ᠨᠡᠪᠲᠡᠷᠡᠨ ᠤᠷᠤᠬᠤ
ᠮᠤᠩᠭ᠋ᠤᠯᠴᠤᠳ

ᠮᠤᠩᠭ᠋ᠤᠯᠴᠤᠳ ᠭᠡᠳᠡᠭ᠌ ᠴᠢᠨᠢ

ᠳᠤᠯᠭᠠᠨ ᠳᠠᠭᠠᠨ ᠠᠷᠭᠠᠯ ᠤᠨ ᠭᠦᠭᠡ ᠣᠴᠢ ᠪᠠᠳᠠᠷᠭᠠᠭᠰᠠᠨ

ᠳᠤᠭᠤᠨᠤ ᠪᠠᠷ ᠶᠢᠡᠨ ᠠᠯᠳᠠᠨ ᠨᠠᠷᠠᠨ ᠤ ᠰᠠᠴᠤᠷᠠᠭ ᠳᠠᠯᠠᠯᠤᠭᠰᠠᠨ

ᠠᠭᠤᠤ ᠳᠤᠭᠤᠷᠭᠠᠳᠤ ᠦᠨᠳᠦᠰᠦᠳᠠᠨ ᠡ︕

ᠮᠤᠩᠭ᠋ᠤᠯᠴᠤᠳ ᠭᠡᠳᠡᠭ᠌ ᠴᠢᠨᠢ

ᠳᠡᠯᠭᠡᠨ ᠪᠠᠷᠢᠭᠰᠠᠨ ᠬᠠᠳᠠᠭ ᠲᠤ ᠪᠠᠨ ᠢᠷᠦᠭᠡᠯ ᠲᠡᠶ

ᠳᠡᠯᠡᠭᠡᠢ᠂ ᠳᠡᠭ᠍ᠷᠢ ᠬᠤᠶᠠᠷ ᠲᠠᠭᠠᠨ ᠰᠥᠵᠢᠭ᠌ ᠲᠡᠶ

ᠳᠠᠪᠠᠯ ᠶᠢᠡᠷ ᠭᠤᠶᠤᠭᠰᠠᠨ ᠭᠦᠮᠦᠰ ᠡ︕

ᠮᠤᠩᠭ᠋ᠤᠯᠴᠤᠳ ᠭᠡᠳᠡᠭ᠌ ᠴᠢᠨᠢ

ᠬᠠᠠᠳᠤᠭᠰᠠᠨ ᠵᠥᠭ᠌ ᠲᠤ ᠳᠠᠢ᠌ᠰᠤᠨ ᠦᠭᠡᠶ ᠶᠠᠪᠣᠭᠰᠠᠨ ᠪᠠᠭᠠᠳᠤᠷ ᠭᠦᠮᠦᠰ

ᠬᠠᠷᠠᠭᠰᠠᠨ ᠳᠡᠭ᠍ᠷᠢ᠂ ᠣᠨᠠᠭᠰᠠᠨ ᠭᠠᠵᠠᠷ ᠲᠡᠶ

ᠬᠠᠭᠠᠨ ᠴᠢᠩᠭᠢᠰ ᠤᠨ ᠦᠷ᠎ᠡ ᠬᠣᠢ᠌ᠴᠢᠰ ᠡ︕

ᠡᠭᠡ ᠡᠴᠡ ᠣᠨᠠᠵᠤ ᠳᠦᠷᠦᠭᠦ ᠳᠡᠭᠡᠨ ᠥᠭᠡᠵᠢᠭ᠌ ᠲᠡᠭᠡᠨ ᠳᠤᠯᠪᠣ ᠲᠡᠶ ᠮᠤᠩᠭ᠋ᠤᠯᠴᠤᠳ

ᠡᠭᠡᠨᠡᠭ᠍ᠳᠡ ᠶᠢᠨ ᠲᠦᠪᠰᠢᠨ ᠵᠠᠶᠠᠭ᠎ᠠ ᠪᠠᠷ ᠨᠢ᠋ᠮᠠᠨ ᠵᠠᠭᠤᠨ ᠢ ᠰᠤᠠᠳᠠᠯᠠᠭᠰᠠᠨ ᠶᠤᠮ᠂

ᠡᠷᠳᠡᠨᠢᠳᠤ ᠭᠦᠯᠦᠭ᠌ ᠤᠨ ᠶᠢᠡᠨ ᠨᠢᠷᠤᠭᠤᠨ ᠳᠤ ᠳᠡᠦᠭᠡ ᠪᠠᠨ ᠪᠦᠳᠦᠭᠡᠭ᠍ᠰᠡᠨ ᠮᠤᠩᠭ᠋ᠤᠯᠴᠤᠳ

ᠡᠷᠭᠡᠳᠤ ᠲᠦᠷᠦ ᠶᠢᠨ ᠳᠠᠮᠠᠭ᠎ᠠ ᠪᠠᠨ ᠡᠳᠦᠢ ᠭᠦᠷᠳᠡᠯ᠎ᠡ ᠬᠠᠳᠠᠭᠠᠯᠠᠭᠰᠠᠨ ᠶᠤᠮ︕

ᠶᠡᠭᠡ ᠴᠢᠩᠭᠢᠰ ᠤᠨ ᠮᠡᠡᠳᠦᠯᠡᠭ᠍ᠰᠡᠨ ᠮᠢᠩᠭ᠋᠎ᠠ ᠨᠢᠭᠡ ᠵᠠᠭᠤᠨ ᠵᠢᠷᠠᠨ ᠵᠢᠷᠭᠤᠭᠠᠨ ᠣᠨ

ᠶ‍ᠢᠷᠳᠢᠠᠴᠤ ᠳᠡᠯᠡᠭᠡᠢ ᠳᠤ ᠮᠤᠩᠭ᠋ᠤᠯ ᠨᠠᠷ᠎ᠠ ᠲᠡᠶ ᠶᠠᠷᠤ ᠪᠣᠰᠤ ᠶᠢᠨ ᠨᠢ᠋ᠮᠠᠨ ᠵᠠᠭᠤᠨ ᠵᠢᠯ

ᠮᠤᠩᠭ᠋ᠤᠯ ᠠᠢ᠌ᠮᠠᠭ ᠨᠢᠭᠡᠳᠦᠭ᠍ᠰᠡᠨ ᠮᠢᠩᠭ᠋᠎ᠠ ᠬᠤᠶᠠᠷ ᠵᠠᠭᠤ ᠪᠦᠭᠡᠳ ᠵᠢᠷᠭᠤᠭᠠᠨ ᠣᠨ

ᠮᠤᠬᠤᠵᠤ ᠰᠥᠨᠦᠭᠡ ᠦᠭᠡᠶ ᠶᠡᠭᠡ ᠠᠯᠳᠠᠷ ᠵᠠᠭᠤᠨ ᠵᠠᠭᠤᠨ ᠤ ᠳᠡᠦᠭᠡ︕

ᠡᠯᠦᠡᠴᠡ ᠬᠤᠯᠤᠠᠴᠠ ᠶᠢᠨ ᠦᠶ᠎ᠡ ᠡᠴᠡ ᠰᠢᠳᠤᠵᠤ ᠳᠡᠭᠡᠵᠢᠯᠡᠵᠤ ᠢᠷᠡᠭ᠍ᠰᠡᠨ

ᠡᠭᠡ ᠮᠤᠩᠭ᠋ᠤᠯ ᠣᠷᠤᠨ ᠤ ᠮᠢᠨᠢ ᠠᠭᠤᠯᠠᠨ ᠣᠪᠣᠭ᠎ᠠ ᠪᠦᠭᠦᠨ ᠳᠤ

ᠡᠯᠢᠭᠡᠨ ᠣᠯᠠᠨ ᠲᠦᠮᠡᠨ ᠤ ᠮᠢᠨᠢ ᠡᠷᠭᠦᠵᠤ ᠳᠠᠯᠪᠢᠭᠰᠠᠨ ᠳᠠᠭᠢᠯᠭ᠎ᠠ ᠪᠣᠢ

ᠡᠩᠭᠡ ᠮᠠᠠᠳᠤ ᠶᠢᠨ ᠳᠤᠩᠬᠠᠭ —ᠨᠠᠮᠢᠷᠠᠭᠰᠠᠨ ᠣᠯᠠᠨ ᠬᠠᠳᠠᠭ ᠪᠣᠢ᠃

ᠨᠠᠢ᠌ᠷ ᠳᠤᠨᠢ ᠭᠤᠷᠪᠠᠨ ᠳᠠᠭᠤᠤ ᠰᠢᠩᠭᠡᠭ᠍ᠰᠡᠨ

ᠨᠠᠭᠠᠳᠤᠮ ᠳ᠋ᠤᠨᠢ ᠭᠤᠷᠪᠠᠨ ᠰᠤᠷᠢᠭ᠎ᠠ ᠠᠭᠤᠰᠤᠭᠰᠠᠨ

ᠨᠠᠯᠠᠭᠠᠷ ᠠᠭᠤᠵᠢᠮ ᠣᠷᠤᠨ ᠪᠠᠢ᠌ᠭ᠎ᠠ ᠡ

ᠨᠠᠭᠠᠳᠤᠭᠢ ᠴᠢᠨᠢ ᠮᠤᠩᠭ᠋ᠤᠯᠴᠤᠳ ᠤᠨ ᠨᠤᠳᠤᠭ ᠡ︕

ᠳᠡᠷᠭᠡᠯ ᠰᠠᠷᠠᠨ ᠰᠦᠨᠢ ᠳᠤᠵᠢ ᠮᠡᠯᠮᠡᠷᠡᠭ᠍ᠰᠡᠨ

ᠳᠡᠭ᠍ᠷᠢ ᠶᠢᠨ ᠨᠠᠷᠠᠨ ᠡᠭᠡᠭᠦ ᠳᠤᠷ᠎ᠠ ᠦᠭᠡᠶ ᠰᠠᠭᠠᠳᠠᠭᠰᠠᠨ

ᠳᠡᠨᠢᠭᠡᠷ ᠠᠭᠤᠳᠠᠮ ᠣᠷᠤᠨ ᠪᠠᠢ᠌ᠭ᠎ᠠ ᠡ

ᠳᠠᠷᠠ ᠴᠢᠨᠢ ᠮᠤᠩᠭ᠋ᠤᠯᠴᠤᠳ ᠤᠨ ᠨᠤᠳᠤᠭ ᠡ︕

ᠣᠷᠢᠳᠤ ᠡᠴᠡ ᠪᠠᠨ ᠡᠪᠦᠭᠡ ᠳᠡᠭᠡᠳᠦᠰ ᠨᠢᠭᠡᠳᠡᠢ

ᠣᠭ ᠡᠴᠡ ᠪᠠᠨ ᠣᠳᠤᠮ ᠣᠭᠰᠠᠭ᠎ᠠ ᠨᠢᠭᠡᠳᠡᠢ ᠮᠤᠩᠭ᠋ᠤᠯᠴᠤᠳ ᠪᠢᠳᠠ ᠴᠢᠨᠢ

ᠠᠭᠤᠵᠢᠮ ᠣᠷᠴᠢᠯᠠᠩ ᠳᠤ ᠭᠦᠮᠤᠨ ᠪᠣᠯᠵᠤ ᠳᠦᠷᠦᠭ᠍ᠰᠡᠨ ᠵᠠᠶᠠᠭ᠎ᠠ ᠨᠢᠭᠡᠳᠡᠢ ᠣᠯᠤᠰ

ᠣᠳᠤᠮᠳᠤ ᠮᠤᠩᠭ᠋ᠤᠯ ᠳᠠᠭᠠᠨ ᠭᠦᠤ ᠨᠢ ᠪᠣᠯᠵᠤ ᠮᠡᠡᠳᠦᠯᠡᠭ᠍ᠰᠡᠨ ᠳᠠᠪᠢᠯᠠᠩ ᠦᠨᠳᠦᠷ ᠭᠦᠮᠦᠰ ᠡ︕

ᠦᠰ ᠪᠣᠳᠤᠵᠤ᠂ ᠦᠰᠢᠶ᠎ᠠ ᠠᠪᠣᠭᠰᠠᠨ ᠰᠠᠮᠠᠭᠤᠨ ᠦᠶ᠎ᠡ ᠳᠤ ᠴᠤ

ᠦᠨᠳᠦᠷ ᠪᠣᠷᠬᠠᠨ ᠬᠠᠯᠳᠤᠨ ᠰᠦᠷ ᠶᠢᠡᠨ ᠠᠯᠳᠠᠭᠰᠠᠨ ᠦᠭᠡᠶ ᠰᠡᠭᠦᠢᠵᠤ ᠪᠠᠢ᠌ᠭᠰᠠᠨ ᠶᠤᠮ

ᠥᠷᠭᠦᠯᠵᠢ ᠳᠠᠢ᠌ᠨ ᠳᠠᠵᠢᠨ ᠲᠡᠶ ᠬᠠᠳᠠᠭᠤ ᠪᠠᠷᠭᠡ ᠴᠠᠭ ᠲᠤ ᠴᠤ

ᠥᠭᠡᠯᠤᠨ ᠡᠭᠡ ᠶᠢᠨ ᠰᠥ᠋ ᠴᠢᠰᠤ ᠦᠭᠡᠶ ᠠᠷᠢᠭᠤᠨ ᠪᠠᠢ᠌ᠭᠰᠠᠨ ᠶᠤᠮ︕

ᠳᠠᠮᠤᠵᠢᠨ ᠵᠠᠮᠤᠬ᠎ᠠ ᠬᠤᠶᠠᠷ ᠤᠨ ᠨᠥᠭᠦᠷᠯᠡᠯ ᠳᠤ

ᠳᠢᠪ ᠳᠡᠯᠡᠭᠡᠢ ᠣᠶᠠᠷᠠᠵᠤ ᠪᠠᠢ᠌ᠭᠰᠠᠨ ᠶᠤᠮ᠂

ᠳᠠᠳᠠ ᠬᠤᠶᠠᠷ ᠤᠨ ᠡᠪᠳᠡᠷᠡᠯ ᠬᠠᠭᠠᠴᠠᠯ ᠳᠤ

ᠳᠡᠭ᠍ᠷᠢ ᠭᠠᠵᠠᠷ ᠳᠤᠷᠭᠢᠯᠵᠤ ᠪᠠᠢ᠌ᠭᠰᠠᠨ ᠶᠤᠮ᠃

ᠳᠠᠢ᠌ᠮᠤ ᠠᠭᠤᠤ ᠭᠦᠮᠦᠰ ᠤᠨ ᠬᠣᠢ᠌ᠴᠢ ᠪᠣᠯᠤᠭᠰᠠᠨ ᠮᠤᠩᠭ᠋ᠤᠯᠴᠤᠳ

ᠳᠡᠭ᠍ᠷᠢᠯᠢᠭ᠌ ᠳᠡᠦᠭᠡ ᠶᠢᠨ ᠮᠠᠠᠴᠤᠢ ᠳᠤ ᠣᠭᠢᠯᠠᠵᠤ ᠢᠷᠡᠭ᠍ᠰᠡᠨ ᠲᠦᠮᠡᠨ

ᠳᠡᠷᠳᠡᠭᠡ ᠠᠯᠤᠰ ᠠᠷᠪᠠᠨ ᠭᠤᠷᠪᠠᠳᠤᠭᠠᠷ ᠵᠠᠭᠤᠨ ᠤ ᠬᠠᠭᠠᠨ ᠶᠡᠭᠡ ᠭᠦᠷᠤᠨ

ᠳᠠᠮᠤᠵᠢᠨ ᠤ ᠦᠷ᠎ᠡ ᠬᠣᠢ᠌ᠴᠢ — ᠪᠠᠯᠠᠷᠠᠬᠤ ᠶᠤᠰᠤ ᠦᠭᠡᠶ ᠣᠭᠰᠠᠭ᠎ᠠ᠃

ᠡᠭᠦᠯᠡ ᠳᠠᠯᠳᠠᠯᠠᠭᠰᠠᠨ ᠡᠪᠦᠭᠡᠳ ᠳᠡᠭᠡᠳᠦᠰ ᠮᠢᠨᠢ

ᠠᠮᠤᠭᠤᠯᠠᠩ ᠨᠣᠢ᠌ᠷᠰᠤᠬᠤ ᠪᠣᠯᠳᠤᠭᠠᠢ︕

ᠦᠷ᠎ᠡ ᠣᠳᠤᠮ ᠨᠢ ᠪᠦᠭᠦᠳᠡᠭᠡᠷ

ᠵᠢᠷᠭᠠᠯᠠᠩ ᠣᠷᠤᠰᠢᠬᠤ ᠪᠣᠯᠳᠤᠭᠠᠢ︕


2008.12.14

ᠵᠤᠬᠢᠶᠠᠭᠴᠢ᠄ ᠡᠷᠭᠢᠮᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3118
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ