ᠨᠡᠪᠲᠡᠷᠡᠨ ᠤᠷᠤᠬᠤ
ᠬᠠᠷᠢᠶᠠᠴᠠᠢ ᠶᠢᠨ ᠠᠶᠠᠯᠠᠯ

ᠣᠮᠠᠷᠠᠳᠤ ᠣᠷᠤᠨ ᠳᠤ ᠳᠡᠭ᠍ᠷᠢ ᠭᠦᠢᠳᠡᠷᠡᠵᠤ᠂ ᠮᠤᠳᠤᠨ ᠨᠠᠪᠴᠢᠰ ᠰᠢᠷᠠᠯᠠᠵᠤ ᠣᠨᠠᠬᠤ ᠳᠤ ᠬᠠᠷᠢᠶᠠᠴᠠᠢ ᠡᠵᠢ᠄ 《ᠬᠡᠦᠬᠡᠳ ᠤᠳ ᠡ᠂ ᠪᠢᠳᠠ ᠡᠮᠦᠨᠡᠳᠤ ᠨᠤᠳᠤᠭ ᠲᠤ ᠶᠠᠪᠣᠬᠤ ᠴᠠᠭ ᠪᠤᠯᠤᠯ᠎ᠡ᠃ ᠳᠦᠷᠭᠡᠨ ᠪᠡᠯᠡᠳᠭᠡ ︕ ᠰᠦᠷᠦᠭ᠌ ᠡᠴᠠ ᠪᠠᠨ ᠪᠣᠤ ᠯᠠ ᠬᠤᠴᠤᠷᠴᠢᠬᠠᠶ᠎ᠠ》 ᠭᠡᠵᠤ ᠭᠤᠷᠪᠠᠨ ᠬᠡᠦᠬᠡᠳ ᠶᠢᠡᠨ ᠳᠠᠭᠤᠳᠠᠨ᠎ᠠ᠃

ᠪᠠᠭ᠎ᠠ ᠭᠡᠦᠭᠡᠨ ᠨᠢ᠄ 《ᠪᠢᠳᠠ ᠶᠠᠭᠤᠨ ᠳᠤ ᠡᠮᠦᠨᠡᠳᠤ ᠨᠤᠳᠤᠭ ᠲᠤ ᠶᠠᠪᠣᠬᠤ ᠪᠣᠢ ︖》 ᠭᠡᠵᠤ ᠡᠷᠭᠡᠯᠡᠨ ᠠᠰᠠᠭᠤᠨ᠎ᠠ᠃

ᠬᠠᠷᠢᠶᠠᠴᠠᠢ ᠡᠵᠢ᠄ 《ᠪᠢᠳᠡ ᠶᠠᠪᠣᠬᠤ ᠦᠭᠡᠶ ᠪᠣᠯᠬᠤ ᠦᠭᠡᠶ᠂ ᠡ᠊ᠨᠳᠡ ᠣᠳᠠᠬᠤ ᠦᠭᠡᠶ ᠪᠢᠳᠠᠨ ᠳᠤ ᠢᠳᠡᠭᠦ ᠶᠠᠭᠤᠮ᠎ᠠ ᠣᠯᠳᠠᠬᠤ ᠦᠭᠡᠶ ᠪᠣᠯᠤᠨ᠎ᠠ᠃ ᠳᠠᠭᠢᠭᠠᠤᠨ ᠭᠡᠯᠡᠪᠠᠯ ᠪᠢᠳᠠᠨ ᠳᠤ ᠪᠠᠶ᠎ᠠ ᠪᠠᠨ ᠳᠤᠯᠠᠭᠠᠯᠠᠬᠤ ᠴᠢᠳᠠᠪᠣᠷᠢ ᠦᠭᠡᠶ ᠰᠢᠤ᠂ ᠬᠤᠷᠳᠤᠨ ᠶᠠᠪᠣᠶ᠎ᠠ》 ᠭᠡᠪᠡ᠃

ᠳᠡᠭᠡᠭᠡᠳ ᠬᠠᠷᠢᠶᠠᠴᠠᠢ ᠡᠵᠢ ᠭᠤᠷᠪᠠᠨ ᠬᠡᠦᠬᠡᠳ ᠶᠢᠡᠨ ᠳᠠᠭᠠᠭᠤᠯᠤᠨ ᠡᠩᠨᠡᠭᠡ ᠪᠠᠨ ᠴᠢᠭᠯᠡᠭᠡᠳ ᠨᠢᠰᠤᠯ᠎ᠠ᠃ ᠳᠠᠮᠠᠢ ᠣᠳᠠᠭᠰᠠᠨ ᠦᠭᠡᠶ ᠨᠢᠭᠡ ᠨᠠᠭᠤᠷ ᠤᠨ ᠭᠦᠪᠠᠭᠡᠨ ᠳᠤ ᠭᠦᠷᠴᠤ ᠢᠷᠠᠪᠠ᠃ ᠡ᠊ᠨᠳᠡ ᠳᠤᠩ ᠣᠯᠠᠨ ᠰᠢᠪᠠᠭᠤ ᠴᠤᠭᠯᠠᠷᠠᠵᠤ᠂ ᠳᠠᠷᠢ ᠳᠡᠭ᠍ᠰᠢ ᠮᠦᠷᠯᠡᠭᠡᠳ ᠰᠦᠷᠦᠭ᠌ ᠤᠨ ᠮᠠᠩᠯᠠᠢ ᠶᠢᠨ ᠶᠢᠡᠨ ᠵᠠᠷᠯᠢᠭ ᠢ ᠭᠦᠯᠢᠶᠡᠵᠤ ᠪᠠᠢ᠌ᠯ᠎ᠠ᠃ ᠶᠠᠪᠣᠬᠤ ᠳᠤᠷ᠎ᠠ ᠦᠭᠡᠶ ᠪᠠᠢ᠌ᠭᠰᠠᠨ ᠬᠠᠷᠢᠶᠠᠴᠠᠢ ᠭᠡᠦᠭᠡᠨ ᠡᠨᠡᠭᠦ ᠪᠠᠢ᠌ᠳᠠᠯ ᠢ ᠥᠵᠡᠭᠡᠳ ᠣᠷᠮ᠎ᠠ ᠰᠡᠳᠬᠢᠯᠭᠡ ᠨᠢ ᠭᠦᠭ᠍ᠵᠢᠭᠡᠳ ᠡᠢ᠌ᠰᠢ ᠳᠠᠢ᠌ᠰᠢ ᠪᠠᠨ ᠠᠵᠢᠭᠯᠠᠵᠤ ᠰᠤᠨᠢᠷᠬᠠᠯ᠎ᠠ᠃ ᠳᠠᠷᠠ ᠪᠦᠳᠦᠭᠦᠨ ᠮᠤᠳᠤᠨ ᠤ ᠴᠠᠭᠠᠨ᠎ᠠ ᠨᠢᠭᠡ ᠠᠩᠴᠢᠨ ᠪᠠᠢ᠌ᠬᠤ ᠶᠢ ᠣᠯᠵᠤ ᠥᠵᠡᠭᠡᠳ᠄ 《ᠠᠩᠴᠢᠨ ︕》 ᠭᠡᠵᠤ ᠪᠠᠷᠭᠢᠷᠠᠭᠰᠠᠨ ᠳᠤ ᠰᠢᠪᠠᠭᠤᠳ ᠵᠡᠷᠭᠡ ᠪᠠᠷ ᠫᠠᠷᠴᠢᠭᠢᠨᠠᠳᠠᠯ᠎ᠠ ᠨᠢᠰᠪᠡ᠃ ᠡᠨᠡ ᠦᠶ᠎ᠡ ᠳᠤ ᠠᠩᠴᠢᠨ ᠤ ᠫᠣᠤ ᠶᠢᠨ ᠳᠠᠭᠤᠨ ᠴᠤ ᠭᠠᠷᠴᠤ ᠶᠠᠭ ᠬᠠᠷᠢᠶᠠᠴᠠᠢ ᠭᠡᠦᠭᠡᠨ ᠤ ᠬᠠᠵᠠᠭᠤ ᠳᠤ ᠪᠠᠢ᠌ᠭᠰᠠᠨ ᠨᠢᠭᠡ ᠬᠡᠦᠬᠡᠳ ᠤᠨ ᠦᠷᠦᠭᠡᠰᠤᠨ ᠳᠠᠯᠠᠪᠴᠢ ᠶᠢ ᠰᠢᠷᠬᠠᠳᠤᠭᠤᠯᠪᠠ᠃ ᠳᠠᠷᠠ ᠬᠡᠦᠬᠡᠳ ᠡᠵᠢ ᠶᠢᠨ ᠶᠢᠡᠨ ᠳᠤᠰᠠᠯᠠᠮᠵᠢ ᠪᠠᠷ ᠠᠷᠠᠢ ᠴᠢᠷᠠᠢ ᠨᠢᠰᠤᠨ᠎ᠠ᠃ ᠬᠠᠷᠢᠶᠠᠴᠠᠢ ᠭᠡᠦᠭᠡᠨ ᠤ ᠵᠢᠷᠦᠭᠡ 《ᠫᠣᠤᠨ ᠫᠣᠤᠨ》 ᠴᠤᠭᠢᠯᠠᠵᠤ᠂ ᠠᠬ᠎ᠠ ᠡᠭᠡᠴᠢ ᠪᠣᠯᠤᠨ ᠡᠵᠢ ᠶᠢᠨ ᠶᠢᠡᠨ ᠳᠤᠮᠳᠠ ᠰᠢᠷᠭᠤᠨ ᠣᠷᠤᠵᠤ ᠨᠢᠰᠤᠯ᠎ᠠ᠃ ᠰᠦᠷᠦᠭ᠌ ᠤᠨ ᠮᠠᠩᠯᠠᠢ ᠵᠠᠷᠯᠢᠭ ᠪᠠᠭᠤᠯᠭᠠᠵᠤ ᠵᠢᠭᠰᠠᠭᠠᠯ ᠢ ᠡᠮᠭᠢᠯᠡᠵᠤ ᠠᠪᠣᠪᠠ᠃

《ᠶᠠᠮᠠᠷ ᠠᠶᠤᠯ ᠲᠡᠶ ᠪᠣᠢ ︖ ᠡᠵᠢ ᠡ᠂ ᠪᠢᠳᠠ ᠶᠠᠪᠣᠬᠤ ᠦᠭᠡᠶ ᠪᠠᠢ᠌ᠵᠤ ᠪᠣᠯᠤᠨ᠎ᠠ ᠦᠦ ︖ ᠳᠠᠭᠢᠭᠠᠤᠨ ᠭᠡᠯᠡᠪᠠᠯ ᠭᠡᠳᠦᠢ ᠣᠳᠠᠭᠠᠨ ᠨᠢᠰᠪᠠᠯ ᠰᠠ‍‌ᠶᠢ ᠡᠮᠦᠨᠡᠳᠤ ᠣᠷᠤᠨ ᠳᠤ ᠭᠦᠷᠭᠦ ᠶᠤᠮ ᠪᠣᠢ ︖》 ᠭᠡᠵᠤ ᠬᠠᠷᠢᠶᠠᠴᠠᠢ ᠭᠡᠦᠭᠡᠨ ᠠᠰᠠᠭᠤᠨ᠎ᠠ᠃

ᠬᠠᠷᠢᠶᠠᠴᠠᠢ ᠡᠵᠢ᠄ 《ᠪᠣᠯᠬᠤ ᠦᠭᠡᠶ ᠰᠢᠤ᠂ ᠣᠳᠠᠭᠠᠨ ᠳᠠᠭᠠᠨ ᠳᠠᠪᠣ ᠵᠢᠷᠭᠤᠭᠠᠨ ᠡᠳᠦᠷ ᠨᠢᠰᠪᠠᠯ ᠭᠦᠷᠴᠢᠭᠡᠨ᠎ᠡ᠃ ᠡᠨᠡ ᠪᠣᠯ ᠨᠢᠭᠡ ᠬᠠᠳᠠᠭᠤᠵᠢᠯᠳᠠᠢ ᠠᠶᠠᠨ ᠶᠤᠮ᠂ ᠵᠤᠷᠢᠭᠳᠠᠢ ᠪᠠᠢ ︕ ᠶᠠᠳᠠᠷᠠᠪᠠᠯ ᠡᠵᠢ ᠨᠢ ᠴᠢᠮ᠎ᠠ ᠶᠢ ᠡᠭᠦᠷᠦᠶ᠎ᠡ》 ᠭᠡᠭᠦ ᠳᠤ ᠠᠬ᠎ᠠ ᠡᠭᠡᠴᠢ ᠨᠢ ᠪᠠᠰᠡ᠄ 《ᠳᠡᠭᠦᠤ ᠮᠢᠨᠢ ᠵᠤᠷᠢᠭᠳᠠᠢ ᠪᠠᠢ ︕ ᠪᠢᠳᠠ ᠪᠠᠰᠠ ᠪᠠᠢ᠌ᠨ᠎ᠠ ᠰᠢᠤ᠂ ᠮᠢᠨᠤ ᠳᠡᠭᠦᠤ ᠠᠩᠴᠢᠨ ᠤ ᠣᠴᠢᠷ ᠲᠤ ᠭᠠᠪᠢᠶ᠎ᠠ ᠪᠠᠢ᠌ᠭᠤᠯᠤᠭᠰᠠᠨ ᠶᠤᠮ ᠰᠢᠤ》 ᠭᠡᠵᠤ ᠵᠤᠷᠢᠭᠵᠢᠭᠤᠯᠤᠨ᠎ᠠ᠃

ᠰᠢᠪᠠᠭᠤᠳ ᠤᠨ ᠵᠢᠭᠰᠠᠭᠠᠯ ᠦᠨᠳᠦᠷ ᠠᠭᠤᠯᠠ ᠶᠢ ᠳᠡᠪᠠᠵᠤ᠂ ᠦᠷᠭᠡᠨ ᠳᠠᠯ᠎ᠠ ᠶᠢ ᠳᠤᠭᠤᠯᠵᠤ ᠣᠷᠤᠭᠰᠢᠯᠠᠨ᠎ᠠ᠃ ᠬᠠᠷᠢᠶᠠᠴᠠᠢ ᠭᠡᠦᠭᠡᠨ ᠡᠢ᠌ᠰᠢ ᠳᠠᠢ᠌ᠰᠢ ᠠᠵᠢᠭᠯᠠᠵᠤ ᠨᠢᠰᠦᠭ᠍ᠰᠡᠭᠡᠷ ᠪᠠᠢ᠌ᠵᠤ ᠨᠢᠭᠡᠨ ᠶᠡᠭᠡ ᠣᠢ ᠰᠢᠭᠤᠢ ᠶᠢ ᠣᠯᠵᠤ ᠬᠠᠷᠠᠪᠠ᠃ ᠳᠠᠷᠠ ᠳᠤᠩ ᠪᠠᠶᠠᠷᠯᠠᠵᠤ᠄ 《ᠣᠷᠤᠢ ᠪᠣᠯᠤᠯ᠎ᠠ᠂ ᠪᠢᠳᠠ ᠯᠠᠪ ᠳᠠᠷᠠ ᠣᠢ ᠳᠤ ᠠᠮᠠᠷᠠᠬᠤ ᠪᠠᠢ᠌ᠬ᠎ᠠ》 ᠭᠡᠪᠡ᠃

ᠬᠠᠷᠢᠶᠠᠴᠠᠢ ᠡᠵᠢ᠄ 《ᠤᠤᠯ ᠨᠢ ᠡ᠊ᠨᠳᠡ ᠠᠮᠠᠷᠠᠵᠤ ᠪᠠᠢ᠌ᠭᠰᠠᠨ᠂ ᠭᠡᠳᠡᠯ᠎ᠡ ᠣᠳᠤ ᠮᠤᠳᠤ ᠨᠢ ᠰᠥᠢᠳᠦᠭᠡᠳ ᠠᠮᠠᠷᠠᠬᠤ ᠭᠠᠵᠠᠷ ᠦᠭᠡᠶ ᠪᠤᠯᠵᠠᠢ᠃ ᠰᠦᠷᠦᠭ᠌ ᠤᠨ ᠳᠦᠷᠦᠭᠦᠤ ᠯᠠᠪ ᠨᠢᠭᠡ ᠰᠠᠢ᠌ᠬᠠᠨ ᠭᠠᠵᠠᠷ ᠰᠤᠩᠭ᠋ᠤᠬᠤ ᠶᠤᠮ》 ᠭᠡᠪᠡ᠃

ᠬᠠᠷᠢᠶᠠᠴᠠᠢ ᠭᠡᠦᠭᠡᠨ ᠤᠢ᠌ᠷᠠᠳᠤᠭᠠᠤᠨ ᠥᠵᠡᠭ᠍ᠰᠡᠨ ᠴᠢᠨᠢ ᠣᠯᠠᠩᠭᠢ ᠮᠤᠳᠤ ᠨᠢ ᠪᠦᠷ ᠴᠠᠪᠴᠢᠭᠳᠠᠭᠠᠤᠨ ᠦᠨᠳᠦᠰᠦ ᠥᠯᠡᠳᠡᠭ᠍ᠰᠡᠨ ᠪᠠᠢ᠌ᠪᠠ᠃ ᠳᠠᠳᠠᠨ ᠤ ᠠᠶᠠᠨ ᠦᠷᠭᠦᠯᠵᠢᠯᠡᠵᠤ ᠯᠠ ᠪᠠᠢ᠌ᠯ᠎ᠠ᠃ ᠪᠦᠷᠦᠢ ᠪᠣᠯᠬᠤ ᠦᠶ᠎ᠡ ᠳᠤ ᠨᠢᠭᠡ ᠨᠠᠭᠤᠷ ᠤᠨ ᠭᠦᠪᠠᠭᠡᠨ ᠳᠤ ᠭᠦᠷᠴᠤ ᠪᠠᠭᠤᠳᠠᠯᠯᠠᠪᠠ᠃ ᠪᠦᠳᠤᠨ ᠨᠢᠭᠡ ᠡᠳᠦᠷ ᠵᠤᠭᠰᠤᠯᠳᠠ ᠦᠭᠡᠶ ᠨᠢᠰᠦᠭ᠍ᠰᠡᠨ ᠪᠣᠯᠬᠤᠷ ᠬᠠᠷᠢᠶᠠᠴᠠᠢ ᠭᠡᠦᠭᠡᠨ ᠳᠤᠩ ᠶᠠᠳᠠᠷᠴᠠᠢ᠃ ᠬᠤᠭᠤᠯᠠ ᠪᠠᠨ ᠢᠳᠡᠮᠡᠭ᠍ᠴᠡ ᠡᠵᠢ ᠶᠢᠨ ᠶᠢᠡᠨ ᠬᠠᠵᠠᠭᠤ ᠳᠤ ᠪᠣᠭᠵᠣᠢ᠌ᠵᠤ ᠭᠡᠪᠳᠡᠭᠡᠳ ᠣᠠᠳᠠᠴᠢᠬᠠᠪᠠ᠃

ᠮᠠᠷᠭᠠᠰᠢ ᠦᠷᠯᠦᠭᠡ ᠨᠢ ᠳᠠᠭᠢᠭᠠᠤᠨ ᠠᠶᠠᠯᠠᠯ᠎ᠠ᠃ ᠬᠠᠷᠢᠶᠠᠴᠠᠢ ᠭᠡᠦᠭᠡᠨ ᠪᠠᠰᠠ ᠨᠢᠭᠡ ᠬᠠᠴᠢᠨ ᠭᠠᠵᠠᠷ ᠣᠯᠤᠭᠠᠤᠨ ᠥᠵᠡᠴᠢᠭᠡᠪᠡ᠃ 《ᠡᠵᠢ ᠡ᠂ ᠡᠵᠢ ᠡ ︕ ᠡᠨᠡ ᠴᠢᠨᠢ ᠶᠠᠮᠠᠷ ᠭᠠᠵᠠᠷ ᠪᠣᠢ ︖ ᠨᠢᠭᠡ ᠯᠠ ᠥᠩᠭᠡ ᠪᠠᠷ ᠰᠢᠷᠠᠯᠠᠭᠠᠤᠨ ᠥᠭᠡᠷ᠎ᠡ ᠶᠠᠭᠤ ᠴᠤ ᠬᠠᠷᠠᠭᠳᠠᠬᠤ ᠦᠭᠡᠶ》 ᠭᠡᠭᠦ ᠳᠤ ᠬᠠᠷᠢᠶᠠᠴᠠᠢ ᠡᠵᠢ᠄ 《ᠡᠨᠡ ᠪᠣᠯ ᠡᠯᠡᠰᠤᠨ ᠴᠦᠯ ᠭᠡᠳᠡᠭ᠌ ᠭᠠᠵᠡᠷ᠂ ᠡ᠊ᠨᠳᠡ ᠣᠰᠤ᠂ ᠣᠷᠭᠤᠮᠠᠯ ᠪᠠᠢ᠌ᠳᠠᠭ ᠦᠭᠡᠶ᠃ ᠭᠦᠮᠤᠨ ᠠᠮᠢᠳᠠᠨ ᠪᠠᠰᠠ ᠡ᠊ᠨᠳᠡ ᠠᠮᠢᠳᠤᠷᠠᠵᠤ ᠳᠡᠢ᠌ᠯᠭᠦ ᠦᠭᠡᠶ》 ᠭᠡᠪᠡ᠃

《ᠭᠦᠮᠤᠨ ᠳᠦᠷᠤᠯᠭᠢᠳᠠᠨ ᠤ ᠡᠪᠳᠡᠯᠭᠡ ᠰᠥᠢᠳᠦᠯᠭᠡ ᠶᠡᠭᠡᠳᠡᠭ᠍ᠰᠡᠨ ᠡᠴᠠ ᠨᠤᠭᠤᠭᠠᠨ ᠳᠠᠯ᠎ᠠ ᠴᠤ ᠡᠯᠡᠰᠤᠨ ᠴᠦᠯ ᠪᠣᠯᠵᠤ ᠬᠤᠪᠢᠷᠠᠯ᠎ᠡ》 ᠭᠡᠵᠤ ᠡᠪᠦᠭᠡ ᠦᠷᠭᠦᠯᠵᠢ ᠶᠠᠷᠢᠳᠠᠭ ᠪᠠᠢ᠌ᠭᠰᠠᠨ ᠭᠡᠵᠤ ᠡᠭᠡᠴᠢ ᠨᠢ ᠶᠠᠷᠢᠨ᠎ᠠ᠃

《ᠳᠠᠢ᠌ᠮᠤ ᠪᠠᠢ᠌ᠨ᠎ᠠ᠂ ᠡᠵᠢ ᠡ᠂ ᠡᠨᠡ ᠡᠯᠡᠰᠤᠨ ᠴᠦᠯ ᠨᠢᠳᠤᠨᠤᠨ ᠤ ᠭᠢ ᠡᠴᠠ ᠪᠠᠨ ᠬᠤᠯᠠ ᠶᠡᠭᠡ ᠪᠣᠯᠵᠠᠢ》 ᠭᠡᠪᠡ᠃

ᠳᠠᠳᠠ ᠥᠵᠡᠭ᠍ᠰᠡᠨ ᠬᠠᠷᠠᠭᠰᠠᠨ ᠶᠢᠡᠨ ᠶᠡᠷᠢᠯᠴᠡᠵᠤ᠂ ᠨᠢᠰᠦᠭ᠍ᠰᠡᠭᠡᠷ ᠨᠢᠰᠦᠭ᠍ᠰᠡᠭᠡᠷ ᠳᠠᠯᠠᠢ ᠳᠠᠩᠭᠢᠰ ᠲᠤ ᠭᠦᠷᠦᠭᠡᠳ ᠢᠷᠠᠯ᠎ᠠ᠃ ᠡᠨᠡ ᠨᠢ ᠨᠢᠭᠡᠨᠲᠡ ᠳᠠᠳᠠᠨ ᠤ ᠳᠦᠷᠪᠠᠳᠦᠭᠡᠷ ᠡᠳᠦᠷ ᠤᠨ ᠠᠶᠠᠯᠠᠯ ᠪᠣᠯᠵᠠᠢ᠃ ᠳᠠᠯᠠᠢ ᠳᠠᠩᠭᠢᠰ ᠳᠡᠭᠡᠷᠡᠭᠢ ᠠᠭᠤᠷ ᠠᠮᠢᠰᠬᠤᠯ ᠰᠡᠷᠢᠭᠦᠨ ᠴᠢᠭᠢᠭ᠍ᠯᠢᠭ᠌ ᠪᠣᠯᠬᠤᠷ ᠳᠤᠩ ᠳᠠᠭᠠᠯᠠᠮᠵᠢᠳᠠᠢ ᠰᠠᠨᠠᠭᠳᠠᠨ᠎ᠠ᠃ ᠬᠠᠷᠢᠶᠠᠴᠠᠢ ᠭᠡᠦᠭᠡᠨ ᠣᠷᠳᠤ ᠭᠡᠭ᠍ᠴᠢ ᠨᠢᠭᠡ ᠠᠮᠢᠰᠬᠤᠵᠤ ᠠᠪᠣᠭᠠᠤᠨ ᠰᠦᠷᠦᠭ᠌ ᠶᠢᠡᠨ ᠠᠵᠢᠭᠯᠠᠭᠰᠠᠨ ᠴᠢᠨᠢ ᠠᠩᠬ᠎ᠠ ᠨᠢᠰᠦᠭ᠍ᠰᠡᠨ ᠤ ᠭᠢᠨᠢ ᠭᠢᠷᠢ ᠴᠤᠭ ᠵᠢᠪᠬᠤᠭ᠎ᠠ ᠦᠭᠡᠶ᠂ ᠰᠦᠷ ᠳᠠᠯᠠᠢ᠌ᠴᠠ ᠲᠡᠶ ᠪᠢᠰᠢ ᠪᠣᠯᠵᠠᠢ᠃

《ᠡᠵᠢ ᠡ᠂ ᠮᠠᠨ ᠤ ᠨᠥᠭᠦᠤᠨ ᠤᠨ ᠨᠢᠭᠡ ᠪᠦᠯᠦᠭ᠌ ᠨᠢ ᠬᠠᠮᠢᠭ᠎ᠠ ᠶᠠᠪᠣᠴᠢᠬᠠᠭᠰᠠᠨ ᠪᠣᠢ ︖》 ᠭᠡᠵᠤ ᠬᠠᠷᠢᠶᠠᠴᠠᠢ ᠭᠡᠦᠭᠡᠨ ᠠᠰᠠᠭᠤᠬᠤ ᠳᠤ ᠬᠠᠷᠢᠶᠠᠴᠠᠢ ᠡᠵᠢ᠄ 《ᠤᠷᠵᠢᠳᠤᠷ ᠣᠷᠤᠢ ᠨᠠᠯᠢᠶᠠᠤᠨ ᠰᠢᠪᠠᠭᠤ ᠬᠤᠯᠤᠭᠠᠨ᠎ᠠ ᠳᠤ ᠳᠠᠯᠪᠢᠭᠰᠠᠨ ᠬᠤᠤᠷ ᠢ ᠡ᠊ᠨᠳᠡᠭᠦᠷᠡᠵᠤ ᠢᠳᠡᠭᠡᠳ ᠪᠣᠰᠴᠤ ᠴᠢᠳᠠᠭᠰᠠᠨ ᠦᠭᠡᠶ᠃ ᠪᠠᠰᠠ ᠨᠢᠭᠡ ᠪᠦᠯᠦᠭ᠌ ᠨᠢ ᠪᠣᠭᠢᠷᠳᠤᠯ ᠲᠡᠶ ᠣᠰᠤ ᠣᠤᠭᠤᠭᠰᠠᠨ ᠡᠴᠠ ᠪᠣᠯᠵᠤ ᠁》 ᠭᠡᠳ ᠰᠡᠭᠦᠷᠡᠰᠤ ᠠᠯᠳᠠᠨ ᠭᠡᠯᠡᠨ᠎ᠡ᠃

ᠦᠴᠦᠭᠡᠳᠦᠷ ᠭᠡᠳᠤᠨ ᠨᠥᠭᠦᠤᠨ ᠨᠢ ᠨᠢᠰᠴᠤ ᠪᠠᠢ᠌ᠳᠠᠯ᠎ᠠ ᠵᠢᠭᠰᠠᠭᠠᠯ ᠡᠴᠠ ᠤᠢ᠌ᠴᠢᠭᠰᠠᠨ ᠢ ᠪᠣᠳᠤᠭᠠᠤᠨ ᠬᠠᠷᠢᠶᠠᠴᠠᠢ ᠭᠡᠦᠭᠡᠨ ᠰᠡᠳᠭᠢᠯ ᠵᠤᠪᠠᠪᠠ᠃ ᠳᠠᠷᠠ ᠪᠠᠰᠠ ᠦᠷᠦᠭᠡᠰᠤᠨ ᠳᠠᠯᠠᠪᠴᠢ ᠲᠡᠶ ᠪᠣᠯᠤᠭᠰᠠᠨ ᠳᠠᠷᠠ ᠬᠡᠦᠬᠡᠳ ᠢ ᠪᠣᠳᠤᠵᠤ ᠣᠯᠤᠭᠠᠤᠨ ᠠᠬ᠎ᠠ ᠪᠠᠨ ᠳᠠᠭᠠᠭᠤᠯᠵᠤ ᠳᠡᠭᠦᠨ ᠢ ᠡᠷᠢᠵᠤ ᠣᠯᠤᠯ᠎ᠠ᠃ ᠳᠠᠷᠠ ᠬᠡᠦᠬᠡᠳ ᠤᠨ ᠡᠵᠢ ᠨᠢ ᠳᠡᠭᠦᠨ ᠢ ᠡᠭᠦᠷᠴᠤ ᠨᠢᠰᠦᠭ᠍ᠰᠡᠭᠡᠷ ᠪᠠᠢ᠌ᠵᠤ ᠨᠢᠭᠡᠨᠲᠡ ᠳᠠᠮᠢᠷ ᠳᠡᠩᠭᠡᠭᠡ ᠦᠭᠡᠶ ᠪᠣᠯᠵᠠᠢ᠃

ᠬᠠᠷᠢᠶᠠᠴᠠᠢ ᠭᠡᠦᠭᠡᠨ ᠠᠬ᠎ᠠ ᠲᠡᠶ ᠪᠠᠨ᠄ 《ᠮᠠᠷᠭᠠᠰᠢ ᠪᠢᠳᠠ ᠭᠦᠤ ᠶᠢ ᠴᠢᠨᠢ ᠡᠭᠦᠷᠦᠶ᠎ᠡ》 ᠭᠡᠭᠦ ᠳᠤ᠄ 《ᠳᠠᠨᠠᠷ ᠤᠨ ᠰᠠᠢ᠌ᠨ ᠰᠠᠨᠠᠭᠠᠨ ᠳᠤ ᠳᠠᠯᠠᠷᠬᠠᠯ᠎ᠠ᠃ ᠪᠢᠳᠠ ᠣᠳᠠᠬᠤ ᠦᠭᠡᠶ ᠵᠤᠷᠢᠭᠰᠠᠨ ᠭᠠᠵᠠᠷ ᠲᠠᠭᠠᠨ ᠭᠦᠷᠴᠢᠭᠡᠭᠦ ᠶᠤᠮ᠂ ᠣᠳᠤ ᠠᠮᠠᠷᠠᠬᠤ ᠭᠡᠷᠡᠭ᠍ᠳᠡᠢ ᠪᠠᠢ᠌ᠨ᠎ᠠ᠂ ᠳᠠ ᠬᠤᠶᠠᠭᠤᠯᠠ ᠴᠤ ᠳᠦᠷᠭᠡᠨ ᠠᠮᠠᠷᠠᠭᠠᠷᠠᠢ》 ᠭᠡᠵᠤ ᠰᠤᠯᠠᠬᠠᠨ ᠳᠠᠭᠤᠨ ᠶᠢᠡᠷ ᠭᠡᠯᠡᠨ᠎ᠡ᠃

ᠮᠠᠷᠭᠠᠰᠢ ᠨᠢ ᠳᠠᠷᠠ ᠡᠵᠢ ᠣᠠᠳᠠᠭᠰᠠ ᠣᠷᠤ ᠡᠴᠠ ᠪᠠᠨ ᠪᠣᠰᠴᠤ ᠴᠢᠳᠠᠭᠰᠠᠨ ᠦᠭᠡᠶ᠃ ᠬᠠᠷᠢᠶᠠᠴᠠᠢ ᠭᠡᠦᠭᠡᠨ ᠳᠠᠷᠠ ᠬᠡᠦᠬᠡᠳ ᠢ ᠳᠡᠭᠦᠤ ᠳᠠᠨᠢᠵᠤ᠂ ᠠᠬ᠎ᠠ ᠨᠢ ᠳᠡᠭᠦᠨ ᠢ ᠡᠭᠦᠷᠦᠭᠡᠳ ᠮᠤᠷᠳᠠᠯ᠎ᠠ᠃

ᠬᠠᠷᠢᠶᠠᠴᠠᠢ ᠭᠡᠦᠭᠡᠨ ᠳᠤᠳᠤᠷ᠎ᠠ ᠪᠠᠨ᠄ 《ᠭᠡᠷᠪᠡ ᠪᠢᠳᠠᠨ ᠤ ᠣᠤᠯ ᠤᠨ ᠠᠮᠠᠷᠠᠵᠤ ᠪᠠᠭᠤᠳᠠᠯᠯᠠᠳᠠᠭ ᠭᠠᠵᠠᠷ ᠨᠤᠳᠤᠭ ᠭᠦᠮᠤᠨ ᠳᠦᠷᠤᠯᠭᠢᠳᠠᠨ ᠳᠤ ᠡᠪᠳᠡᠭ᠍ᠳᠡᠭ᠍ᠰᠡᠨ ᠦᠭᠡᠶ ᠪᠣᠯ ᠮᠠᠨ ᠤ ᠬᠠᠢ᠌ᠷᠠᠳᠤ ᠨᠥᠭᠦᠤᠨ ᠪᠣᠯᠤᠨ ᠳᠠᠷᠠ ᠭᠦᠭᠡᠷᠦᠭᠦᠢ ᠡᠵᠢ ᠯᠠᠪᠳᠠᠢ ᠬᠠᠷᠠᠰᠠᠯᠳᠠᠢ ᠪᠠᠷ ᠥᠭᠦᠭᠦ ᠦᠭᠡᠶ ᠶᠤᠮ》 ᠭᠡᠵᠤ ᠪᠣᠳᠤᠨ᠎ᠡ᠃

《ᠬᠡᠦᠬᠡᠳ ᠤᠳ ᠡ᠂ ᠪᠢᠳᠠᠨ ᠤ ᠵᠤᠷᠢᠭᠰᠠᠨ ᠭᠠᠵᠠᠷ ᠭᠦᠷᠦᠭᠡᠳ ᠢᠷᠠᠯ᠎ᠠ ᠰᠢᠤ》 ᠭᠡᠵᠤ ᠬᠠᠷᠢᠶᠠᠴᠠᠢ ᠡᠵᠢ ᠪᠠᠶᠠᠷᠳᠠᠢ ᠭᠡᠯᠡᠯ᠎ᠡ᠃

ᠰᠤᠨᠢᠭᠤᠴᠢ ᠵᠠᠩ ᠲᠡᠶ ᠬᠠᠷᠢᠶᠠᠴᠠᠢ ᠭᠡᠦᠭᠡᠨ ᠰᠠᠠᠳᠤᠷᠤᠨ ᠠᠵᠢᠭᠯᠠᠯ᠎ᠠ᠃ ᠳᠠᠯᠠᠢ ᠶᠢᠨ ᠳᠠᠪᠠᠯᠭᠠᠨ ᠠᠶᠠᠳᠠᠢ ᠰᠠᠢ᠌ᠬᠠᠨ ᠭᠦᠭ᠍ᠵᠢᠮ ᠡᠭᠦᠰᠭᠡᠵᠤ᠂ ᠤᠯᠠᠭᠠᠨ ᠨᠠᠷᠠᠨ ᠳᠠᠯᠠᠢ ᠶᠢᠨ ᠴᠢᠨᠠᠳᠤ ᠡᠷᠭᠢ ᠪᠠᠷ ᠳᠤᠷᠤᠭᠰᠢᠯᠡᠵᠤ᠂ ᠡᠳᠡᠭᠡᠳ ᠰᠠᠢ᠌ᠬᠠᠨ ᠦᠵᠡᠮᠵᠢ ᠶᠢ ᠪᠦᠷᠢᠯᠳᠦᠭᠦᠯᠦᠭ᠍ᠰᠡᠨ ᠪᠠᠢ᠌ᠪᠠ᠃



ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠮᠢᠩ ᠳ᠋ᠦ᠋ ᠹᠧᠩ ᠵᠢᠩ ᠪᠠᠭ᠎ᠠ ᠳᠤᠭᠤᠷᠢᠭ

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3404
ᠴᠠᠭ᠄ 2013 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ