ᠨᠡᠪᠲᠡᠷᠡᠨ ᠤᠷᠤᠬᠤ
ᠬᠠᠭᠤᠷᠠᠢ ᠭᠤᠤᠯ ᠤᠨ ᠦᠶᠡᠷ

ᠬᠠᠭᠤᠷᠠᠢ ᠭᠤᠤᠯ ᠥᠶᠡᠷᠯᠡᠴᠢᠭᠡᠯ᠎ᠡ ᠭᠡᠵᠤ

   ᠵᠡᠭᠦᠳᠤᠨ ᠵᠥᠭ᠌ ᠤᠨ ᠶᠡᠭᠡ ᠣᠰᠤᠨ

   ᠵᠢᠷᠦᠭᠡᠨ ᠳᠡᠭᠡᠭᠦᠷ ᠱᠤᠤᠭᠢᠨ᠎ᠠ᠃

   ᠬᠠᠭᠰᠠᠭᠰᠠᠨ ᠴᠢᠯᠠᠭᠤᠨ ᠤ ᠣᠰᠭᠤᠷᠳᠠᠯ ᠢᠯᠪᠢᠵᠤ

   ᠨᠠᠷᠠᠨ ᠵᠥᠭ᠌ ᠤᠨ ᠡᠭᠦᠯᠡᠰ ᠡᠴᠠ

   ᠨᠠᠮᠢᠷᠠᠭ᠎ᠠ ᠬᠤᠷ᠎ᠠ ᠭᠤᠶᠤᠬᠤ

   ᠮᠢᠨᠤ ᠮᠢᠩᠭ᠋ᠠᠨ ᠠᠳᠤᠭᠤᠳ ᠤᠨ

   ᠳᠤᠭᠤᠷᠠᠢ ᠨᠢ ᠳᠠᠪᠳᠠᠵᠤ

   ᠭᠠᠵᠠᠷ ᠰᠢᠷᠤᠢ ᠪᠠᠨ

   ᠭᠠᠮᠨᠠᠵᠤ ᠳᠤᠰᠤᠨ᠎ᠠ᠃

   ᠨᠠᠷᠠᠨ ᠶᠢᠡᠷ ᠡᠭ᠍ᠰᠢᠳᠡᠭ᠌ ᠰᠢᠭᠦᠳᠡᠷᠢ ᠶᠢᠨ

   ᠨᠠᠪᠴᠢᠨ ᠳᠤ ᠬᠤᠨᠤᠭᠰᠠᠨ ᠬᠠᠢ᠌ᠷ᠎ᠠ ᠳᠡᠭᠦᠵᠤ

   ᠰᠠᠭᠠᠯᠢ ᠶᠢᠨ ᠦᠨᠦᠷᠳᠠᠢ ᠬᠤᠷᠮᠤᠢ ᠳᠠᠷᠪᠠᠨ᠎ᠡ

   ᠰᠠᠢ᠌ᠨ ᠣᠨᠤᠭ᠎ᠠ ᠲᠡᠶ ᠠᠳᠤᠭᠤᠴᠢᠨ ᠢᠰᠭᠢᠷᠤᠨ᠎ᠡ᠃

   ᠶᠡᠭᠡ ᠣᠰᠤᠨ ᠤ ᠴᠢᠮᠡᠭᠡ ᠳᠠᠳᠠᠭᠤᠷᠠᠵᠤ᠂

   ᠢᠩᠭᠡᠨ ᠳᠡᠮᠡᠭᠡᠨ ᠤ ᠪᠦᠭᠡ ᠬᠤᠭᠤᠷᠠᠵᠤ᠂

   ᠬᠠᠮᠤᠭ ᠡᠴᠦᠰ ᠤᠨ ᠨᠢᠭᠡ ᠳᠤᠰᠤᠯ

   ᠣᠰᠤᠨ ᠢ ᠬᠠᠷᠠᠬᠤ ᠦᠭᠡᠶ ᠭᠡᠵᠤ

   ᠬᠠᠭᠤᠷᠠᠢ ᠭᠤᠤᠯ ᠳᠤ ᠨᠣᠢ᠌ᠳᠠᠨ ᠵᠠᠯᠪᠢᠷᠠᠨ᠎ᠠ ᠪᠢ᠃

  


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠵᠡᠭᠦᠨ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 11 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ