭᠡᠳᠡᠭ᠌ ᠨᠠᠷ᠎ᠠ ᠲᠡᠶ ᠭᠦᠮᠤᠨ ᠪᠢ᠌᠌ᠯᠠᠵᠤ ᠪᠠᠢ᠌ᠭᠰᠠᠨ ᠪᠠ ᠣᠳᠤ ᠮᠤᠩᠭ᠋ᠤᠯ ᠪᠢ᠌ (ᠪᠦᠵᠢᠭ᠌) ᠪᠢ᠌᠌ᠯᠡᠳᠡᠭ᠌ ᠭᠦᠮᠤᠨ ᠦᠭᠡᠶ ᠪᠣᠯᠤᠭᠰᠠᠨ ᠢ ᠶᠠᠷᠢᠪᠠ᠃

ᠳᠦᠷᠪᠠᠳᠦᠭᠡᠷ ᠥᠵᠡᠭ᠍ᠳᠡᠯ ᠳᠤ ᠄ ᠭᠢᠷᠭᠢᠰᠲ᠋ᠠᠨ ᠳᠤ ᠪᠠᠢ᠌ᠬᠤ 《ᠰᠠᠷᠲ᠋ ᠬᠠᠯᠢᠮᠠᠭ》 ᠦᠭᠡᠯᠡᠳᠴᠦᠳ ᠤᠨ ᠠᠵᠤ ᠠᠬᠤᠢ ᠶᠢᠨ ᠪᠠᠢ᠌ᠳᠠᠯ ᠡᠴᠡ ᠳᠠᠨᠢᠯᠴᠠᠭᠤᠯᠪᠠ᠃

ᠳᠠᠪᠣᠳᠤᠭᠠᠷ ᠥᠵᠡᠭ᠍ᠳᠡᠯ ᠳᠤ ᠄ ᠸᠢᠺᠲ᠋ᠤᠷ ᠠᠵᠢ ᠮᠠᠠᠰᠤᠷᠤᠪ ᠭᠡᠳᠡᠭ᠌ ᠳᠡᠦᠭᠡ ᠰᠤᠶᠤᠯ ᠰᠤᠳᠤᠯᠳᠠᠭ ᠭᠦᠮᠤᠨ ᠢ ᠳᠠᠨᠢᠯᠴᠠᠭᠤᠯᠵᠤ᠂ ᠳᠡᠭᠦᠨ ᠤ ᠴᠤᠭᠯᠠᠭᠤᠯᠠᠭᠰᠠᠨ 《ᠰᠠᠷᠲ᠋ ᠬᠠᠯᠢᠮᠠᠭ》 ᠊ᠤᠨ ᠳᠤᠬᠠᠢ ᠠᠷᠪᠢᠨ ᠣᠯᠠᠨ ᠮᠠᠲ᠋ᠸᠷᠢᠶᠠᠯ ᠢ ᠥᠵᠡᠭᠦᠯᠡᠭ᠍ᠰᠡᠨ ᠪᠦᠭᠡᠳ ᠭᠡᠷ ᠲᠤ ᠪᠠᠨ《ᠰᠠᠷᠲ᠋ ᠬᠠᠯᠢᠮᠠᠭ》 ᠊ᠤᠨ ᠳᠤᠬᠠᠢ ᠮᠦᠽᠧᠢ ᠭᠠᠷᠭᠠᠬᠤ ᠪᠠᠷ ᠪᠠᠢ᠌ᠬᠤ ᠶᠢ ᠶᠠᠷᠢᠵᠤ᠂ ᠨᠠᠰᠤᠠᠪᠠᠳᠤ ᠭᠡᠳᠡᠭ᠌ ᠭᠦᠮᠤᠨ ᠤ ᠪᠢᠴᠢᠵᠤ ᠳᠤᠳᠠᠭᠤ ᠥᠯᠡᠳᠡᠭᠡᠭ᠍ᠰᠡᠨ 《ᠰᠠᠷᠲ᠋ ᠬᠠᠯᠢᠮᠠᠭ》 ᠭᠡᠯᠡᠨ ᠤ ᠥᠭᠡᠰ ᠤᠨ ᠳᠠᠢ᠌ᠯᠪᠣᠷᠢ ᠳᠡᠮᠳᠡᠭᠯᠡᠯ ᠢ ᠭᠦᠢᠴᠡᠳᠭᠡᠵᠤ ᠪᠠᠢ᠌ᠬᠤ ᠪᠠᠨ ᠳᠠᠨᠢᠯᠴᠠᠭᠤᠯᠪᠠ᠃ ᠳᠠᠷᠠ ᠭᠡᠯᠡᠭ᠍ᠰᠡᠨ ᠨᠢ ᠄ 《ᠪᠢᠳᠠ ᠤ ᠣᠭ ᠪᠣᠯ ᠬᠠᠯᠢᠮᠠᠭ ᠴᠢᠰᠤ ᠲᠡᠶ᠂ ᠣᠷᠤᠰ ᠤᠨ ᠠᠰᠲ᠋ᠠᠷᠬᠠᠨ ᠳᠤ ᠪᠠᠰᠠ ᠬᠠᠯᠢᠮᠠᠭᠴᠤᠳ ᠪᠣᠢ᠂ ᠪᠢᠳᠠ ᠳᠠᠳᠠᠨ ᠲᠡᠶ ᠠᠳᠠᠯᠢᠬᠠᠨ ᠬᠠᠯᠢᠮᠠᠭ᠂ ᠪᠢᠳᠠ ᠳᠠᠳᠠᠨ ᠡᠴᠡ ᠢᠯᠭᠠᠭᠳᠠᠬᠤ ᠣᠠᠴᠠᠭᠠᠢ ᠭᠠᠵᠠᠷ ᠪᠣᠯ ᠱᠠᠰᠢᠨ ᠰᠢᠳᠦᠯᠭᠡ ᠶᠢᠨ ᠢᠯᠭᠠᠭ᠎ᠠ ᠪᠣᠯᠤᠨ᠎ᠠ᠂ ᠠᠰᠲ᠋ᠠᠷᠬᠠᠨ ᠤ ᠬᠠᠯᠢᠮᠠᠭᠴᠤᠳ ᠪᠣᠳ᠋ᡁᡁᠨ ᠶᠢᠨ ᠱᠠᠰᠢᠨ ᠢ ᠰᠢᠳᠤᠨ᠎ᠠ᠂ ᠪᠢᠳᠠᠨ ᠢᠰᠯᠠᠮ ᠱᠠᠰᠢᠨ ᠰᠢᠳᠦᠯᠭᠡ ᠲᠡᠶ᠂ ᠪᠢᠳᠠᠨ ᠤ ᠠᠮᠢᠳᠤᠷᠠᠯ ᠥᠭᠡ ᠭᠡᠯᠡ ᠰᠤᠶᠤᠯ ᠤᠨ ᠳᠠᠯ᠎ᠠ ᠪᠠᠷ᠂ ᠱᠠᠰᠢᠨ ᠤ ᠳᠠᠯ᠎ᠠ ᠪᠠᠷ ᠭᠢᠷᠭᠢᠰ ᠲᠡᠶ ᠠᠳᠠᠯᠢᠬᠠᠨ ᠪᠣᠯᠪᠠᠴᠤ ᠣᠠᠴᠠᠭᠠᠢ ᠡᠯᠧᠮᠧᠨ᠋ᠲ ᠪᠠᠷ ᠪᠠᠨ ᠳᠠᠳᠠᠨ ᠡᠴᠡ ᠪᠠᠰᠠ ᠢᠯᠭᠠᠭᠳᠠᠨ᠎ᠠ》 ᠭᠡᠪᠡ᠃

ᠳᠦᠷᠪᠡ᠂ ᠭᠢᠷᠭᠢᠰᠲ᠋ᠠᠨ ᠤ 《ᠰᠠᠷᠲ᠋ ᠬᠠᠯᠢᠮᠠᠭᠴᠤᠳ》 ᠶᠠᠮᠠᠷ ᠥᠰᠦᠭ᠌ ᠪᠢᠴᠢᠭ᠌ ᠭᠡᠷᠡᠭᠯᠡᠵᠤ ᠢᠷᠡᠭ᠍ᠰᠡᠨ ᠪᠣᠢ

1964 ᠣᠨ ᠳᠤ᠂ ᠠ᠊·ᠱ·ᠺᠢᠴᠢᠺᠦᠪ ᠳᠡᠮᠳᠡᠭᠯᠡᠭᠦ ᠳᠡᠭᠡᠨ ᠄ 《ᠭᠢᠷᠭᠢᠰ ᠳᠤ ᠪᠠᠢ᠌ᠬᠤ 〈ᠰᠠᠷᠲ᠋ ᠬᠠᠯᠢᠮᠠᠭ〉 ᠊ᠤᠨ ᠭᠡᠯᠡ ᠨᠢ ᠵᠦᠪᠭᠢᠨ ᠭᠡᠷ ᠬᠤᠭᠤᠷᠤᠠᠳᠤ ᠶᠢᠨ ᠭᠡᠯᠡ ᠪᠠ ᠶᠤᠰᠤᠨ ᠶᠠᠪᠣᠳᠠᠯ ᠤᠨ ᠬᠤᠭᠤᠷᠤᠠᠳᠤ ᠭᠡᠷᠡᠭᠯᠡᠭ᠍ᠳᠡᠭᠦ ᠭᠡᠯᠡ ᠪᠣᠯᠤᠭᠰᠠᠨ ᠪᠠᠢ᠌ᠨ᠎ᠠ᠂ ᠳᠠᠳᠠᠨ ᠨᠡᠢ᠌ᠭᠡᠮ ᠤᠨ ᠬᠠᠷᠢᠯᠴᠠᠭᠠᠨ ᠳᠤ ᠭᠢᠷᠭᠢᠰ ᠭᠡᠯᠡ ᠪᠠ ᠣᠷᠤᠰ ᠭᠡᠯᠡ ᠶᠢ ᠰᠠᠢ᠌ᠨ ᠭᠡᠯᠡᠨ᠎ᠡ᠂ ᠰᠤᠷᠭᠠᠨ ᠭᠦᠮᠦᠵᠢᠯ ᠳᠤ ᠰᠠᠷᠲ᠋ ᠬᠠᠯᠢᠮᠠᠭ ᠭᠡᠯᠡ ᠭᠡᠷᠡᠭᠯᠡᠭ᠍ᠳᠡᠭᠦ ᠦᠭᠡᠶ᠂ ᠢᠰᠰ‍ᠭᠠᠺᠦ᠋ᠯ ᠨᠠᠭᠤᠷ ᠤᠨ ᠬᠠᠯᠢᠮᠠᠭᠴᠤᠳ ᠡᠷᠳᠡ ᠳᠡᠭᠡᠷ᠎ᠡ ᠦᠶ᠎ᠡ ᠳᠤ [ᠲ᠋ᠤᠳᠤ ᠥᠰᠦᠭ᠌ ] ᠭᠡᠳᠡᠭ᠌ ᠥᠰᠦᠭ᠌ ᠭᠡᠷᠡᠭᠯᠡᠵᠤ ᠪᠠᠢ᠌ᠭᠰᠠᠨ ᠪᠠ ᠡᠭᠦᠨ ᠲᠡᠶ ᠵᠡᠷᠭᠡᠴᠡᠭᠦᠯᠤᠨ [ᠠᠷᠠᠪ ᠥᠰᠦᠭ᠌ ]ᠭᠡᠷᠡᠭᠯᠡᠵᠤ ᠪᠠᠢ᠌ᠭᠰᠠᠨ᠂ ᠳᠡᠭᠦᠨ ᠡᠴᠡ ᠬᠣᠢ᠌ᠰᠢ᠂ ᠺᠢᠷᠢᠯ ᠥᠰᠦᠭ᠌ ᠭᠡᠷᠡᠭᠯᠡᠪᠡ᠂ 1940 ᠣᠨ ᠳᠤ ᠺᠢᠷᠢᠯ ᠥᠰᠦᠭ᠌ ᠤᠨ ᠰᠠᠭᠤᠷᠢᠨ ᠳᠡᠭᠡᠷ᠎ᠡ ᠯᠠᠲ᠋ᠢᠨ ᠥᠰᠦᠭ᠌ ᠭᠡᠷᠡᠭᠯᠡᠪᠡ᠂ ᠣᠳᠤ ᠳᠠᠭᠢᠨ ᠺᠢᠷᠢᠯ ᠥᠰᠦᠭ᠌ ᠭᠡᠷᠡᠭᠯᠡᠳᠡᠭ᠌ ᠪᠣᠯᠤᠭᠰᠠᠨ ᠪᠠᠢ᠌ᠨ᠎ᠠ᠃》 ᠭᠡᠵᠡᠢ᠃

ᠳᠠᠪᠣ᠂ ᠣᠳᠤ ᠭᠢᠷᠭᠢᠰᠲ᠋ᠠᠨ ᠳᠤ ᠪᠠᠢ᠌ᠬᠤ 《ᠰᠠᠷᠲ᠋ ᠬᠠᠯᠢᠮᠠᠭ》 ᠊ᠤᠨ ᠭᠦᠮᠤᠨ ᠠᠮᠠ

ᠭᠢᠷᠭᠢᠰᠲ᠋ᠠᠨ ᠤ ᠵᠠᠰᠠᠭ ᠤᠨ ᠣᠷᠳᠤᠨ ᠡᠴᠡ 1989 ᠣᠨ ᠳᠤ ᠢᠰᠰ‍ᠭᠠᠺᠦ᠋ᠯ ᠣᠪᠣᠯᠠᠰ ᠳᠤ《ᠰᠠᠷᠲ᠋ ᠬᠠᠯᠢᠮᠠᠭ》 ᠭᠦᠮᠤᠨ 4628 ᠭᠦᠮᠤᠨ ᠠᠮᠠ ᠲᠡᠶ᠂ ᠳᠠᠳᠠᠨ ᠤ ᠳᠤᠳᠤᠷ᠎ᠠ ᠡᠭᠡ ᠭᠡᠯᠡ ᠪᠠᠷ ᠪᠠᠨ ᠶᠠᠷᠢᠳᠠᠭ ᠭᠦᠮᠤᠨ 387 ᠪᠠᠢ᠌ᠨ᠎ᠠ ᠭᠡᠵᠤ ᠳᠡᠮᠳᠡᠭᠯᠡᠵᠡᠢ᠂ 1982 ᠣᠨ ᠤ ᠪᠦᠷᠢᠦᠡᠭᠡᠯ ᠳᠤ《ᠰᠠᠷᠲ᠋ ᠬᠠᠯᠢᠮᠠᠭ》 4970 ᠭᠦᠮᠤᠨ ᠠᠮᠠ ᠲᠡᠶ ᠭᠡᠵᠤ ᠳᠡᠮᠳᠡᠭᠯᠡᠭ᠍ᠰᠡᠨ ᠪᠠᠢ᠌ᠨ᠎ᠠ᠃

ᠸᠢᠺᠲ᠋ᠤᠷ ᠠᠵᠢ ᠮᠠᠠᠰᠤᠷᠤᠪ ᠤᠨ 《ᠭᠦᠮᠤᠨ ᠤ ᠶ‍ᠢᠷᠳᠢᠠᠴᠤ》 ᠭᠡᠳᠡᠭ᠌ ᠨᠤᠮ ᠤᠨ ᠣᠷᠤᠰᠢᠯ ᠳᠤ ᠄ 《ᠢᠰᠰ‍ᠭᠠᠺᠦ᠋ᠯ ᠨᠠᠭᠤᠷ ᠤᠨ ᠭᠦᠪᠠᠭᠡ ᠪᠠᠷ ᠠᠷᠪᠠᠨ ᠮᠢᠩᠭ᠋ᠠᠨ ᠢᠯᠡᠭᠦᠤ ᠰᠠᠷᠲ᠋ ᠬᠠᠯᠢᠮᠠᠭ ᠭᠦᠮᠤᠨ ᠪᠣᠢ》 (2004 ᠣᠨ᠂ ᠴᠸᠯᠫᠧᠺ ᠤᠨ ᠭᠡᠪᠯᠡᠯ᠂ ᠭᠢᠷᠭᠢᠰ ᠭᠡᠯᠡᠨ ᠤ ᠨᠤᠮ) ᠭᠡᠵᠡᠢ᠃ 《ᠬᠠᠯᠢᠮᠠᠭ ᠰᠤᠨᠢᠨ》 ᠳ᠋ᠤ ᠢᠯᠢᠱᠢᠺᠢᠨ ᠨᠠᠷᠠᠨ ᠄ 《ᠠᠬᠠᠮᠠᠤᠨ ᠭᠦᠮᠦᠰ ᠤᠨ ᠭᠡᠯᠡᠭᠦ ᠪᠠᠷ ᠵᠢᠷᠭᠤᠭᠠᠨ ᠮᠢᠩᠭ᠋ᠠᠨ ᠬᠠᠯᠢᠮᠠᠭ ᠭᠦᠮᠤᠨ ᠪᠠᠢ᠌ᠨ᠎ᠠ᠂ ᠬᠠᠯᠢᠮᠠᠭ ᠣᠳᠤᠮᠳᠠᠢ ᠭᠦᠮᠦᠰ ᠢ ᠨᠡᠢ᠌ᠯᠡᠭᠦᠯᠦᠭᠡᠳ ᠪᠣᠳᠤᠪᠠᠯ ᠠᠷᠪᠠᠨ ᠮᠢᠩᠭ᠋ᠠᠨ ᠭᠦᠮᠤᠨ ᠳᠤ ᠭᠦᠷᠦᠨ᠎ᠡ᠂ ᠭᠢᠷᠭᠢᠰᠲ᠋ᠠᠨ ᠤ ᠣᠭ ᠤᠨ ᠶᠡᠷᠦᠩᠭᠡᠢ᠌ᠯᠡᠭ᠍ᠴᠢ ᠪᠠᠢ᠌ᠭᠰᠠᠨ ᠠᠰᠺᠠᠭᠠᠷ ᠠᠺᠠᠶ‍ᠸᠪ ᠭᠡᠵᠤ ᠬᠠᠯᠢᠮᠠᠭ ᠣᠳᠤᠮᠳᠠᠢ ᠭᠢᠷᠭᠢᠰ ᠭᠦᠮᠤᠨ ᠪᠠᠢ᠌ᠨ᠎ᠠ》 (2008 ᠣᠨ ᠳᠤ 6 ᠰᠠᠷ᠎ᠠ ᠶᠢᠨ 19 ᠊ᠤ ᠰᠤᠨᠢᠨ᠂ ᠵᠤᠬᠢᠶᠠᠯ ᠤᠨ ᠭᠠᠷᠴᠠᠭ ᠨᠢ 《ᠰᠠᠷᠲ᠋ ᠬᠠᠯᠢᠮᠠᠭᠴᠤᠳ ᠢᠰᠰ‍ᠭᠠᠺᠦ᠋ᠯ ᠨᠠᠭᠤᠷ ᠤᠨ ᠣᠢ᠌ᠷ᠎ᠠ ᠪᠠᠢ᠌ᠨ᠎ᠡ》)ᠭᠡᠵᠤ ᠪᠢᠴᠢᠵᠠᠢ᠃

ᠳᠡᠭᠡᠷᠡᠭᠢ ᠪᠦᠭᠦ ᠮᠠᠲ᠋ᠸᠷᠢᠶᠠᠯ ᠢ ᠬᠤᠷᠢᠶᠠᠩᠭ᠋ᠣᠢ᠌ᠯᠠᠪᠠᠯ᠂ ᠢᠰᠰ‍ᠭᠠᠺᠦ᠋ᠯ ᠨᠠᠭᠤᠷ ᠤᠨ ᠭᠦᠪᠠᠭᠡ ᠳᠤ ᠪᠠᠢ᠌ᠬᠤ 《ᠰᠠᠷᠲ᠋ ᠬᠠᠯᠢᠮᠠᠭ》 ᠴᠤ ᠪᠣᠯᠤᠭ᠂ ᠮᠤᠩᠭ᠋ᠤᠯᠭᠦᠷᠢᠶ᠎ᠡ ᠳᠤ ᠪᠠᠢ᠌ᠬᠤ 《ᠰᠠᠷᠲ᠋ ᠬᠠᠯᠢᠮᠠᠭ》 ᠴᠤ ᠪᠣᠯᠤᠭ᠂ ᠪᠦᠷ ᠵᠡᠭᠦᠨᠭᠠᠷ ᠳᠦᠷᠪᠡᠨ ᠣᠢ᠌ᠷᠠᠤᠨ ᠤᠨ ᠳᠡᠭᠡᠰ ᠤᠨ ᠭᠤᠤᠯ ᠤᠨ ᠭᠦᠪᠠᠭᠡ ᠪᠠᠷ ᠪᠠᠢ᠌ᠬᠤ ᠥᠭᠡᠯᠡᠳ ᠶᠠᠰᠤᠳᠠᠨ ᠤ ᠬᠣᠢ᠌ᠴᠢᠰ ᠪᠠᠢ᠌ᠭ᠎ᠠ ᠨᠢ ᠳᠤᠳᠤᠷᠬᠠᠢ ᠪᠠᠢ᠌ᠨ᠎ᠠ ᠭᠡᠰᠡᠨ ᠳ᠋ᠦ᠋ᠩᠨᠡᠯᠲᠡ ᠭᠠᠷᠭᠠᠵᠤ ᠪᠣᠯᠤᠨ᠎ᠠ᠃


(ᠪᠦᠭᠦ ᠣᠯᠤᠰ ᠤᠨ ᠵᠢᠷᠭᠤᠳᠤᠭᠠᠷ ᠣᠳᠠᠭᠠᠨ ᠤ ᠥᠢᠷᠡᠳ ᠲ᠋ᠡᠦᠭᠡ ᠰᠤᠳᠤᠯᠤᠯ ᠤᠨ ᠬᠤᠷᠠᠯᠳᠤᠭᠠᠨ ᠤ ᠥᠭᠦᠯᠡᠯ ᠤᠳ ᠡᠴᠡ ᠥᠭᠡᠯᠡᠳ ᠭᠠᠯᠳᠠᠨ ᠬᠠᠩᠭ᠋ᠠᠪᠠ)

ᠵᠤᠬᠢᠶᠠᠭᠴᠢ ᠶᠢᠨ ᠬᠠᠶ‍ᠢᠭ ᠄ ᠥᠭᠡᠯᠡᠳ ᠰᠤᠳᠤᠯᠤᠯ ᠤᠨ ᠨᠡᠢ᠌ᠭᠡᠮᠯᠢᠭ᠌

ᠵᠤᠬᠢᠶᠠᠭᠴᠢ᠄ ᠳ·ᠳᠦᠷᠦᠮᠦ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7471
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ