☆ ᠰ·ᠠᠭᠤᠯᠠ
ᠵᠢᠷᠦᠭᠡᠨ ᠤ ᠴᠠᠢ᠌ᠯᠭᠠᠨ ᠳᠤᠭᠠᠴᠢᠯ
ᠬᠤᠳᠠ ᠳᠤ ᠣᠷᠤᠭᠰᠠᠨ ᠡᠳᠦᠷ ᠤᠳ ᠮᠢᠨᠢ
ᠬᠤᠶᠠᠷ ᠰᠠᠷ᠎ᠠ ᠶᠢᠨ ᠠᠶᠠᠨ ᠠᠯᠤᠰᠯᠠᠯᠠ᠂
ᠬᠤᠭᠤᠴᠠᠬᠤ ᠵᠦᠢ᠌ ᠪᠠᠷ ᠬᠤᠶᠠᠷ ᠵᠢᠷᠦᠭᠡ
ᠬᠤᠯᠠ ᠦᠭᠡᠶ ᠵᠠᠢ᠌ᠳᠠᠢ ᠯᠤᠭᠰᠢᠭᠰᠠᠭᠠᠷ ᠢᠷᠠᠯ᠎ᠠ᠃
ᠨᠠᠢ᠌ᠷ ᠲᠠᠭᠠᠨ ᠴᠢ ᠮᠢᠨᠢ ᠨᠢᠭᠤᠷᠴᠢᠯᠠᠳᠠᠭ ᠦᠭᠡᠶ ᠶᠢ
ᠨᠠᠪᠳᠠ ᠣᠢ᠌ᠯᠭᠠᠵᠤ ᠰᠢᠪᠳᠤ ᠮᠡᠳᠡᠭ᠍ᠰᠡᠨ ᠴᠤ
ᠨᠠᠳᠠ ᠪᠠᠨ ᠭᠡᠭᠦ ᠪᠣᠳᠤᠯ ᠢ ᠴᠢᠨᠢ
ᠨᠠᠯᠠᠵᠤ ᠬᠤᠪᠢᠳᠠᠬᠤ ᠶᠢ ᠰᠠᠨᠠᠵᠤ ᠶᠠᠪᠣᠬᠤ
ᠮᠦᠤᠠᠳᠤ ᠢᠷᠡᠭᠦ ᠪᠠᠢ᠌ᠯᠭᠦᠢ ᠭᠡᠴᠢᠭ᠍ᠰᠡᠨ
ᠪᠠᠭᠤᠳᠠᠯ ᠤᠨ ᠶᠢᠡᠨ ᠨᠤᠮᠸᠷ ᠢ ᠬᠠᠷᠠᠨ ᠬᠠᠷᠠᠨ
ᠪᠠᠭᠤᠤ ᠴᠠᠭ ᠶᠢᠡᠨ ᠰᠢᠷᠳᠠᠵᠤ ᠰᠠᠭᠤᠯ᠎ᠠ
ᠪᠠᠰᠠ ᠳᠡᠭᠡᠭᠡᠳ ᠵᠡᠭᠡᠯᠢ ᠶᠢᠨ ᠵᠠᠮ ᠶᠢᠡᠷ
ᠪᠠᠷ᠎ᠠ ᠶᠢ ᠴᠢᠨᠢ ᠭᠦᠯᠢᠶᠡᠵᠤ ᠮᠠᠯᠠᠷᠠᠵᠤ ᠣᠳᠠᠯ᠎ᠠ᠃
ᠰᠡᠳᠭᠢᠯ ᠰᠡᠳᠭᠢᠯ ᠶᠢᠡᠷ ᠶᠢᠡᠨ ᠳᠠᠨᠢᠯᠴᠠᠭᠰᠠᠨ
ᠰᠥᠰᠦᠭ᠌ ᠪᠠᠳᠤ ᠮᠠᠨ ᠤ ᠶᠠᠪᠣᠯᠴᠠᠭ᠎ᠠ
ᠦᠨᠡᠠᠴᠢ ᠭᠡᠳᠡᠭ᠌ ᠭᠠᠭᠴᠠᠬᠠᠨ ᠬᠠᠶᠢᠭ ᠲᠡᠶ
ᠦᠨᠢᠳᠠ ᠬᠤᠪᠢᠷᠠᠳᠠᠭ ᠦᠭᠡᠶ ᠪᠠᠳᠤᠬᠠᠨ ᠳᠤᠩᠬᠠᠭ ᠲᠡᠶ᠃
ᠬᠠᠷᠢ ᠶᠢᠨ ᠬᠠᠳᠬᠤᠯᠭ᠎ᠠ ᠬᠠᠭᠠᠰᠬᠠᠨ ᠣᠰᠤᠯ ᠡᠴᠡ
ᠬᠠᠶᠠ ᠳᠠᠭᠠᠨ ᠪᠣᠯᠠᠩᠭᠢᠷᠳᠤᠵᠤ ᠮᠡᠳᠡᠭᠦ
ᠬᠠᠨᠢ ᠶᠢᠨ ᠴᠠᠢ᠌ᠯᠭᠠᠨ ᠰᠡᠳᠭᠢᠯ ᠭᠡᠵᠤ
ᠬᠠᠮᠳᠤ ᠶᠢᠨ ᠭᠦᠰᠡᠯ ᠭᠦᠭᠡᠭᠡᠴᠡᠯᠳᠦᠯ
ᠬᠠᠳᠠᠨ ᠪᠠᠳᠤ ᠢᠳᠡᠭᠡᠯ ᠨᠠᠢ᠌ᠳᠠᠯ ᠶᠢᠡᠷ
ᠬᠠᠳᠠᠭᠤᠵᠢᠵᠤ ᠪᠠᠭᠢᠵᠢᠭᠦ ᠣᠴᠢᠷᠳᠠᠢ ᠡᠴᠡ
ᠬᠠᠯᠳᠤ ᠡᠭᠦᠰᠭᠦ ᠰᠡᠵᠢᠭ᠌ ᠳᠠᠭᠠᠪᠣᠷᠢ
ᠬᠠᠷ᠎ᠠ ᠰᠠᠨᠠᠬᠤ ᠬᠠᠷᠠᠰᠠᠯ ᠭᠤᠮᠤᠳᠠᠯ
ᠬᠠᠢ᠌ᠷ᠎ᠠ ᠶᠢᠨ ᠥᠶᠡᠷᠭᠡᠭ᠌ ᠢᠪᠢᠯᠭᠡᠨ ᠳᠤ
ᠬᠠᠨᠢᠯᠠᠵᠤ ᠣᠶᠠᠰᠬᠤ ᠶᠤᠰᠤᠳᠠᠢ ᠪᠢᠯᠠ ︕
ᠦᠨᠡᠨ ᠳ᠋ᠭᠡᠨ ᠪᠢ ᠶᠠᠪᠠᠭᠠᠨ ᠶᠠᠪᠣᠯ᠎ᠠ ᠴᠤ
ᠦᠷᠭᠦᠭᠡᠨ ᠤ ᠴᠢᠨᠢ ᠡᠭᠦᠳᠡ ᠶᠢ ᠳᠤᠭᠰᠢᠪᠠᠯ ᠳᠠᠭᠠᠷᠠᠨ᠎ᠠ
ᠦᠪᠡᠷ ᠤᠨ ᠭᠡᠭ᠍ᠳᠡᠭᠦ ᠨᠠᠢ᠌ᠵᠠ ᠶᠢᠨ ᠶᠢᠡᠨ ᠡᠮᠦᠨ᠎ᠡ
ᠦᠷᠤᠴᠠᠨ ᠤ ᠪᠠᠨ ᠪᠣᠳᠤᠯ ᠢ ᠠᠭᠤᠳᠠᠯᠠᠪᠠᠯ ᠳᠠᠭᠠᠷᠠᠨ᠎ᠠ᠂
ᠥᠯᠢᠭᠡᠷ ᠤᠨ ᠵᠤᠬᠢᠶᠠᠯ᠂ ᠢᠷᠠᠭᠤ ᠨᠠᠢ᠌ᠷᠠᠭ ᠭᠡᠵᠤ
ᠦᠵᠡᠯᠳᠠ ᠳᠡᠯᠭᠡᠨ ᠭᠦᠦᠷᠨᠢᠯᠳᠦᠪᠠᠯ ᠵᠤᠭᠢᠨ᠎ᠠ᠃
ᠣᠮᠤᠭᠯᠠᠩ ᠵᠠᠯᠠᠭᠤ ᠶᠢᠨ ᠭᠡᠨᠡᠨ ᠬᠠᠩᠭ᠋ᠠᠯ ᠪᠣᠳᠤᠯ
ᠣᠷᠭᠠᠯᠠᠵᠤ ᠨᠠᠮ᠎ᠠ ᠶᠢ ᠪᠠᠭᠤᠳᠠᠯ ᠡᠴᠡ ᠪᠣᠴᠠᠭᠤᠯᠤᠯᠠ
ᠣᠳᠠᠵᠤ ᠣᠳᠠᠭᠰᠠᠨ ᠠᠶᠤᠤᠯᠢᠬᠠᠢ ᠴᠡᠭᠡᠵᠢᠨ ᠤ ᠳᠤᠭᠠᠴᠠᠯ
ᠣᠳᠠᠭᠠᠨ ᠬᠤᠨᠤᠭ ᠤᠨ ᠳᠠᠷᠤᠭᠳᠠᠯ ᠳᠠᠭᠠᠨ ᠮᠦᠨ ᠳᠠᠷᠤᠭᠳᠠᠯ᠎ᠠ᠃
ᠨᠥᠭᠦᠷᠯᠡᠯ ᠳᠡᠭᠡᠨ ᠶᠠᠷ᠎ᠠ ᠪᠣᠭᠤᠳᠠᠭ ᠦᠭᠡᠶ
ᠨᠥᠭᠦᠤᠨ ᠤᠨ ᠬᠠᠢ᠌ᠷ᠎ᠠ ᠪᠠᠨ ᠪᠢ ᠨᠠᠠᠳᠢᠩᠨᠠᠨᠠ
ᠨᠥᠯᠦᠭᠡᠯᠡᠵᠤ ᠨᠠᠮ᠎ᠠ ᠶᠢ ᠣᠢ᠌ᠯᠠᠰ ᠲᠤ ᠪᠦᠳᠤᠨ ᠠᠯᠬᠤᠭᠤᠯᠤᠭᠰᠠᠨ
ᠨᠥᠭᠦᠤᠨ ᠲᠡᠭᠡᠨ ᠪᠢ ᠭᠡᠵᠢᠶᠡᠳᠡ ᠰᠢᠯᠤᠭᠤᠬᠠᠨ ᠬᠠᠠᠳᠤᠨ᠎ᠠ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ