ᠨᠡᠪᠲᠡᠷᠡᠨ ᠤᠷᠤᠬᠤ
ᠮᠢᠨᠤ ᠪᠣᠳᠤᠷᠤᠤᠯ

ᠲ᠋ᠡᠦᠭᠡ ᠶᠢᠨ ᠭᠦᠷᠳᠤ ᠡᠷᠭᠢᠯᠳᠤᠨ ᠪᠦᠮᠪᠦᠷᠢᠭ᠍ᠰᠡᠭᠡᠷ

ᠴᠠᠭ ᠦᠶ᠎ᠡ ᠬᠤᠪᠢᠷᠠᠳᠠᠭ ᠶᠤᠮ ᠪᠠᠢ᠌ᠨ᠎ᠠ

ᠲ᠋ᠡᠭ᠍ᠷᠢ ᠶᠢᠨ ᠵᠠᠷᠯᠢᠭ ᠭᠠᠵᠠᠷ ᠲᠠᠭᠠᠨ ᠪᠠᠭᠤᠳᠠᠯ᠎ᠠ

ᠰᠠᠭᠠᠤᠨ ᠳᠤᠤᠠᠬᠠᠷ ᠲᠤ ᠣᠴᠠᠷᠠᠳᠠᠭ ᠶᠤᠮ ᠪᠠᠢ᠌ᠨ᠎ᠠ

ᠲ᠋ᠡᠭᠦᠨ ᠤ ᠳᠤᠮᠳᠠ ᠡᠴᠡ ᠴᠢᠦᠡᠭᠦᠷ ᠰᠢᠮᠨᠤᠰ

ᠴᠢᠨᠡᠭᠡ ᠮᠠᠳᠠᠨ ᠵᠠᠪᠰᠢᠳᠠᠭ ᠶᠤᠮ ᠪᠠᠢ᠌ᠨ᠎ᠠ

ᠲ᠋ᠡᠭᠡᠭᠡᠤᠨ ᠭᠦᠭᠡᠷᠦᠭᠦᠢ ᠳᠦᠪᠠᠭ᠍ᠳᠡᠭ᠍ᠰᠡᠨ ᠣᠯᠠᠨ ᠨᠢ

ᠰᠡᠭᠦᠷᠡᠰᠤ ᠠᠯᠳᠠᠨ ᠭᠠᠴᠢᠭᠳᠠᠳᠠᠭ ᠶᠤᠮ ᠪᠠᠢ᠌ᠨ᠎ᠠ

ᠠᠶᠤᠩᠭ᠋᠎ᠠ ᠨᠢᠵᠢᠭᠢᠨᠠᠵᠤ ᠴᠠᠭᠢᠯᠭᠠᠨ ᠭᠢᠯᠪᠠᠭᠠᠤᠨ

ᠲ᠋ᠡᠭ᠍ᠷᠢ ᠰᠤᠮᠤ ᠪᠠᠨ ᠬᠠᠷᠪᠣᠭᠰᠠᠨ ᠴᠤ

ᠠᠷᠭ᠎ᠠ ᠵᠠᠯᠢ ᠲᠡᠶ ᠠᠪᠯᠢᠭᠠᠴᠢ ᠱᠤᠯᠤᠮ ᠤᠳ

ᠲ᠋ᠤᠳᠠᠭᠠᠨ ᠵᠠᠢ᠌ᠯᠠᠵᠤ ᠪᠣᠯᠳᠠᠭᠰᠠᠭᠠᠷ ᠪᠠᠢ᠌ᠨ᠎ᠠ

ᠠᠯᠢ ᠡᠳᠦᠷ ᠳᠡᠳᠡᠭᠡᠷ ᠱᠤᠯᠤᠮ ᠤᠳ ᠊ᠢ

ᠲ᠋ᠠᠷᠤᠨ ᠱᠥᠭᠦᠷᠳᠡᠵᠤ ᠠᠷᠢᠯᠭᠠᠭᠠᠤᠨ

ᠠᠮᠢᠳᠠᠨ ᠭᠤᠤᠯᠳᠠᠨ ᠪᠠᠶᠠᠰᠬᠤ ᠪᠣᠯ ᠭᠡᠵᠤ

ᠲᠦᠮᠡᠨ ᠢᠷᠭᠡᠤᠨ ᠭᠦᠰᠡᠭ᠍ᠰᠡᠭᠡᠷ ᠪᠠᠢ᠌ᠨ᠎ᠠ

ᠦᠨᠳᠦᠷ ᠭᠦᠭᠡ ᠳᠡᠭ᠍ᠷᠢ ᠮᠢᠨᠢ ᠡ

ᠨᠢᠭᠦᠯ ᠢ ᠠᠷᠢᠯᠭᠠᠵᠤ ᠦᠭ‍ᠭᠦᠭᠡᠴᠢ ᠳ᠋ᠠ

ᠥᠷᠯᠦᠭ᠌ ᠶᠡᠭᠡ ᠳᠡᠭᠡᠳᠦᠰ ᠮᠢᠨᠢ ᠡ

ᠨᠢᠳᠤ ᠪᠠᠨ ᠨᠡᠭᠡᠭᠡᠤᠨ ᠬᠠᠷᠠᠭᠠᠴᠢ ᠳ᠋ᠠ

ᠥᠷᠭᠡᠨ ᠠᠭᠤᠳᠠᠮ ᠭᠡᠭᠡᠷ᠎ᠡ ᠳᠠᠯ᠎ᠠ ᠴᠢᠨᠢ

ᠥᠭᠡᠳᠡᠰᠤ ᠪᠣᠯᠳᠠᠯ᠎ᠠ ᠰᠡᠭ᠍ᠴᠢᠭ᠍ᠳᠡᠭ᠍ᠰᠡᠨ ᠰᠢᠤ

ᠦᠨᠢᠷ ᠪᠠᠯᠴᠢᠳᠡᠭ᠌ ᠶᠡᠭᠡ ᠰᠥᠷᠦᠭ᠌ ᠴᠢᠨᠢ

ᠥᠳᠲᠡᠷ ᠴᠥᠭᠡᠭᠡᠷᠡᠵᠤ ᠰᠠᠷᠨᠢᠭᠰᠠᠨ ᠰᠢᠤ

ᠦᠢ᠌ ᠣᠯᠠᠨ ᠮᠤᠩᠭ᠋ᠤᠯᠴᠤᠳ ᠴᠢᠨᠢ ᠯᠠ

ᠥᠭᠡ ᠳᠠᠭᠤ ᠦᠭᠡᠶ ᠭᠦᠯᠢᠶᠡᠭ᠍ᠰᠡᠭᠡᠷ ᠡ ᠁

ᠵᠤᠬᠢᠶᠠᠭᠴᠢ᠄ ᠴ·ᠪᠠᠶᠠᠰᠤᠯ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3079
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ