ᠨᠡᠪᠲᠡᠷᠡᠨ ᠤᠷᠤᠬᠤ
ᠳᠠᠭᠤᠷᠢᠶᠠᠨ ᠪᠢᠴᠢᠭᠦᠯᠭᠦ ᠡᠴᠡ ᠭᠠᠷᠳᠠᠵᠤ᠂ ᠵᠤᠬᠢᠶᠠᠨ ᠪᠢᠴᠢᠯᠭᠡ ᠶᠢ ᠵᠢᠯᠤᠭᠤᠳᠤᠭᠰᠠᠨ ᠳᠤᠬᠠᠢ

ᠪᠠᠭ᠎ᠠ ᠰᠤᠷᠭᠠᠭᠤᠯᠢ ᠶᠢᠨ ᠵᠤᠬᠢᠶᠠᠯ ᠪᠢᠴᠢᠭᠦᠯᠭᠦ ᠪᠣᠯᠪᠠᠰᠤᠷᠠᠯ ᠪᠣᠯ ᠭᠡᠯᠡ ᠪᠢᠴᠢᠭ᠌ ᠤᠨ ᠨᠢᠭᠡᠨ ᠴᠢᠬᠤᠯᠠ ᠠᠭᠤᠯᠭ᠎ᠠ ᠪᠣᠯᠬᠤ ᠮᠥᠷᠳᠡᠭᠡᠨ ᠶᠡᠷᠦᠩᠭᠡᠢ ᠪᠣᠯᠪᠠᠰᠤᠷᠠᠯ ᠪᠣᠯᠤᠨ᠎ᠠ᠃ ᠠᠮᠢᠳᠤᠷᠠᠯ ᠨᠢ ᠰᠤᠷᠤᠭᠴᠢ ᠨᠢᠭᠡ ᠪᠦᠷᠢ ᠳᠤ ᠠᠪᠴᠤ ᠭᠡᠯᠡᠪᠠᠯ ᠡᠯᠪᠠᠭ᠌ ᠪᠠᠶᠠᠯᠢᠭ ᠰᠤᠨᠢᠨ ᠰᠠᠢ᠌ᠬᠠᠨ ᠪᠠᠢ᠌ᠳᠠᠭ᠃ ᠠᠮᠢᠳᠤᠷᠠᠯ ᠨᠢ ᠮᠦᠨ ᠴᠤ ᠳᠠᠳᠠᠨ ᠤ ᠵᠤᠬᠢᠶᠠᠨ ᠪᠢᠴᠢᠭᠦ ᠪᠣᠷᠤ ᠮᠠᠲ᠋ᠸᠷᠢᠶᠠᠯ ᠪᠣᠯᠵᠤ ᠪᠠᠢ᠌ᠳᠠᠭ᠃

ᠭᠡᠪᠠᠴᠤ ᠪᠠᠭ᠎ᠠ ᠰᠤᠷᠭᠠᠭᠤᠯᠢ ᠶᠢᠨ ᠪᠣᠳᠠᠳᠤ ᠪᠠᠢ᠌ᠳᠠᠯ ᠡᠴᠡ ᠦᠵᠡᠪᠠᠯ ᠰᠤᠷᠤᠭᠴᠢᠳ ᠵᠤᠬᠢᠶᠠᠨ ᠪᠢᠴᠢᠭᠦ ᠳᠤ ᠪᠠᠨ ᠦᠪᠡᠷ ᠤᠨ ᠬᠠᠵᠠᠭᠤ ᠬᠠᠪᠢ ᠳᠤ ᠭᠢ ᠮᠠᠰᠢ ᠣᠯᠠᠨ ᠠᠮᠢᠳᠤᠯᠢᠭ ᠰᠤᠨᠢᠷᠬᠠᠯᠳᠠᠢ ᠣᠴᠢᠷ ᠶᠠᠪᠣᠳᠠᠯ ᠶᠢᠡᠨ ᠵᠤᠬᠢᠶᠠᠯ ᠤᠨ ᠪᠣᠷᠤ ᠮᠠᠲ᠋ᠸᠷᠢᠶᠠᠯ ᠪᠣᠯᠭᠠᠨ ᠠᠰᠢᠭᠯᠠᠵᠤ ᠴᠢᠳᠠᠬᠤ ᠦᠭᠡᠶ ᠭᠠᠴᠢᠭᠳᠠᠳᠠᠭ᠃

ᠶᠠᠭ ᠡᠨᠡ ᠭᠦ ᠪᠠᠢ᠌ᠳᠠᠯ ᠳᠤ ᠴᠢᠭᠯᠡᠭᠦᠯᠤᠨ ᠪᠢ ᠳᠦᠷᠪᠠᠳᠦᠭᠡᠷ ᠣᠨ ᠤ ᠵᠤᠬᠢᠶᠠᠨ ᠪᠢᠴᠢᠯᠭᠡ ᠶᠢ ᠵᠢᠭᠠᠬᠤ ᠳᠤ ᠪᠠᠨ ᠪᠠᠭ᠎ᠠ ᠰᠤᠷᠭᠠᠭᠤᠯᠢ ᠶᠢᠨ ᠵᠤᠬᠢᠶᠠᠨ ᠪᠢᠴᠢᠯᠭᠡ ᠶᠢᠨ ᠠᠭᠤᠯᠭ᠎ᠠ ᠨᠢ ᠪᠣᠳᠠᠳᠠᠢ᠂ ᠭᠡᠢ ᠬᠤᠭᠤᠰᠤᠨ ᠭᠡᠷᠡᠭ᠌ ᠶᠠᠪᠣᠳᠠᠯ ᠢ ᠵᠤᠬᠢᠶᠠᠬᠤ ᠦᠭᠡᠶ᠂ ᠦᠨᠡᠠᠴᠢ ᠣᠪᠣᠷ᠂ ᠬᠤᠳᠠᠯ ᠭᠡᠯᠡᠭᠦ ᠦᠭᠡᠶ᠂ ᠵᠤᠬᠢᠶᠠᠯ ᠶᠢᠡᠨ ᠪᠣᠯᠪᠠᠰᠤᠷᠠᠭᠤᠯᠤᠨ ᠵᠠᠰᠠᠬᠤ ᠰᠤᠷᠳᠠᠯ ᠲᠡᠶ ᠪᠠᠢ᠌ᠬᠤ ᠱᠠᠭᠠᠷᠳᠠᠯᠭ᠎ᠠ ᠶᠢ ᠦᠨᠳᠦᠰᠦᠯᠠᠨ ᠭᠢᠴᠢᠶᠡᠯᠯᠡᠭᠡ ᠲᠡᠶ ᠪᠠᠨ ᠣᠶᠠᠯᠳᠤᠭᠤᠯᠤᠨ 《ᠳᠠᠭᠤᠷᠢᠶᠠᠨ ᠪᠢᠴᠢᠭᠦ》 ᠵᠢᠯᠤᠭᠤᠳᠤᠯᠭ᠎ᠠ ᠭᠢᠭ᠍ᠰᠡᠨ ᠶᠤᠮ᠃ ᠳᠠᠭᠤᠷᠢᠶᠠᠨ ᠪᠢᠴᠢᠭᠦ ᠭᠡᠳᠡᠭ᠌ ᠨᠢ ᠳᠠᠷᠤᠢ ᠣᠤᠯ ᠵᠤᠬᠢᠶᠠᠯ ᠤᠨ ᠪᠢᠴᠢᠭ᠍ᠰᠡᠨ ᠠᠷᠭ᠎ᠠ ᠪᠠᠷᠢᠯ ᠢ ᠳᠠᠭᠤᠷᠢᠶᠠᠨ ᠪᠢᠴᠢᠭᠦ ᠶᠢ ᠭᠡᠯᠡᠨ᠎ᠡ᠃ ᠪᠠᠰᠠ ᠮᠦᠷᠳᠠᠨ ᠪᠢᠴᠢᠭᠦ ᠭᠡᠵᠤ ᠴᠤ ᠪᠣᠯᠤᠨ᠎ᠠ᠃ ᠳᠠᠷᠤᠢ ᠵᠠᠷᠢᠮ ᠵᠤᠬᠢᠶᠠᠯ ᠶᠢᠡᠷ ᠥᠯᠢᠭᠡᠷ ᠪᠣᠯᠭᠠᠨ ᠵᠤᠬᠢᠶᠠᠯ ᠤᠨ ᠵᠤᠬᠢᠶᠠᠮᠵᠢ ᠪᠠ ᠭᠡᠯᠡ ᠨᠠᠢ᠌ᠷᠠᠭᠤᠯᠭ᠎ᠠ᠂ ᠢᠯᠡᠳᠭᠡᠭᠦ ᠠᠷᠭ᠎ᠠ ᠵᠡᠷᠭᠡ ᠶᠢ ᠳᠠᠭᠤᠷᠢᠶᠠᠨ ᠪᠢᠴᠢᠭᠦ ᠶᠠᠪᠣᠳᠠᠯ ᠪᠣᠯᠤᠨ᠎ᠠ᠃ ᠳᠠᠭᠤᠷᠢᠶᠠᠨ ᠪᠢᠴᠢᠭᠦ ᠨᠢ ᠣᠭ ᠵᠤᠬᠢᠶᠠᠯ ᠢ ᠳᠠᠷᠠ ᠶᠤᠰᠤᠭᠠᠷ ᠨᠢ ᠬᠠᠭᠤᠯᠤᠨ ᠠᠪᠬᠤ ᠶᠠᠪᠣᠳᠠᠯ ᠪᠢᠰᠢ ᠪᠣᠯᠪᠠᠴᠤ᠂ ᠵᠤᠬᠢᠶᠠᠨ ᠪᠢᠴᠢᠯᠭᠡ ᠳᠤ ᠭᠦᠳᠦᠯᠭᠦ ᠪᠣᠯᠪᠠᠰᠤᠷᠠᠯ ᠤᠨ ᠪᠦᠳᠦᠮᠵᠢᠳᠡᠢ ᠨᠢᠭᠡᠨ ᠠᠷᠭ᠎ᠠ ᠶᠤᠮ᠃ ᠰᠤᠷᠤᠭᠴᠢᠳ ᠣᠤᠯ ᠵᠤᠬᠢᠶᠠᠯ ᠢ ᠰᠠᠢ᠌ᠳᠤᠷ ᠣᠩᠰᠢᠨ ᠣᠢ᠌ᠯᠠᠭᠠᠭᠰᠠᠨ ᠰᠠᠭᠤᠷᠢᠨ ᠳᠡᠭᠡᠷ᠎ᠡ ᠭᠡᠯᠡ ᠨᠠᠢ᠌ᠷᠠᠭᠤᠯᠭ᠎ᠠ᠂ ᠪᠢᠴᠢᠯᠭᠡ ᠶᠢᠨ ᠠᠷᠭ᠎ᠠ ᠶᠢ ᠨᠢ ᠳᠠᠭᠤᠷᠢᠶᠠᠨ᠂ ᠦᠪᠡᠷ ᠤᠨ ᠪᠠᠶ᠎ᠠ ᠪᠠᠷ ᠶᠢᠡᠨ ᠥᠩᠭᠡᠷᠡᠭᠡᠭ᠍ᠰᠡᠨ᠂ ᠥᠵᠡᠭ᠍ᠰᠡᠨ᠂ ᠰᠤᠨᠤᠰᠤᠭᠰᠠᠨ᠂ ᠭᠢᠭ᠍ᠰᠡᠨ ᠵᠣᠢ᠌ᠯ ᠶᠢᠡᠨ ᠡᠷᠭᠢᠴᠡᠭᠦᠯᠤᠨ ᠪᠣᠳᠤᠯᠭᠢᠯᠠᠵᠤ᠂ ᠭᠡᠷᠭᠢᠨ ᠡᠮᠭᠢ ᠴᠡᠭ᠍ᠴᠡ ᠲᠡᠶ᠂ ᠠᠯᠬᠤᠮ ᠳᠠᠷᠠᠭ᠎ᠠ ᠲᠡᠶ ᠨᠠᠢ᠌ᠷᠠᠭᠤᠯᠤᠨ ᠪᠢᠴᠢᠭᠦ ᠶᠢ ᠵᠢᠯᠤᠭᠤᠤᠠᠴᠤ ᠵᠤᠬᠢᠶᠠᠨ ᠪᠢᠴᠢᠯᠭᠡ ᠶᠢᠨ ᠥᠢᠯᠡᠳᠦᠯᠭᠡ ᠭᠢᠯᠭᠡᠭᠦ ᠶᠠᠪᠣᠳᠠᠯ ᠪᠣᠯᠤᠨ᠎ᠠ᠃ ᠢᠩᠭᠢᠵᠤ ᠳᠠᠭᠤᠷᠢᠶᠠᠨ ᠪᠢᠴᠢᠭᠦᠯᠪᠠᠯ ᠰᠤᠷᠤᠭᠴᠢᠳ ᠵᠤᠬᠢᠶᠠᠯ ᠪᠢᠴᠢᠭᠦ ᠠᠷᠭ᠎ᠠ ᠣᠬᠠᠭᠠᠨ ᠶᠢᠡᠨ ᠣᠯᠵᠤ᠂ ᠪᠢᠴᠢᠭᠦ ᠶᠠᠭᠤᠮ᠎ᠠ ᠲᠡᠶ ᠪᠣᠯᠵᠤ ᠠᠷᠭ᠎ᠠ ᠪᠠᠷᠠᠨ ᠭᠦᠴᠢᠷᠳᠡᠭᠦ ᠦᠭᠡᠶ ᠪᠣᠯᠤᠨ᠎ᠠ᠃ ᠵᠢᠱᠢᠶᠠᠯᠠᠪᠠᠯ 《ᠬᠠᠯᠢᠮᠤ》 ᠭᠡᠳᠡᠭ᠌ ᠭᠢᠴᠢᠶᠠᠯ ᠢ ᠰᠤᠷᠤᠭᠰᠠᠨ ᠤ ᠳᠠᠷᠠᠭ᠎ᠠ᠂ ᠰᠤᠷᠤᠭᠴᠢᠳ ᠶᠢᠡᠷ ᠦᠪᠡᠷ ᠤᠨ ᠬᠠᠮᠤᠭ ᠤᠨ ᠰᠠᠢ᠌ᠨ ᠮᠠᠳᠠᠵᠤ ᠣᠢ᠌ᠯᠠᠭᠠᠳᠠᠭ ᠠᠮᠢᠳᠠᠨ ᠤ ᠣᠠᠴᠠᠯᠢᠭ ᠢ ᠪᠢᠴᠢᠭᠦᠯᠦᠭ᠍ᠰᠡᠨ ᠳᠤ ᠪᠦᠭᠦ ᠠᠩᠭᠢ ᠶᠢᠨ ᠰᠤᠷᠤᠭᠴᠢᠳ ᠪᠦᠷ ᠪᠠᠶᠠᠷᠳᠠᠢ ᠪᠢᠴᠢᠵᠤ ᠡᠭᠢᠯᠡᠪᠡ᠃ ᠨᠢᠭᠡ ᠰᠤᠷᠤᠭᠴᠢ 《ᠬᠤᠨᠢ》 ᠭᠡᠰᠡᠨ ᠭᠠᠷᠴᠠᠭ ᠶᠢᠡᠷ 《ᠬᠤᠨᠢ ᠪᠣᠯ ᠳᠠᠪᠤᠨ ᠬᠤᠰᠢᠭᠤ ᠮᠠᠯ ᠤᠨ ᠨᠢᠭᠡ ᠨᠢ ᠶᠤᠮ᠃ ᠭᠦᠭᠦᠳᠡᠨ ᠠᠮᠢᠳᠠᠨ᠂ ᠰᠠᠯᠠᠭ᠎ᠠ ᠳᠤᠭᠤᠷᠠᠢ ᠲᠡᠶ᠂ ᠡᠪᠠᠰᠤᠨ ᠳᠡᠵᠢᠭᠡᠯᠳᠤ ᠭᠡᠪᠢᠭ᠍ᠴᠢ》 ᠭᠡᠵᠤ ᠬᠤᠨᠢ ᠶᠢ ᠳᠠᠨᠢᠯᠴᠠᠭᠤᠯᠤᠨ᠂ ᠮᠠᠯᠴᠢᠳ ᠤᠨ ᠣᠢ᠌ᠯᠠᠳᠪᠣᠷᠢᠯᠠᠯ᠂ ᠵᠠᠩ ᠣᠢ᠌ᠯᠠ ᠲᠡᠶ ᠰᠠᠢ᠌ᠬᠠᠨ ᠣᠶᠠᠯᠳᠤᠭᠤᠯᠤᠨ ᠪᠢᠴᠢᠭ᠍ᠰᠡᠨ ᠪᠠᠢ᠌ᠪᠠ᠃ ᠢᠩᠭᠢᠵᠤ ᠪᠢᠴᠢᠭᠦᠯᠭᠦ ᠨᠢ ᠪᠠᠭ᠎ᠠ ᠰᠤᠷᠭᠠᠭᠤᠯᠢ ᠶᠢᠨ ᠳᠦᠷᠪᠠᠳᠦᠭᠡᠷ ᠣᠨ ᠤ ᠰᠤᠷᠤᠭᠴᠢᠳ ᠢ ᠵᠤᠬᠢᠶᠠᠨ ᠪᠢᠴᠢᠯᠭᠡ ᠳᠤ ᠭᠦᠳᠦᠯᠤᠨ ᠣᠷᠤᠭᠤᠯᠬᠤ ᠳᠤ ᠳᠤᠰᠠᠳᠠᠢ ᠮᠥᠷᠳᠡᠭᠡᠨ ᠰᠤᠷᠤᠭᠴᠢᠳ ᠦᠪᠡᠷ ᠤᠨ ᠦᠵᠡᠵᠤ ᠥᠩᠭᠡᠷᠡᠭ᠍ᠰᠡᠨ ᠪᠠ ᠮᠡᠳᠡᠳᠡᠭ᠌ ᠵᠣᠢ᠌ᠯ ᠶᠢᠡᠨ ᠪᠢᠴᠢᠭᠦ ᠪᠠᠷ ᠳᠠᠮᠵᠢᠨ ᠥᠭᠡ ᠥᠭᠦᠯᠡᠪᠦᠷᠢ ᠶᠢ ᠣᠷᠤᠰᠤᠮ᠎ᠠ ᠬᠠᠪᠣᠯᠢᠭ ᠭᠡᠷᠡᠭᠯᠡᠭᠦ ᠪᠣᠯᠵᠤ᠂ ᠪᠢᠴᠢᠭᠦ ᠳᠠᠰ ᠳᠠᠷᠠᠭᠠᠯᠠᠯ ᠨᠢ ᠴᠤ ᠳᠢᠭᠯᠢᠮ ᠲᠡᠶ ᠳᠤᠳᠤᠷᠬᠠᠢ ᠪᠣᠯᠳᠠᠭ᠃

ᠰᠤᠷᠤᠭᠴᠢᠳ ᠢ ᠵᠤᠬᠢᠶᠠᠨ ᠪᠢᠴᠢᠯᠭᠡ ᠳᠤ ᠭᠦᠳᠦᠯᠤᠨ ᠣᠷᠤᠭᠤᠯᠬᠤ ᠳᠤ ᠶᠠᠭᠤᠨ ᠤ ᠡᠮᠦᠨ᠎ᠡ᠂ ᠳᠠᠳᠠᠨ ᠤ ᠣᠷᠮ᠎ᠠ ᠪᠠᠬ᠎ᠠ ᠶᠢ ᠭᠦᠭ᠍ᠵᠢᠭᠡᠭᠦ ᠭᠡᠷᠡᠭ᠍ᠳᠡᠢ᠃ 《ᠳᠤᠷ᠎ᠠ ᠪᠠᠬ᠎ᠠ ᠪᠣᠯ ᠰᠠ‍‌ᠶᠢ ᠬᠠᠮᠤᠭ ᠤᠨ ᠰᠠᠢ᠌ᠨ ᠪᠠᠭᠰᠢ》 ᠭᠡᠳᠡᠭ᠌ ᠶᠢᠡᠷ ᠳᠤᠷ᠎ᠠ ᠰᠤᠨᠢᠷᠬᠠᠯ᠂ ᠣᠷᠮ᠎ᠠ ᠪᠠᠬ᠎ᠠ ᠨᠢ ᠪᠠᠭᠠᠴᠤᠳ ᠬᠡᠦᠬᠡᠳ ᠲᠤ ᠠᠪᠴᠤ ᠭᠡᠯᠡᠪᠠᠯ ᠬᠤᠵᠢᠮ ᠤᠨ ᠨᠢᠭᠡ ᠨᠠᠰᠤᠨ ᠤ ᠠᠮᠢᠳᠤᠷᠠᠯ ᠳᠤ ᠨᠢ ᠳᠠᠭᠠᠭᠤᠯᠤᠭᠴᠢ ᠪᠣᠯᠵᠤ ᠮᠡᠳᠡᠭᠦ ᠶᠤᠮ᠃ ᠡᠭᠢᠯᠡᠨ ᠵᠤᠬᠢᠶᠠᠯ ᠪᠢᠴᠢᠵᠤ ᠪᠠᠢ᠌ᠭ᠎ᠠ ᠪᠠᠭ᠎ᠠ ᠰᠤᠷᠭᠠᠭᠤᠯᠢ ᠶᠢᠨ ᠰᠤᠷᠤᠭᠴᠢ ᠳᠤ ᠠᠪᠴᠤ ᠭᠡᠯᠡᠪᠠᠯ ᠣᠷᠮ᠎ᠠ ᠪᠠᠬ᠎ᠠ ᠨᠢ ᠨᠠᠩ ᠴᠢᠬᠤᠯᠠ ᠪᠠᠢ᠌ᠳᠠᠭ᠃ ᠣᠷᠮ᠎ᠠ ᠪᠠᠬ᠎ᠠ ᠨᠢ ᠲᠦᠷᠦᠯᠭᠢ ᠪᠢᠰᠢ᠂ ᠪᠠᠰᠠ ᠴᠤ ᠴᠥᠭᠡᠨ ᠭᠡᠳᠤᠨ ᠰᠤᠷᠤᠭᠴᠢ ᠳᠤ ᠯᠠ ᠪᠠᠢ᠌ᠳᠠᠭ ᠪᠢᠰᠢ ᠶᠤᠮ᠃ ᠣᠷᠮ᠎ᠠ ᠪᠠᠬ᠎ᠠ ᠶᠢ ᠪᠣᠢ᠌ᠵᠢᠭᠤᠯᠵᠤ ᠪᠣᠯᠬᠤ ᠭᠡᠳᠡᠭ᠌ ᠢ ᠪᠠᠭᠰᠢ ᠪᠣᠯᠤᠭᠰᠠᠤᠨ ᠴᠡᠭᠡᠵᠢᠯᠡᠭᠦ ᠭᠡᠷᠡᠭ᠍ᠳᠡᠢ ᠭᠡᠰᠡᠨ ᠢ ᠪᠢ ᠳᠠᠭᠤᠷᠢᠶᠠᠨ ᠪᠢᠴᠢᠭᠦᠯᠭᠦ ᠥᠢᠯᠡᠳᠦᠯᠭᠡ ᠡᠴᠡ ᠳᠤᠳᠤᠷᠬᠠᠢ ᠣᠯᠵᠤ ᠮᠠᠳᠠᠪᠠ᠃ ᠳᠠᠭᠤᠷᠢᠶᠠᠨ ᠪᠢᠴᠢᠭᠦ ᠨᠢ ᠵᠢᠭᠠᠨ ᠰᠤᠷᠭᠠᠬᠤ ᠪᠠ ᠰᠤᠷᠤᠭᠴᠢᠳ ᠲᠤ ᠳᠤᠤᠷᠠᠭᠢ ᠮᠠᠳᠤ ᠳᠠᠪᠠᠭᠤᠯᠢᠭ ᠲᠡᠶ ᠭᠡᠵᠤ ᠪᠢ ᠦᠵᠡᠨ᠎ᠠ᠃

ᠶᠠᠭᠤᠨ ᠤ ᠡᠮᠦᠨ᠎ᠡ᠂ ᠳᠠᠭᠤᠷᠢᠶᠠᠨ ᠪᠢᠴᠢᠭᠦ ᠶᠢ ᠵᠢᠯᠤᠭᠤᠤᠠᠬᠤ ᠪᠠᠷ ᠳᠠᠮᠵᠢᠨ ᠰᠤᠷᠤᠭᠴᠢᠳ ᠲᠤ ᠵᠤᠬᠢᠶᠠᠨ ᠪᠢᠴᠢᠯᠭᠡ ᠶᠢᠨ ᠠᠴᠢ ᠬᠤᠯᠪᠣᠭᠳᠠᠯ ᠢ ᠣᠢ᠌ᠯᠠᠭᠠᠭᠤᠯᠵᠤ᠂ ᠵᠤᠬᠢᠶᠠᠨ ᠪᠢᠴᠢᠯᠭᠡ ᠶᠢ ᠰᠤᠷᠬᠤ ᠶᠢᠨ ᠴᠢᠬᠤᠯᠠ ᠴᠢᠨᠠᠷ ᠢ ᠮᠡᠳᠡᠭᠦᠯᠵᠤ ᠴᠢᠳᠠᠨ᠎ᠠ᠃ ᠰᠤᠷᠤᠭᠴᠢᠳ ᠰᠢᠯᠢᠳᠡᠭ᠌ ᠵᠤᠬᠢᠶᠠᠯ ᠢ ᠣᠩᠰᠢᠨ ᠣᠤᠠᠬ᠎ᠠ ᠠᠭᠤᠯᠭ᠎ᠠ ᠶᠢ ᠨᠢ ᠡᠵᠡᠮᠰᠢᠨ ᠠᠪᠴᠤ ᠵᠤᠬᠢᠶᠠᠨ ᠪᠢᠴᠢᠭᠦ ᠣᠷᠮ᠎ᠠ ᠭᠦᠭ᠍ᠰᠡᠨ᠂ ᠥᠩᠭᠡᠷᠡᠭ᠍ᠰᠡᠨ ᠤ ᠳᠠᠷᠠ ᠭᠦ ᠵᠤᠬᠢᠶᠠᠨ ᠪᠢᠴᠢᠯᠭᠡ ᠭᠦᠴᠢᠷᠳᠡᠢ ᠭᠡᠳᠡᠭ᠌ ᠰᠡᠳᠭᠢᠯ ᠤᠨ ᠳᠠᠷᠤᠭᠠᠰᠤ ᠨᠢ ᠠᠷᠢᠯᠵᠤ᠂ ᠭᠡᠷᠡᠭ᠌ ᠶᠠᠪᠣᠳᠠᠯ ᠢ ᠠᠵᠢᠭᠯᠠᠨ ᠰᠢᠡᠵᠢᠭᠦ ᠪᠠ ᠵᠠᠳᠠᠯᠬᠤ ᠴᠢᠳᠠᠪᠣᠷᠢ ᠨᠢ ᠳᠡᠭᠡᠭ᠍ᠰᠢᠯᠡᠨ᠂ ᠨᠢᠳᠤ ᠨᠢ ᠴᠤ ᠭᠢᠷᠠᠬᠠᠢ ᠪᠣᠯᠵᠤ᠂ ᠦᠵᠡᠵᠤ ᠳᠠᠰᠤᠭᠰᠠᠨ ᠡᠳᠦᠷ ᠳᠤᠳᠤᠮ ᠤᠨ ᠭᠡᠷᠡᠭ᠌ ᠣᠴᠢᠷ ᠤᠨ ᠳᠤᠮᠳᠠ ᠡᠴᠡ ᠦᠪᠡᠷ ᠤᠨ ᠪᠢᠴᠢᠶ᠎ᠠ ᠭᠡᠵᠤ ᠪᠣᠳᠤᠭᠰᠠᠨ ᠵᠣᠢ᠌ᠯ ᠶᠢᠡᠨ ᠡᠷᠢᠨ ᠣᠯᠵᠤ᠂ ᠪᠢᠴᠢᠭᠦ ᠭᠡᠰᠡᠨ ᠶᠢᠡᠨ ᠰᠠᠨᠠᠭ᠎ᠠ ᠪᠠᠷ ᠶᠢᠡᠨ ᠪᠠᠢ᠌ᠷᠢᠯᠠᠭᠤᠯᠵᠤ ᠴᠢᠳᠠᠳᠠᠭ᠃ ᠳᠠᠷᠠ ᠮᠥᠷᠳᠡᠭᠡᠨ ᠭᠡᠯᠡ ᠪᠢᠴᠢᠭ᠌ ᠤᠨ ᠭᠢᠴᠢᠶᠠᠯ ᠳᠡᠭᠡᠷ᠎ᠡ ᠰᠤᠷᠤᠭᠰᠠᠨ ᠮᠡᠳᠡᠯᠭᠡ ᠪᠠᠨ ᠴᠤ ᠪᠠᠭᠢᠵᠢᠭᠦᠯᠵᠤ ᠠᠪᠴᠤ ᠴᠢᠳᠠᠳᠠᠭ ᠶᠤᠮ᠃

ᠳᠠᠷᠠᠭ᠎ᠠ ᠨᠢ᠂ ᠰᠤᠷᠤᠭᠴᠢᠳ ᠰᠤᠷᠤᠯᠴᠠᠬᠤ ᠠᠷᠭ᠎ᠠ ᠪᠠᠷᠢᠯ ᠢ ᠰᠠᠢ᠌ᠳᠤᠷ ᠡᠵᠡᠮᠰᠢᠵᠤ᠂ ᠵᠤᠬᠢᠶᠠᠨ ᠪᠢᠴᠢᠯᠭᠡ ᠶᠢᠨ ᠵᠢᠮ᠎ᠠ ᠶᠤᠰᠤ ᠶᠢ ᠰᠥᠪᠠᠭ᠍ᠴᠢᠯᠡᠨ ᠣᠷᠤᠯᠳᠤᠪᠠᠯ ᠵᠤᠬᠢᠶᠠᠨ ᠪᠢᠴᠢᠭᠦ ᠣᠷᠮ᠎ᠠ ᠪᠠᠬ᠎ᠠ ᠲᠡᠶ ᠪᠣᠯᠳᠠᠭ᠃ ᠳᠠᠭᠤᠷᠢᠶᠠᠨ ᠪᠢᠴᠢᠭᠦᠯᠭᠦ ᠪᠠᠷ ᠳᠠᠮᠵᠢᠨ ᠵᠠᠷᠢᠮ ᠰᠤᠷᠤᠭᠴᠢ ᠶᠢᠨ ᠵᠤᠬᠢᠶᠠᠨ ᠪᠢᠴᠢᠯᠭᠡ ᠶᠢ ᠰᠤᠷᠬᠤ ᠳᠤᠷ᠎ᠠ ᠦᠭᠡᠶ ᠥᠵᠡᠭ᠍ᠳᠡᠯ ᠢ ᠥᠭᠡᠢ᠌ᠰᠭᠡᠵᠤ ᠪᠣᠯᠤᠨ᠎ᠠ᠃ ᠵᠤᠬᠢᠶᠠᠨ ᠪᠢᠴᠢᠯᠭᠡ ᠰᠤᠷᠬᠤ ᠳᠤ ᠳᠤᠭ᠎ᠠ ᠪᠣᠳᠤᠯᠭ᠎ᠠ ᠶᠢᠨ ᠰᠠᠳᠤᠪ ᠢ ᠪᠣᠳᠤᠬᠤ ᠲᠡᠶ ᠠᠳᠠᠯᠢᠤᠠᠬᠠᠪᠠᠯ ᠲᠤᠩ ᠶᠡᠭᠡ ᠵᠦᠷᠢᠶ᠎ᠠ ᠲᠡᠶ ᠪᠣᠯᠪᠠᠴᠤ ᠰᠤᠷᠤᠯᠴᠠᠬᠤ ᠵᠢᠮ᠎ᠠ ᠶᠤᠰᠤ ᠨᠢ ᠬᠠᠷᠢᠨ ᠣᠢ᠌ᠷᠠᠯᠴᠠᠭ᠎ᠠ ᠶᠤᠮ᠃ ᠡᠢ᠌ᠮᠤ ᠡᠴᠡ ᠪᠠᠭᠰᠢ ᠳᠠᠭᠤᠷᠢᠶᠠᠨ ᠪᠢᠴᠢᠭᠦ ᠶᠢ ᠵᠢᠯᠤᠭᠤᠤᠠᠬᠤ ᠳᠤ ᠪᠠᠨ ᠡᠨᠡ ᠳᠠᠯ᠎ᠠ ᠶᠢᠨ ᠮᠡᠳᠡᠯᠭᠡ ᠶᠢ ᠵᠢᠭᠠᠨ ᠥᠭ᠍ᠴᠤ᠂ ᠰᠤᠷᠤᠭᠴᠢ ᠳᠤ ᠰᠤᠷᠤᠯᠴᠠᠬᠤ ᠵᠢᠮ᠎ᠠ ᠶᠤᠰᠤ ᠶᠢ ᠡᠵᠡᠮᠰᠢᠭᠦᠯᠤᠨ᠂ ᠦᠨᠳᠦᠰᠦᠨ ᠪᠣᠯᠪᠠᠰᠤᠷᠠᠯ ᠢ ᠰᠠᠢ᠌ᠳᠤᠷ ᠭᠢᠯᠭᠡᠪᠠᠯ ᠰᠤᠷᠤᠭᠴᠢ ᠯᠠᠪᠳᠠᠢ ᠴᠢᠨᠠᠷᠯᠢᠭ ᠰᠠᠢ᠌ᠨ ᠵᠤᠬᠢᠶᠠᠯ ᠪᠢᠴᠢᠨ ᠭᠠᠷᠭᠠᠵᠤ ᠴᠢᠳᠠᠨ᠎ᠠ᠃

ᠵᠢᠴᠢ᠂ ᠳᠠᠭᠤᠷᠢᠶᠠᠨ ᠪᠢᠴᠢᠭᠦᠯᠭᠦ ᠨᠢ ᠥᠢᠯᠡᠳᠦᠯᠭᠡ ᠶᠢᠨ ᠳᠤᠮᠳᠠ ᠵᠤᠬᠢᠶᠠᠨ ᠪᠢᠴᠢᠭᠦ ᠴᠢᠳᠠᠪᠣᠷᠢ ᠶᠢ ᠨᠢ ᠳᠡᠭᠡᠭ᠍ᠰᠢᠯᠡᠭᠦᠯᠭᠦ ᠳᠤ ᠳᠤᠰᠠᠳᠠᠢ ᠪᠠᠢ᠌ᠳᠠᠭ᠃ ᠪᠠᠭᠰᠢ ᠪᠣᠯᠤᠭᠰᠠᠤᠨ ᠰᠤᠷᠤᠭᠴᠢ ᠶᠢᠨ ᠶᠢᠡᠨ ᠣᠷᠮ᠎ᠠ ᠪᠠᠬ᠎ᠠ ᠶᠢ ᠰᠠᠨᠠᠭᠠᠴᠢᠯᠠᠭ᠎ᠠ ᠲᠡᠶ ᠪᠠᠷ ᠪᠣᠢ᠌ᠵᠢᠭᠤᠯᠬᠤ ᠭᠡᠷᠡᠭ᠍ᠳᠡᠢ᠃ ᠳᠠᠭᠤᠷᠢᠶᠠᠨ ᠪᠢᠴᠢᠭᠦ ᠰᠢᠯᠢᠳᠡᠭ᠌ ᠵᠤᠬᠢᠶᠠᠯ ᠲᠡᠶ ᠪᠠᠨ ᠣᠶᠠᠯᠳᠤᠭᠤᠯᠤᠨ ᠰᠤᠷᠤᠭᠴᠢᠳ ᠲᠤ ᠭᠡᠷᠡᠭ᠌ ᠣᠴᠢᠷ ᠢ ᠭᠡᠷᠭᠢᠨ ᠠᠵᠢᠭᠯᠠᠬᠤ᠂ ᠥᠩᠭᠡ ᠦᠵᠡᠮᠵᠢ᠂ ᠠᠭᠤᠯᠠ ᠣᠰᠤ ᠶᠢ ᠭᠡᠷᠭᠢᠨ ᠳᠦᠷᠰᠦᠯᠡᠭᠦ ᠶᠢ ᠵᠢᠭᠠᠬᠤ ᠶᠢᠨ ᠬᠠᠮᠳᠤ ᠶᠠᠭᠠᠭᠢᠵᠤ ᠬᠤᠯᠪᠤᠨ ᠪᠣᠳᠤᠬᠤ ᠪᠠ ᠳᠦᠰᠦᠭᠡᠯᠡᠨ ᠪᠣᠳᠤᠬᠤ ᠵᠡᠷᠭᠡ ᠰᠡᠳᠭᠢᠭᠦᠢ ᠶᠢ ᠵᠢᠭᠠᠨ ᠥᠭ᠍ᠴᠤ᠂ ᠰᠤᠷᠤᠭᠴᠢ ᠶᠢᠨ ᠣᠷᠮ᠎ᠠ ᠪᠠᠬ᠎ᠠ ᠶᠢ ᠳᠠᠳᠠᠨ᠂ ᠡᠨᠡ ᠳᠠᠯ᠎ᠠ ᠶᠢᠨ ᠳᠠᠳᠬᠠᠯ ᠲᠡᠶ ᠪᠣᠯᠭᠠᠪᠠᠯ ᠵᠤᠬᠢᠶᠠᠨ ᠪᠢᠴᠢᠯᠭᠡ ᠶᠢᠨ ᠭᠢᠴᠢᠶᠠᠯ ᠨᠢ ᠣᠷᠤᠭᠰᠢᠳᠠᠢ ᠶᠠᠪᠣᠭᠳᠠᠬᠤ ᠪᠦᠭᠡᠳ ᠪᠣᠰᠤᠳ ᠲᠦᠷᠦᠯ ᠤᠨ ᠭᠢᠴᠢᠶᠠᠯ ᠢ ᠰᠤᠷᠬᠤ ᠳᠤ ᠴᠤ ᠳᠤᠰᠠᠳᠠᠢ ᠪᠣᠯᠳᠠᠭ ᠶᠤᠮ᠃

ᠪᠠᠰᠠ᠂ ᠳᠠᠭᠤᠷᠢᠶᠠᠨ ᠪᠢᠴᠢᠭᠦᠯᠭᠦ ᠡᠭᠦᠷᠭᠡ᠂ ᠳᠠᠰᠬᠠᠯ ᠪᠣᠯᠪᠠᠰᠤᠷᠠᠯ ᠢ ᠪᠠᠢ᠌ᠷᠢᠯᠠᠭᠤᠯᠤᠭᠰᠠᠨ ᠤ ᠳᠠᠷᠠᠭ᠎ᠠ ᠪᠠᠭᠰᠢ ᠡᠴᠡ ᠴᠠᠭ ᠢᠮᠠᠭᠳᠠ ᠵᠢᠭᠠᠨ ᠵᠢᠯᠤᠭᠤᠤᠠᠬᠤ ᠪᠠᠨ ᠪᠠᠷᠢᠮᠳᠠᠯᠠᠬᠤ ᠭᠡᠷᠡᠭ᠍ᠳᠡᠢ ᠪᠦᠭᠡᠳ ᠰᠤᠷᠤᠭᠴᠢ ᠶᠢᠨ ᠵᠤᠬᠢᠶᠠᠯ ᠢ ᠬᠤᠷᠢᠶᠠᠨ ᠠᠪᠣᠭᠰᠠᠨ ᠤ ᠳᠠᠷᠠᠭ᠎ᠠ ᠨᠠᠷᠢᠨ ᠨᠢᠮᠪᠠᠢ ᠭᠢᠨᠠᠵᠤ᠂ ᠴᠤᠬᠤᠯᠠᠪᠣᠷᠢ ᠭᠢᠭᠦ ᠭᠡᠷᠡᠭ᠍ᠳᠡᠢ᠃ ᠰᠠᠢ᠌ᠨ ᠢ ᠨᠢ ᠦᠨᠡᠯᠠᠨ ᠵᠤᠷᠢᠭᠵᠢᠭᠤᠯᠵᠤ᠂ ᠭᠦᠷᠦᠯᠴᠡᠭᠦ ᠦᠭᠡᠶ ᠵᠣᠢ᠌ᠯᠠᠰ ᠢ ᠨᠢ ᠠᠩᠬᠠᠷᠤᠭᠤᠯᠤᠨ ᠣᠠᠴᠠ ᠵᠠᠷᠢᠮ ᠢ ᠨᠢ ᠣᠯᠠᠨ ᠳᠤ ᠣᠩᠰᠢᠨ ᠵᠠᠳᠠᠯᠵᠤ ᠳᠠᠢ᠌ᠯᠪᠣᠷᠢᠯᠠᠵᠤ ᠥᠭ᠍ᠪᠠᠯ ᠳᠠᠳᠠ ᠨᠡᠷ ᠤᠨ ᠬᠠᠮᠤᠭ ᠰᠤᠨᠤᠰᠪᠣᠷᠢ ᠲᠡᠶ ᠵᠢᠱᠢᠶ᠎ᠠ ᠪᠣᠯᠵᠤ ᠮᠠᠳᠠᠨ᠎ᠠ᠃ ᠭᠡᠪᠠᠴᠤ ᠪᠠᠷᠤᠭᠳᠠᠢ ᠪᠢᠴᠢᠭ᠍ᠰᠡᠨ ᠢ ᠨᠢ ᠨᠠᠷ᠎ᠠ ᠳᠤᠷᠠᠳᠤᠨ ᠰᠢᠭᠦᠮᠵᠢᠯᠡᠭᠦ ᠡᠴᠡ ᠵᠠᠢ᠌ᠯᠠᠵᠤ᠂ ᠪᠠᠷᠤᠭᠳᠠᠢ ᠪᠢᠴᠢᠭ᠍ᠰᠡᠨ ᠰᠤᠷᠤᠭᠴᠢ ᠲᠡᠶ ᠡᠭᠦᠨ ᠢ ᠢᠩᠭᠢᠵᠤ ᠳᠦᠷᠰᠦᠯᠡᠭ᠍ᠰᠡᠨ ᠪᠣᠯ᠂ ᠳᠡᠭᠦᠨ ᠢ ᠳᠡᠭᠡᠵᠤ ᠪᠢᠴᠢᠭ᠍ᠰᠡᠨ ᠪᠣᠯ ᠳᠡᠭᠡᠷ᠎ᠡ ᠭᠡᠵᠤ ᠵᠦᠪᠳᠠᠯᠴᠠᠪᠠᠯ ᠦᠷ᠎ᠡ ᠳ᠋ᠦ᠋ᠩ ᠨᠢ ᠣᠠᠴᠠ ᠰᠠᠢ᠌ᠨ ᠪᠠᠢ᠌ᠳᠠᠭ᠃

ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠵᠤᠬᠢᠶᠠᠨ ᠪᠢᠴᠢᠯᠭᠡ ᠶᠢ ᠳᠠᠭᠤᠷᠢᠶᠠᠨ ᠪᠢᠴᠢᠭᠦ ᠡᠴᠡ ᠭᠠᠷᠳᠠᠨ ᠵᠢᠯᠤᠭᠤᠤᠠᠬᠤ ᠨᠢ ᠵᠤᠭᠢᠶᠠᠨ ᠪᠢᠴᠢᠯᠭᠡ ᠳᠤ ᠣᠷᠮ᠎ᠠ ᠪᠠᠬ᠎ᠠ ᠲᠡᠶ ᠪᠣᠯᠬᠤ ᠪᠠ ᠰᠤᠷᠤᠭᠴᠢᠳ ᠤᠨ ᠬᠤᠵᠢᠮ ᠤᠨ ᠰᠤᠷᠤᠯᠴᠠᠯᠭ᠎ᠠ ᠳᠤ ᠲᠤᠩ ᠠᠰᠢᠭᠳᠠᠢ ᠣᠴᠢᠷ ᠡᠴᠡ ᠪᠠᠭᠰᠢ ᠡᠴᠡ ᠡᠨᠡ ᠳᠠᠯ᠎ᠠ ᠪᠠᠷ ᠠᠩᠬᠠᠷᠤᠨ ᠵᠢᠯᠤᠭᠤᠤᠠᠴᠤ ᠪᠣᠯᠤᠮᠠᠷ ᠪᠠᠢ᠌ᠨ᠎ᠠ᠃


ᠰᠢᠯᠢ ᠶᠢᠨ ᠭᠤᠤᠯ ᠠᠢ᠌ᠮᠠᠭ ᠤᠨ ᠪᠠᠷᠠᠭᠤᠨ ᠦᠵᠦᠮᠤᠴᠢᠨ ᠬᠤᠰᠢᠭᠤᠨ ᠤ ᠮᠤᠩᠭ᠋ᠤᠯ ᠨᠢᠭᠡᠳᠦᠭᠡᠷ ᠪᠠᠭ᠎ᠠ ᠰᠤᠷᠭᠠᠭᠤᠯᠢ ᠴᠤᠯᠮᠤᠨ

ᠵᠤᠬᠢᠶᠠᠭᠴᠢ᠄ ᠴᠤᠯᠮᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3737
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ