☆ ᠭᠡᠭᠡᠡᠳᠢᠪ
ᠮᠦᠽᠧᠢ ᠡᠴᠡ ᠰᠠᠴᠤᠷᠠᠭᠰᠠᠨ ᠳᠤᠶᠠᠭ᠎ᠠ ᠪᠠᠷ ᠮᠢᠩᠭ᠋ᠠᠨ ᠲᠦᠮᠡᠨ ᠭᠦᠮᠤᠨ ᠢ ᠪᠣᠳᠤᠭᠯᠠᠨᠠᠮ
ᠬᠠᠰᠠᠷ ᠨᠤᠶᠠᠨ ᠤ ᠬᠣᠢ᠌ᠴᠢ ᠊᠊᠊᠊᠊᠊᠊᠊᠊᠊᠊᠊᠊᠊᠊ ᠪᠠᠶᠠᠠᠨᠠᠮᠤᠷ ᠤᠨ ᠳᠤᠬᠠᠢ ᠳᠠᠳᠠᠯᠭ᠎ᠠ
ᠠᠰ ᠠᠰ ᠤᠨ ᠠᠮᠢᠳᠤᠷᠠᠯ ᠪᠣᠴᠠᠯᠤᠭᠰᠠᠨ ᠳᠦᠡᠭᠯᠢᠶᠦᠤ ᠶᠢᠨ ᠵᠡᠭᠡᠯᠢ ᠳᠤ ᠪᠢ ᠭᠦᠡᠳᠤ ᠪᠣᠳᠤᠯ ᠲᠡᠶ ᠭᠣᠢ᠌ᠭᠤᠷᠠᠵᠤ ᠶᠠᠪᠣᠭ᠎ᠠ ᠦᠶ᠎ᠡ ᠳᠤ ᠨᠢᠳᠤᠨ ᠳᠤ ᠪᠠᠨ ᠰᠢᠯ ᠲᠡᠶ᠂ ᠳᠡᠭ᠍ᠰᠢ ᠭᠢᠷᠠᠭᠠᠭᠰᠠᠨ ᠦᠰᠤ ᠲᠡᠶ ᠳᠤᠭᠤᠢ ᠢᠰᠭᠦᠯᠤᠨ ᠳᠠᠪᠭᠢᠭᠰᠠᠨ ᠭᠦᠳᠡᠷᠯᠢᠭ᠍ᠭᠡᠨ ᠡᠷ᠎ᠡ ᠮᠢᠨᠤ ᠬᠠᠷᠠᠭᠠᠨ ᠳᠤ ᠰᠤᠮᠤᠳᠠᠨ ᠣᠷᠤᠪᠠ᠃ ᠳᠠᠷᠠ ᠪᠣᠯ ᠪᠠᠶᠠᠠᠨᠠᠮᠤᠷ ᠠᠪᠣᠭᠠᠢ ᠮᠦᠨ᠃ ᠳᠸᠯᠸᠢᠰ ᠤᠨ ᠭᠦᠰᠢᠭᠡᠨ ᠳᠡᠭᠡᠷ᠎ᠡ ᠬᠠᠷᠠᠭᠰᠠᠨ᠂ ᠰᠦᠯᠵᠢᠶᠠᠨ ᠳᠡᠭᠡᠷ᠎ᠡ ᠬᠠᠷᠭᠤᠳᠠᠭ ᠪᠣᠷᠵᠢᠭᠢᠨ ᠪᠠᠶᠠᠠᠨᠠᠮᠤᠷ ᠶᠠᠭ ᠮᠦᠨ ᠡ᠃ ᠡᠮᠨᠡᠯᠭᠡ ᠳᠤ ᠭᠡᠪᠳᠡᠭᠡ ᠡᠵᠢ ᠶᠢᠨ ᠮᠢᠨᠢ ᠡᠪᠡᠳᠴᠢᠨ ᠨᠢ ᠢᠯᠡᠷᠢᠰᠢᠭᠦ ᠦᠭᠡᠶ ᠳᠤ ᠵᠤᠪᠠᠵᠤ ᠪᠠᠢ᠌ᠭᠰᠠᠨ ᠰᠡᠳᠭᠢᠯ ᠮᠢᠨᠢ ᠥᠭᠡᠷ᠎ᠡ ᠨᠢᠭᠡ ᠦᠨᠦᠷ ᠠᠮᠳᠠ ᠪᠠᠷ ᠰᠤᠯᠢᠭᠳᠠᠵᠠᠢ᠃ ᠳᠡᠭᠦᠨ ᠢ ᠪᠢ ᠬᠠᠷᠠᠴᠠ ᠪᠠᠷ ᠶᠢᠡᠨ ᠪᠢᠰᠢ᠂ ᠰᠡᠳᠭᠢᠯ ᠵᠢᠷᠦᠭᠡ ᠣᠶᠤᠨ ᠰᠦᠨᠠᠰᠤ ᠪᠠᠷ ᠶᠢᠡᠨ ᠣᠯᠵᠤ ᠬᠠᠷᠠᠵᠠᠢ ᠡ᠃ ᠰᠢᠳᠤᠯ ᠪᠢᠰᠢᠷᠠᠯ ᠶᠢᠡᠷ ᠶᠢᠡᠨ ᠣᠯᠵᠤ ᠳᠠᠨᠢᠵᠠᠢ ᠡ᠃
ᠪᠠᠶᠠᠠᠨᠠᠮᠤᠷ ᠪᠣᠯ ᠦᠪᠣᠷ ᠮᠤᠩᠭ᠋ᠤᠯ ᠤᠨ ᠳᠦᠡᠭᠯᠢᠶᠦᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠴᠢᠯᠠᠭᠤᠳᠤ ᠨᠤᠳᠤᠭ ᠲᠡᠶ ᠮᠤᠩᠭ᠋ᠤᠯ ᠡᠷ᠎ᠡ᠃ ᠬᠤᠷᠴᠢᠨ ᠮᠤᠩᠭ᠋ᠤᠯ ᠤᠨ ᠳᠡᠭᠡᠳᠤ ᠳᠠᠢ᠌ᠯ ᠪᠣᠭᠳᠠ ᠊᠊᠊᠊᠊᠊᠊᠊᠊᠊᠊᠊᠊᠊᠊ ᠬᠠᠪᠣᠳᠤ ᠬᠠᠰᠠᠷ ᠤᠨ ᠭᠤᠴᠢᠨ ᠬᠤᠶᠠᠳᠤᠭᠠᠷ ᠦᠶ᠎ᠡ ᠶᠢᠨ ᠠᠴᠢ ᠭᠦᠪᠠᠭᠦᠨ᠃ ᠳᠠᠳᠠᠨ ᠤ ᠭᠢᠨ ᠭᠠᠷᠤᠯ ᠳᠡᠦᠭᠡ ᠣᠳᠤᠮ ᠰᠤᠳᠤᠮ ᠶᠢᠡᠨ ᠡᠪᠦᠭᠡ ᠳᠡᠭᠡᠳᠤ ᠡᠴᠡ ᠨᠢ ᠦᠶ᠎ᠡ ᠣᠯᠠᠷᠢᠨ ᠶᠠᠷᠢᠵᠤ ᠣᠯᠠᠮᠵᠢᠯᠠᠭᠰᠠᠭᠠᠷ ᠢᠷᠡᠭ᠍ᠰᠡᠨ ᠰᠤᠷᠪᠣᠯᠵᠢᠳᠤ ᠣᠯᠤᠰ ᠪᠠᠢ᠌ᠵᠠᠢ᠃ ᠪᠠᠶᠠᠠᠨᠠᠮᠤᠷ ᠪᠢᠴᠢᠭ᠌ ᠰᠤᠶᠤᠯ ᠤᠨ ᠮᠦᠷ ᠢ ᠭᠦᠭᠡᠭᠡᠵᠤ᠂ ᠣᠢ ᠣᠬᠠᠭᠠᠨ ᠨᠡᠭᠡᠭᠡᠭ᠍ᠳᠡᠮᠡᠭ᠍ᠴᠡ᠂ ᠬᠠᠰᠠᠷ ᠨᠤᠶᠠᠨ ᠤ ᠬᠣᠢ᠌ᠴᠢᠰ ᠪᠣᠯᠤᠭᠰᠠᠨ ᠳᠤ ᠪᠠᠨ ᠲᠤᠩ ᠪᠠᠬᠠᠳᠤᠨ ᠣᠮᠤᠭᠰᠢᠳᠠᠭ ᠪᠣᠯᠵᠠᠢ᠃ ᠳᠠᠷᠠ 1989 ᠣᠨ ᠳᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠪᠢᠴᠢᠭ᠌ ᠤᠨ ᠰᠠᠯᠪᠣᠷᠢ ᠳᠤ ᠣᠷᠤᠭᠰᠠᠨ ᠡᠴᠡ ᠡᠭᠢᠯᠡᠭᠡᠳ ᠦᠨᠳᠦᠰᠦᠳᠠᠨ ᠳᠤ ᠪᠠᠨ ᠬᠤᠪᠢ ᠨᠠᠮᠠᠷᠢ ᠲᠡᠶ ᠪᠣᠳᠠᠳᠠᠢ ᠠᠵᠢᠯ ᠭᠢᠭᠦ ᠶᠢ ᠴᠠᠭ ᠢᠮᠠᠭᠳᠠ ᠰᠠᠨᠠᠭᠠᠰᠢᠷᠠᠵᠤ᠂ ᠪᠣᠭᠳᠠ ᠴᠢᠩᠭᠢᠰ ᠤᠨ ᠨᠠᠮᠳᠠᠷ ᠳᠡᠦᠭᠡ ᠪᠠ ᠬᠠᠮᠢᠶ᠎ᠠ ᠪᠦᠭᠦᠢ ᠨᠤᠮ ᠪᠢᠴᠢᠭ᠌᠂ ᠭᠦᠷᠦᠭ᠌ ᠵᠢᠷᠤᠭ᠂ ᠴᠤᠪᠣᠷᠠᠯ ᠪᠢᠴᠢᠭ᠌᠂ ᠵᠢᠷᠤᠭᠳᠤ ᠨᠤᠮ᠂ ᠺᠢᠨᠤ᠋ ᠵᠥᠴᠦᠭᠡ᠂ ᠭᠠᠷ ᠣᠷᠠᠯᠠᠯ ᠤᠨ ᠪᠦᠳᠦᠭᠡᠭ᠍ᠳᠡᠭᠦᠨ᠁ ᠵᠡᠷᠭᠡ ᠵᠣᠢ᠌ᠯᠠᠰ ᠢ ᠬᠤᠷᠢᠶᠠᠨ ᠴᠤᠭᠯᠠᠭᠤᠯᠵᠤ ᠡᠭᠢᠯᠡᠵᠡᠢ᠃ ᠳᠠᠷᠠ ᠶᠠᠫᠣᠨ ᠳᠤ ᠰᠤᠷᠤᠯᠴᠠᠭᠰᠠᠨ ᠬᠤᠶᠠᠷ ᠵᠢᠯ ᠬᠠᠭᠠᠰ ᠤᠨ ᠬᠤᠭᠤᠴᠠᠭᠠᠨ ᠳᠤ ᠴᠤ ᠭᠠᠷᠠᠭ ᠤᠨ ᠡᠳᠦᠷ ᠪᠠᠶᠠᠷ ᠳᠤᠷᠠᠰᠬᠠᠯ ᠤᠨ ᠡᠳᠦᠷ ᠢ ᠠᠮᠠᠷᠠᠭᠰᠠᠨ ᠣᠳᠠᠭ᠎ᠠ ᠦᠭᠡᠶ᠃ ᠶᠠᠫᠣᠨ ᠤ ᠨᠠᠷᠠᠳᠤ ᠨᠤᠮ ᠤᠨ ᠳᠡᠯᠭᠡᠭᠦᠷ᠂ ᠬᠠᠭᠤᠴᠢᠨ ᠨᠤᠮ ᠤᠨ ᠵᠠᠬ᠎ᠠ ᠪᠠᠷ ᠶᠠᠪᠣᠵᠤ᠂ ᠨᠤᠮ ᠪᠢᠴᠢᠭ᠌ ᠭᠦᠷᠦᠭ᠌ ᠵᠢᠷᠤᠭ ᠢ ᠣᠯᠵᠤ ᠬᠠᠷᠠᠭᠰᠠᠭᠠᠷ ᠭᠡᠳᠦᠢ ᠶᠡᠭᠡ ᠵᠤᠭᠤᠰ ᠣᠷᠤᠭᠰᠠᠨ ᠴᠤ ᠰᠢᠭᠤᠳ ᠬᠤᠳᠠᠯᠳᠤᠨ ᠠᠪᠳᠠᠭ᠃ ᠳᠦᠡᠭᠯᠢᠶᠦᠤ ᠳᠤ ᠪᠠᠨ ᠪᠣᠴᠠᠵᠤ ᠢᠷᠡᠭ᠍ᠰᠡᠨ ᠤ ᠳᠠᠷᠠᠭ᠎ᠠ ᠳᠤᠰᠬᠠᠢ᠌ᠯᠠᠨ ᠮᠤᠩᠭ᠋ᠤᠯ ᠣᠯᠤᠰ ᠲᠤ ᠭᠦᠷᠴᠤ ᠬᠠᠭᠠᠰ ᠰᠠᠷ᠎ᠠ ᠶᠢᠨ ᠳᠤᠳᠤᠷ᠎ᠠ 310 ᠳᠠᠪᠳᠠᠷ ᠨᠤᠮ ᠬᠤᠳᠠᠯᠳᠤᠨ ᠠᠪᠣᠭᠠᠤᠨ ᠣᠯᠵᠠ ᠶᠡᠭᠡᠳᠡᠢ ᠪᠣᠴᠠᠵᠤ ᠢᠷᠡᠭ᠍ᠰᠡᠨ ᠭᠡᠳᠡᠭ᠌᠃ ᠳᠡᠭᠦᠨ ᠤ ᠬᠤᠷᠢ ᠭᠠᠷᠤᠢ ᠵᠢᠯ ᠤᠨ ᠳᠤᠷᠰᠢ ᠬᠤᠷᠢᠶᠠᠨ ᠴᠤᠭᠯᠠᠭᠤᠯᠤᠭᠰᠠᠨ ᠵᠣᠢ᠌ᠯᠠᠰ ᠲᠤ 150 ᠭᠠᠷᠤᠢ ᠵᠢᠯ ᠤᠨ ᠳᠤᠷᠰᠢᠭᠢ ᠳᠡᠯᠡᠭᠡᠢ ᠶᠢᠨ ᠡᠯ᠎ᠡ ᠭᠡᠪᠯᠡᠯ ᠶᠢᠡᠷ 17 ᠵᠣᠢ᠌ᠯ ᠤᠨ ᠭᠡᠯᠡᠨ ᠪᠠᠷ ᠭᠡᠪᠯᠡᠭ᠍ᠳᠡᠭ᠍ᠰᠡᠨ ᠮᠢᠩᠭ᠋᠎ᠠ ᠭᠠᠷᠤᠢ ᠨᠤᠮ ᠪᠢᠴᠢᠭ᠌ ᠪᠣᠢ᠃ ᠡᠯᠭᠦᠮᠡᠯ ᠵᠢᠷᠤᠭ ᠵᠠᠭᠤ ᠢᠯᠡᠭᠦᠤ᠂ ᠭᠠᠷ ᠣᠷᠠᠯᠠᠯ ᠤᠨ ᠨᠠᠷᠢᠯᠢᠭ ᠪᠦᠳᠦᠭᠡᠯ 200 ᠢᠯᠡᠭᠦᠤ ᠪᠣᠢ᠃ ᠴᠢᠩᠭᠢᠰ ᠬᠠᠭᠠᠨ ᠢ ᠪᠢᠴᠢᠭ᠍ᠰᠡᠨ ᠳᠡᠯᠡᠭᠡᠢ ᠶᠢᠨ ᠬᠠᠮᠤᠭ ᠠᠩᠬᠠᠨ ᠤ ᠬᠠᠮᠤᠭ ᠦᠨᠳᠦᠷ ᠦᠨ᠎ᠡ ᠶᠢᠨ ᠨᠤᠮ ᠢ ᠴᠤ ᠣᠯᠵᠤ ᠬᠠᠳᠠᠭᠠᠯᠠᠵᠠᠢ᠃ 《ᠡᠯ᠎ᠡ ᠣᠯᠤᠰ ᠤᠨ ᠭᠢᠨ ᠪᠦᠷ ᠦᠪᠡᠷ ᠦᠪᠡᠷ ᠤᠨ ᠦᠵᠠᠯᠳᠠ ᠪᠠᠷ ᠶᠢᠡᠨ ᠠᠳᠠᠯᠢ ᠪᠣᠰᠤ ᠬᠠᠷᠠᠭᠠᠰᠤ ᠡᠴᠡ ᠠᠳᠠᠯᠢ ᠪᠣᠰᠤ ᠭᠢᠷᠢ ᠲᠦᠪᠰᠢᠨ ᠶᠢᠡᠷ ᠴᠢᠩᠭᠢᠰ ᠬᠠᠭᠠᠨ ᠢ ᠦᠨᠡᠯᠠᠨ ᠰᠤᠳᠤᠯᠳᠠᠭ᠃ ᠪᠢ ᠳᠡᠳᠡᠭᠡᠷ ᠢ ᠨᠢᠭᠡ ᠳᠤᠤᠷ᠎ᠠ ᠴᠤᠭᠯᠠᠭᠤᠯᠵᠤ ᠳᠡᠭᠦᠯᠳᠡᠷᠵᠢᠭᠦᠯᠦᠨ᠎ᠡ》 ᠭᠡᠵᠤ ᠪᠠᠶᠠᠠᠨᠠᠮᠤᠷ ᠠᠪᠣᠭᠠᠢ ᠶᠢᠨ ᠭᠢᠭ᠍ᠰᠡᠨ ᠮᠡᠳᠡᠭᠦᠯᠦᠯᠳᠡ ᠳᠤ ᠪᠠᠨ ᠶᠠᠷᠢᠵᠤ ᠪᠠᠢ᠌ᠵᠠᠢ᠃ ᠪᠠᠶᠠᠠᠨᠠᠮᠤᠷ ᠪᠣᠯ ᠪᠣᠭᠳᠠ ᠴᠢᠩᠭᠢᠰ ᠤᠨ ᠳᠡᠦᠭᠡ ᠨᠠᠮᠳᠠᠷ ᠢ ᠴᠤᠭᠯᠠᠭᠤᠯᠤᠭᠰᠠᠨ ᠳᠤᠮᠳᠠᠳᠤ ᠣᠯᠤᠰ ᠤᠨ ᠬᠠᠮᠤᠭ ᠤᠨ ᠭᠠᠷᠮᠠᠭᠠᠢ ᠨᠠᠷᠠᠳᠤ ᠭᠦᠮᠤᠨ᠃ ᠳᠡᠯᠡᠭᠡᠢ ᠳᠡᠭᠡᠷᠡᠭᠢ ᠨᠤᠮ ᠪᠢᠴᠢᠭ᠌ ᠢ ᠬᠠᠮᠤᠭ ᠠᠷᠪᠢᠨ ᠴᠤᠭᠯᠠᠭᠤᠯᠤᠭᠰᠠᠨ ᠭᠦᠮᠤᠨ ᠤ ᠨᠢᠭᠡ ᠮᠦᠨ᠃ ᠡᠳᠡᠭᠡᠷ ᠢ ᠪᠢ 《ᠬᠤᠳᠠ ᠶᠢᠨ ᠡᠳᠦᠷ ᠤᠨ ᠰᠤᠨᠢᠨ》 ᠊ᠤ ᠸᠠᠩ ᠹᠠᠩ᠂ ᠮᠦᠯᠠᠨ ᠤ ᠰᠤᠷᠪᠣᠯᠵᠢᠯᠠᠭ᠎ᠠ ᠡᠴᠡ ᠣᠩᠰᠢᠭᠰᠠᠨ ᠶᠤᠮ᠃
ᠪᠠᠶᠠᠠᠨᠠᠮᠤᠷ ᠪᠠᠭᠰᠢ ᠶᠢᠨ ᠣᠢ᠌ᠯᠠᠰ ᠪᠠ ᠨᠠᠮᠠᠷᠢ ᠬᠠᠠᠳᠢᠪ ᠨᠢ ᠨᠡᠢ᠌ᠭᠡᠮ ᠤᠨ ᠡᠯ᠎ᠡ ᠡᠳᠡᠭᠡᠳ ᠤᠨ ᠠᠳᠠᠯᠢ ᠪᠣᠰᠤ ᠳᠠᠪᠬᠤᠷᠭ᠎ᠠ ᠶᠢᠨ ᠰᠤᠷᠪᠣᠯᠵᠢᠯᠠᠭᠴᠢᠳ ᠤᠨ ᠠᠩᠬᠠᠷᠤᠯ ᠢ ᠣᠠᠴᠠ ᠳᠠᠳᠠᠵᠤ᠂ ᠳᠠᠳᠠᠨ ᠤ ᠵᠤᠬᠢᠶᠠᠨ ᠪᠠᠢ᠌ᠭᠤᠯᠤᠯᠳᠠ ᠲᠡᠶ ᠰᠤᠷᠪᠣᠯᠵᠢᠯᠠᠭ᠎ᠠ ᠶᠢ ᠭᠦᠯᠢᠶᠡᠵᠡᠢ᠃ 《ᠳᠦᠡᠭᠯᠢᠶᠦᠤ ᠶᠢᠨ ᠳᠸᠯᠸᠢᠰ ᠬᠤᠷᠢᠶᠠᠨ ᠤ ᠮᠤᠩᠭ᠋ᠤᠯ ᠰᠤᠪᠠᠭ》 ᠊ᠤᠨ ᠭᠢᠨ ᠳᠡᠭᠦᠨ ᠤ ᠨᠤᠳᠤᠭ ᠲᠤ ᠨᠢ ᠭᠦᠷᠴᠤ᠂ ᠦᠰᠴᠤ ᠭᠦᠮᠦᠵᠢᠭ᠍ᠰᠡᠨ ᠣᠷᠴᠢᠨ ᠠᠬᠤᠢ ᠶᠢ ᠨᠢ ᠰᠤᠷᠪᠣᠯᠵᠢᠯᠠᠨ ᠨᠡᠪᠳᠡᠷᠡᠭᠦᠯᠵᠤ᠂ 《ᠦᠪᠣᠷ ᠮᠤᠩᠭ᠋ᠤᠯ ᠤᠨ ᠳᠸᠯᠸᠢᠰ ᠬᠤᠷᠢᠶᠠᠨ》 ᠊ᠤ ᠭᠢᠨ ᠪᠠᠶᠠᠠᠨᠠᠮᠤᠷ ᠪᠠᠭᠰᠢ ᠶᠢ ᠬᠦᠬᠡᠬᠤᠲᠠ ᠳᠤ ᠣᠷᠢᠨ ᠠᠪᠠᠴᠢᠵᠤ᠂ ᠳᠤᠰᠬᠠᠢ ᠶᠠᠷᠢᠯᠴᠠᠭ᠎ᠠ ᠰᠤᠷᠪᠣᠯᠵᠢᠯᠠᠭ᠎ᠠ ᠭᠢᠵᠤ᠂ 《ᠮᠤᠩᠭ᠋ᠤᠯ ᠰᠤᠶᠤᠯ ᠰᠢᠡᠵᠢᠯᠡᠭᠡ》 ᠰᠤᠪᠠᠭ ᠶᠢᠡᠷ ᠨᠡᠪᠳᠡᠷᠡᠭᠦᠯᠵᠡᠢ᠃ 《ᠳᠦᠡᠭᠯᠢᠶᠦᠤ ᠶᠢᠨ ᠷᠠᠳᠢᠤ᠋ ᠨᠡᠪᠳᠡᠷᠡᠭᠦᠯᠭᠡ》 ᠶ᠋ᠢᠨ ᠬᠤᠷᠢᠶᠠᠨ ᠤ ᠭᠢᠨ ᠴᠤ ᠶᠠᠷᠢᠯᠴᠠᠭ᠎ᠠ ᠰᠤᠷᠪᠣᠯᠵᠢᠯᠠᠭ᠎ᠠ ᠭᠢᠵᠤ ᠰᠢᠭᠤᠳ ᠨᠡᠪᠳᠡᠷᠡᠭᠦᠯᠭᠡ ᠭᠢᠵᠠᠢ᠃ ᠴᠢᠨᠠᠭᠰᠢᠯᠠᠭᠠᠤᠨ 《ᠰᠢᠠᠬᠤᠧᠨ ᠬᠤᠷᠢᠶᠠᠨ ᠤ ᠬᠠᠯᠬ᠎ᠠ ᠳᠤ ᠰᠠᠭᠤᠭ᠎ᠠ ᠰᠤᠷᠪᠣᠯᠵᠢᠯᠠᠭᠴᠢ》 ᠢᠷᠠᠵᠤ ᠳᠤᠰᠬᠠᠢ ᠰᠤᠷᠪᠣᠯᠵᠢᠯᠠᠭᠰᠠᠨ ᠪᠢᠯᠠ᠃
ᠳᠠᠢ᠌ᠮᠤ ᠡ᠃ ᠵᠢᠩᠭᠢᠨᠢ ᠮᠤᠩᠭ᠋ᠤᠯ ᠴᠢᠰᠤ ᠲᠡᠶ ᠭᠦᠮᠤᠨ ᠦᠨᠳᠦᠰᠦᠳᠠᠨ ᠤ ᠳᠡᠦᠭᠡ ᠰᠤᠶᠤᠯ ᠳᠤ ᠪᠠᠨ ᠬᠠᠢ᠌ᠷ᠎ᠠ ᠰᠡᠳᠬᠢᠯᠭᠡ ᠲᠡᠶ ᠭᠦᠮᠤᠨ ᠯᠠ ᠶᠤᠮ ᠪᠣᠯ ᠭᠠᠢ᠌ᠬᠠᠵᠤ ᠪᠢᠰᠢᠷᠡᠭᠦ ᠨᠢ ᠯᠠᠪᠳᠠᠢ᠃ ᠡᠪ ᠡᠡᠭ᠌ ᠤᠨ ᠡᠨᠡ ᠭᠦᠮᠤᠨ ᠤ ᠡᠡᠭ᠌ ᠤᠨ ᠪᠣᠰᠤ ᠶᠠᠪᠣᠳᠠᠯ ᠳᠤ ᠮᠢᠨᠤ ᠰᠡᠳᠭᠢᠯ ᠵᠢᠷᠦᠭᠡ ᠴᠤ ᠬᠠᠷᠠᠳᠠᠢ ᠳᠤᠯᠭᠢᠰᠴᠠᠢ ᠡ᠃ ᠪᠠᠶᠠᠠᠨᠠᠮᠤᠷ ᠠᠪᠣᠭᠠᠢ ᠶᠢᠨ ᠴᠤᠭᠯᠠᠭᠤᠯᠤᠭᠰᠠᠨ ᠵᠣᠢ᠌ᠯᠠᠰ ᠶᠢᠡᠨ 《ᠬᠤᠷᠴᠢᠨ ᠮᠦᠽᠧᠢ》 ᠳ᠋ᠤ ᠳᠡᠯᠭᠡᠨ ᠦᠵᠡᠭᠦᠯᠦᠭ᠍ᠰᠡᠨ ᠢ ᠪᠢ ᠳᠸᠯᠸᠢᠰ ᠡᠴᠡ ᠬᠠᠷᠠᠭᠰᠠᠨ᠃ ᠳᠤᠭᠤᠷᠢᠨ ᠦᠵᠡᠭ᠍ᠰᠡᠨ ᠵᠤᠴᠢᠳ ᠡᠴᠡ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠱᠤᠸᠠᠩ ᠱᠠᠨ ᠫᠷᠦᠹᠧᠰᠰᠤᠷ᠂ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ ᠣᠮᠠᠷᠠᠳᠤ ᠶᠢᠨ ᠦᠨᠳᠦᠰᠦᠳᠠᠨ ᠤ ᠰᠤᠶᠤᠯ ᠤᠨ ᠦᠯᠡᠳᠡᠭ᠍ᠳᠡᠯ ᠢ ᠰᠤᠳᠤᠯᠬᠤ ᠨᠡᠢ᠌ᠭᠡᠮᠯᠢᠭ᠌ ᠤᠨ ᠳᠡᠷᠢᠭᠦᠯᠡᠭ᠍ᠴᠢ ᠪᠠᠯᠵᠢᠨᠢᠮ᠎ᠠ ᠠᠪᠣᠭᠠᠢ ᠨᠡᠷ ᠡᠴᠡ 《᠁ ᠡᠢ᠌ᠮᠤ ᠥᠭᠡᠳᠡ ᠰᠠᠢ᠌ᠬᠠᠨ ᠣᠢ᠌ᠯᠠᠰ ᠢ ᠬᠤᠪᠢ ᠭᠦᠮᠤᠨ ᠰᠠᠨᠠᠭᠠᠴᠢᠯᠠᠭ᠎ᠠ ᠡᠴᠡ ᠪᠠᠨ ᠪᠦᠳᠦᠭᠡᠨ᠎ᠡ ᠭᠡᠳᠡᠭ᠌ ᠴᠢᠨᠢ ᠴᠤᠬᠤᠮ ᠭᠢᠯᠪᠠᠷ ᠠᠵᠤ ᠪᠢᠰᠢ ᠡ》 《ᠪᠠᠶᠠᠠᠨᠠᠮᠤᠷ ᠤᠨ ᠡᠨᠡ ᠴᠤᠭᠯᠠᠭᠤᠯᠭ᠎ᠠ ᠪᠣᠯ ᠣᠠᠴᠠᠭᠠᠢ ᠴᠤᠭᠯᠠᠭᠤᠯᠭ᠎ᠠ᠂ ᠨᠢᠭᠡᠨ ᠰᠢᠨ᠎ᠠ ᠡᠭᠦᠳᠦᠯᠳᠡ ᠮᠦᠨ᠃ ᠮᠠᠲ᠋ᠸᠷᠢᠶᠠᠯ ᠤᠨ ᠦᠨ᠎ᠡ ᠦᠷᠳᠡᠭ᠌ ᠲᠡᠶ ᠪᠦᠭᠡᠳ ᠰᠤᠳᠤᠯᠯᠠᠭᠠᠨ ᠤ ᠦᠨ᠎ᠡ ᠦᠷᠳᠡᠭ᠌ ᠲᠡᠶ ᠁ ᠴᠢᠩᠭᠢᠰ ᠬᠠᠭᠠᠨ ᠤ ᠳᠤᠬᠠᠢ ᠰᠤᠳᠤᠯᠤᠯ ᠭᠢᠭᠦ ᠳᠤ ᠳᠡᠦᠭᠡᠨ ᠰᠤᠷᠪᠣᠯᠵᠢ ᠮᠠᠲ᠋ᠸᠷᠢᠶᠠᠯ ᠬᠠᠩᠭ᠋ᠠᠵᠤ ᠥᠭ᠍ᠴᠡᠢ》 《ᠵᠠᠷᠢᠮ ᠨᠢᠭᠡ ᠨᠤᠮ ᠨᠢ ᠪᠠᠶᠠᠠᠨᠠᠮᠤᠷ ᠤᠨ ᠨᠢᠭᠡ ᠰᠠᠷ᠎ᠠ ᠶᠢᠨ ᠴᠠᠯᠢᠩ ᠶᠢᠡᠨ ᠪᠦᠭᠦᠨ ᠢ ᠵᠠᠷᠤᠴᠠᠭᠤᠯᠤᠮᠠᠠᠵᠢᠨ ᠰᠠᠶᠢ ᠠᠪᠴᠤ ᠳᠠᠢ᠌ᠯᠤᠨ᠎ᠠ ᠰᠢᠤ᠂ ᠨᠢᠭᠡ ᠭᠦᠮᠤᠨ ᠦᠪᠡᠷ ᠤᠨ ᠮᠥᠩᠭᠦ ᠵᠤᠭᠤᠰ ᠶᠢᠡᠨ ᠶᠠᠭᠤᠨ ᠳᠡᠭᠡᠷ᠎ᠡ ᠭᠡᠷᠡᠭᠯᠡᠨ᠎ᠡ ᠭᠡᠳᠡᠭ᠌ ᠴᠢᠨᠢ ᠲᠤᠩ ᠴᠢᠬᠤᠯᠠ ᠠᠰᠠᠭᠤᠳᠠᠯ ᠶᠤᠮ ᠡ》 《ᠢᠯᠠᠩᠭ᠋ᠤᠶ᠎ᠠ ᠰᠠᠶᠢ ᠨᠢᠭᠡ ᠳᠦᠴᠢ ᠭᠠᠷᠴᠤ ᠶᠠᠪᠣᠭ᠎ᠠ ᠵᠠᠯᠠᠭᠤ ᠭᠦᠮᠤᠨ ᠤ ᠬᠤᠪᠢ ᠳᠤ᠂ ᠦᠨᠳᠦᠰᠦᠳᠠᠨ ᠤ ᠳᠡᠦᠭᠡ ᠰᠤᠶᠤᠯ ᠤᠨ ᠲᠦᠯᠦᠭᠡ ᠡᠨᠡ ᠭᠡᠮᠵᠢᠶᠡᠨ ᠳᠤ ᠭᠦᠷᠳᠡᠯ᠎ᠡ ᠵᠢᠳᠭᠦᠨ᠎ᠡ ᠭᠡᠳᠡᠭ᠌ ᠴᠢᠨᠢ ᠥᠨᠡᠭᠡᠷ ᠮᠠᠨ ᠤ ᠮᠤᠩᠭ᠋ᠤᠯ ᠵᠠᠯᠠᠭᠤᠰ ᠤᠨ ᠰᠤᠳᠤᠨ ᠳᠠᠭᠤᠷᠢᠶᠠᠯ ᠪᠠᠢ᠌ᠨ᠎ᠠ》 ᠭᠡᠭᠦ ᠵᠡᠷᠭᠡ ᠪᠠᠷ ᠰᠡᠳᠭᠢᠯ ᠳᠤᠭᠳᠤᠯᠤᠨ ᠶᠠᠷᠢᠵᠤ ᠪᠠᠢ᠌ᠭᠰᠠᠨ᠃ ᠪᠠᠶᠠᠠᠨᠠᠮᠤᠷ ᠦᠪᠡᠷ ᠶᠢᠡᠨ 《᠁ ᠨᠠᠳᠠ ᠠᠪᠴᠤ ᠭᠡᠯᠡᠪᠠᠯ ᠡᠳᠡᠭᠡᠷ ᠨᠤᠮ ᠤᠳ ᠴᠤᠬᠤᠮ ᠠᠮᠠᠨ ᠳᠤ ᠪᠠᠨ ᠭᠢᠪᠠᠯ ᠬᠠᠢ᠌ᠯᠤᠮᠠᠷ᠂ ᠠᠯᠠᠭᠠᠨ ᠳᠤ ᠪᠠᠨ ᠳᠠᠯᠪᠢᠪᠠᠯ ᠪᠦᠮᠪᠦᠷᠢᠮᠡᠷ ᠡᠷᠭᠢᠮ ᠤᠨ ᠲᠤᠢ᠌ᠯ ᠶᠤᠮ ᠁》 ᠭᠡᠵᠤ ᠶᠠᠷᠢᠵᠠᠢ᠃
ᠠᠷᠪᠠᠨ ᠭᠤᠷᠪᠠᠳᠤᠭᠠᠷ ᠵᠠᠭᠤᠨ ᠳᠤ ᠳᠠᠮᠤᠵᠢᠨ ᠭᠡᠳᠡᠭ᠌ ᠶᠢᠷᠳᠢᠠᠴᠤ ᠳᠡᠯᠡᠭᠡᠢ ᠶᠢᠨ ᠪᠣᠭᠳᠠ ᠭᠦᠮᠤᠨ ᠮᠤᠩᠭ᠋ᠤᠯ ᠳᠤ ᠮᠠᠠᠳᠤᠯᠠᠵᠤ᠂ ᠳᠡᠯᠡᠭᠡᠢ ᠶᠢᠨ ᠳᠡᠦᠭᠡᠨ ᠳ᠋ᠠᠭᠢ ᠳᠤᠠᠵᠢ ᠭᠦᠮᠤᠨ ᠪᠣᠯᠵᠠᠢ᠃ ᠳᠡᠭᠦᠨ ᠡᠴᠡ ᠬᠣᠢ᠌ᠰᠢ ᠳᠠᠢ᠌ᠮᠤ ᠠᠤᠭ᠎ᠠ ᠵᠤᠷᠢᠭ ᠲᠡᠶ᠂ ᠠᠪᠣᠷᠭᠤ ᠪᠣᠳᠤᠯᠭ᠎ᠠ ᠲᠡᠶ᠂ ᠠᠯᠮᠠᠰ ᠰᠦᠰᠦ ᠲᠡᠶ ᠬᠠᠠᠳᠤᠭᠰᠠᠨ ᠵᠥᠭ᠌ ᠲᠤ ᠳᠠᠢ᠌ᠰᠤᠨ ᠦᠭᠡᠶ ᠠᠪᠣᠷᠭᠤ ᠭᠦᠮᠤᠨ ᠮᠤᠩᠭ᠋ᠤᠯ ᠤᠨ ᠳᠡᠭ᠍ᠷᠢ ᠳᠤᠤᠷ᠎ᠠ ᠳᠠᠭᠢᠵᠤ ᠮᠡᠡᠳᠦᠯᠡᠭᠡ ᠦᠭᠡᠶ᠃ ᠦᠨᠦᠳᠤᠷ ᠪᠣᠭᠳᠠ ᠳᠠᠮᠤᠵᠢᠨ ᠤ ᠳᠡᠭᠦᠤ ᠬᠠᠰᠠᠷ ᠨᠤᠶᠠᠨ ᠤ ᠬᠣᠢ᠌ᠴᠢᠰ ᠲᠤ ᠨᠢ ᠪᠣᠷᠵᠢᠭᠢᠨ ᠪᠠᠶᠠᠠᠨᠠᠮᠤᠷ ᠭᠡᠵᠤ ᠬᠤᠷᠴᠢᠨ ᠤ ᠣᠭᠳᠠᠷᠭᠤᠢ ᠡᠴᠡ ᠰᠢᠨ᠎ᠠ ᠨᠢᠭᠡᠨ ᠣᠳᠤᠨ ᠣᠴᠢᠯᠠᠨ ᠴᠠᠭᠢᠯᠵᠤ᠂ ᠦᠨᠳᠦᠰᠦᠳᠠᠨ ᠳᠤ ᠪᠠᠨ ᠨᠢᠭᠡᠨ ᠵᠠᠩᠭᠢᠯᠠᠭ᠎ᠠ ᠶᠢᠨ ᠠᠴᠢ ᠬᠤᠯᠪᠣᠭᠳᠠᠯ ᠲᠡᠶ ᠣᠢ᠌ᠯᠠᠰ ᠢ ᠪᠣᠰᠠᠬᠠᠵᠤ᠂ 《ᠮᠦᠽᠧᠢ ᠡᠴᠡ ᠰᠠᠴᠤᠷᠠᠭᠰᠠᠨ ᠳᠤᠶᠠᠭ᠎ᠠ ᠪᠠᠷ ᠮᠢᠩᠭ᠋ᠠᠨ ᠲᠦᠮᠡᠨ ᠭᠦᠮᠤᠨ ᠢ ᠪᠣᠳᠤᠭᠯᠠᠵᠤ》 ᠡᠭᠢᠯᠡᠵᠡᠢ᠃ ᠳᠡᠭᠦᠨ ᠤ ᠡᠨᠡᠭᠦ ᠭᠤᠴᠤ ᠳᠠᠰᠤᠷᠬᠠᠢ ᠵᠤᠷᠢᠭ ᠰᠠᠨᠠᠭ᠎ᠠ ᠨᠢ ᠦᠨᠳᠦᠰᠦᠳᠠᠨ ᠤ ᠳᠡᠦᠭᠡᠨ ᠳ᠋ᠠᠭᠢ ᠬᠤᠭᠤᠰᠤᠨ ᠢ ᠨᠥᠭᠦᠪᠦᠷᠢᠯᠡᠵᠤ᠂ ᠪᠣᠯᠠᠩᠭᠢᠷᠳᠤᠰᠢ ᠦᠭᠡᠶ ᠪᠣᠯᠤᠷ ᠳᠠᠯᠠᠰᠳᠤ᠂ ᠭᠡᠷᠡᠯᠳᠤ ᠰᠤᠪᠣᠤᠨ ᠪᠣᠯᠤᠨ ᠳᠤᠶᠠᠭᠠᠷᠠᠵᠠᠢ᠃
ᠡᠮᠦᠨᠡᠭᠡᠨ ᠪᠢ ᠰᠦᠯᠵᠢᠶᠠᠨ ᠳᠡᠭᠡᠷ᠎ᠡ ᠳᠡᠭᠦᠨ ᠲᠡᠶ ᠬᠠᠷᠭᠤᠵᠤ ᠭᠡᠳᠤᠨ ᠥᠭᠡ ᠰᠤᠯᠢᠯᠴᠠᠵᠠᠢ᠃ ᠳᠡᠭᠦᠨ ᠢ ᠪᠢ 《ᠳᠠ ᠥᠨᠡᠭᠡᠷ ᠶᠡᠭᠡ ᠶᠢ ᠪᠣᠳᠤᠳᠠᠭ ᠠᠯᠤᠰᠴᠢ ᠭᠦᠮᠤᠨ ᠪᠠᠢ᠌ᠨ᠎ᠠ》 ᠭᠡᠭᠦ ᠳᠤ 《 ᠦᠭᠡᠶ᠂ ᠨᠠᠳᠠ ᠶᠢ ᠪᠢᠳᠡᠭᠡᠢ ᠳᠡᠭᠡᠵᠤ ᠦᠨᠳᠦᠷ ᠦᠨᠡᠯᠠ᠂ ᠪᠢ ᠬᠠᠷᠠᠯᠳᠠ ᠳᠤ ᠪᠠᠨ ᠭᠦᠷᠦᠭᠡ ᠦᠭᠡᠶ᠃ ᠦᠷᠭᠦᠯᠵᠢᠯᠡᠨ ᠴᠤᠭᠯᠠᠭᠤᠯᠤᠨ᠎ᠠ᠃ ᠦᠨᠦᠳᠤᠷ ᠪᠢ ᠰᠦᠯᠵᠢᠶᠠᠨ ᠳᠡᠭᠡᠷ᠎ᠡ ᠶᠠᠫᠣᠨ ᠭᠡᠯᠡ ᠪᠠᠷ ᠭᠡᠪᠯᠡᠭ᠍ᠰᠡᠨ ᠨᠤᠮ ᠢ ᠡᠷᠢᠵᠤ ᠣᠯᠤᠭᠠᠤᠨ ᠦᠨ᠎ᠡ ᠬᠠᠶᠠᠯᠴᠠᠭᠠᠤᠨ ᠮᠥᠩᠭᠦ ᠭᠦᠷᠦᠭ᠍ᠰᠡᠨ ᠦᠭᠡᠶ ᠳᠡᠢ᠌ᠯᠦᠭ᠍ᠳᠡᠴᠢᠭᠡᠯᠡ》 ᠭᠡᠵᠤ ᠬᠠᠷᠠᠮᠰᠠᠨ ᠶᠠᠷᠢᠵᠠᠢ᠃ ᠬᠤᠶᠠᠷ ᠡᠳᠦᠷ ᠤᠨ ᠳᠠᠷᠠᠭ᠎ᠠ ᠳᠠᠭᠢᠭᠠᠤᠨ ᠨᠢᠭᠡ ᠬᠠᠷᠭᠤᠬᠤ ᠪᠠᠷ 《ᠪᠢ ᠨᠤᠮ ᠡᠷᠢᠭᠡᠳ ᠶᠠᠭᠠᠷᠠᠵᠤ ᠪᠠᠢ᠌ᠨ᠎ᠠ᠃ ᠮᠢᠨᠤ ᠨᠢᠭᠡ ᠨᠠᠢ᠌ᠵᠠ ᠨᠠᠳᠠ ᠳᠤ ᠨᠤᠮ ᠠᠪᠬᠤ ᠮᠥᠩᠭᠦ ᠵᠢᠭᠡᠯᠡᠭᠦᠯᠵᠤ ᠦᠭᠭᠦᠭ᠍ᠰᠡᠨ》 ᠭᠡᠵᠤ ᠪᠠᠶᠠᠷᠳᠠᠢ ᠶᠠᠷᠢᠵᠤ ᠪᠠᠢ᠌ᠭᠰᠠᠨ᠃ 《ᠳᠡᠭᠦᠤ ᠡ᠂ ᠴᠢᠨᠤ ᠠᠮᠢᠳᠤᠷᠠᠯ᠂ ᠴᠢᠨᠤ ᠠᠮᠢ ᠨᠠᠰᠤ ᠥᠨᠡᠭᠡᠷ ᠦᠨ᠎ᠡ ᠦᠷᠳᠡᠭ᠌ ᠲᠡᠶ᠂ ᠴᠢᠮ᠎ᠠ ᠲᠡᠶ ᠬᠠᠷᠢᠴᠠᠭᠤᠯᠪᠠᠯ ᠪᠢ ᠳᠤᠮᠤ ᠵᠠᠭᠠᠨ ᠤ ᠭᠦᠯ ᠳᠤᠤᠷᠠᠭᠢ ᠰᠢᠷᠭᠤᠯᠵᠢ ᠳᠠᠳᠤᠢ ᠪᠣᠶᠤ》 ᠁ ᠶᠠᠷᠢᠯᠴᠠᠭᠠᠨ ᠤ ᠳᠤᠮᠳᠠ ᠳᠠᠷᠠ᠂ ᠪᠢ ᠡᠨᠡ ᠮᠡᠳᠡᠭᠦᠯᠦᠯᠳᠡ ᠪᠠᠨ 《ᠠᠮᠸᠷᠢᠺᠠ ᠤᠨ ᠸᠠᠰᠢᠩᠲ᠋ᠤᠨ ᠤ ᠫᠣᠰᠲ᠋ ᠰᠤᠨᠢᠨ》 ᠳ᠋ᠤ ᠨᠡᠢ᠌ᠳᠡᠯᠡᠭᠦᠯᠪᠠᠯ ᠰᠠᠶᠢ ᠵᠤᠷᠢᠯᠭ᠎ᠠ ᠳᠤ ᠪᠠᠨ ᠭᠦᠷᠦᠨ᠎ᠡ᠃ ᠠᠮᠸᠷᠢᠺᠠ ᠳᠤ᠂ ᠪᠦᠭᠦ ᠳᠡᠯᠡᠭᠡᠢ ᠳᠤ᠂ ᠡᠵᠡᠨ ᠴᠢᠩᠭᠢᠰ ᠤᠨ ᠬᠣᠢ᠌ᠴᠢᠰ᠂ ᠬᠠᠰᠠᠷ ᠨᠤᠶᠠᠨ ᠤ ᠬᠣᠢ᠌ᠴᠢᠰ ᠳᠠᠢ᠌ᠮᠤ ᠥᠭᠦᠮᠡᠯ ᠮᠢᠡᠴᠦᠭᠦᠷᠡᠮᠡᠯ ᠪᠢᠰᠢ᠂ 《ᠴᠢᠩᠭᠢᠰ ᠮᠤᠩᠭ᠋ᠤᠯᠴᠤᠳ》 ᠭᠡᠵᠢᠶᠡᠳᠡ ᠵᠥᠭᠡᠷ ᠰᠠᠭᠤᠵᠤ ᠵᠥᠭᠡᠯᠡᠨ ᠳᠤᠤᠭᠠᠷᠬᠤ ᠪᠢᠰᠢ᠂ ᠳᠡᠦᠭᠡ ᠰᠤᠶᠤᠯ ᠶᠢᠡᠨ ᠨᠠᠠᠳᠢᠩᠨᠠᠵᠤ ᠬᠠᠢ᠌ᠷᠠᠯᠠᠵᠤ ᠪᠣᠢ ᠭᠡᠳᠡᠭ᠌ ᠢ ᠮᠡᠳᠡᠭᠦᠯᠦᠨ᠎ᠡ ᠁ ᠪᠢ ᠬᠤᠷᠴᠢᠨ ᠮᠤᠩᠭ᠋ᠤᠯᠴᠤᠳ ᠲᠤ ᠪᠠᠨ᠂ ᠥᠪᠦᠷᠯᠡᠭ᠍ᠴᠢ ᠮᠤᠩᠭ᠋ᠤᠯᠴᠤᠳ ᠲᠤ ᠪᠠᠨ ᠡᠳᠡᠭᠡᠷ ᠳᠡᠦᠭᠡ ᠰᠤᠶᠤᠯ ᠤᠨ ᠨᠠᠮᠳᠠᠷ ᠭᠦᠷᠦᠩᠭᠡ ᠶᠢ ᠬᠠᠮᠤᠭ ᠠᠷᠪᠢᠨ ᠭᠡᠮᠵᠢᠶᠡᠨ ᠤ ᠬᠤᠷᠠᠮᠳᠤᠭᠤᠯᠤᠨ ᠦᠭᠭᠦᠨ᠎ᠡ᠃ ᠬᠣᠢ᠌ᠴᠢ ᠦᠶ᠎ᠡ ᠶᠢᠨ ᠮᠤᠩᠭ᠋ᠤᠯᠴᠤᠤᠳ ᠤᠨ ᠶᠢᠡᠨ ᠳᠡᠭᠡᠳᠦᠰ ᠶᠢᠡᠨ ᠭᠦᠡᠵᠡᠭᠡᠢ ᠳᠠᠨᠢᠬᠤ᠂ ᠳᠡᠦᠭᠡ ᠪᠠᠨ ᠮᠡᠳᠡᠭᠦ᠂ ᠦᠨᠳᠦᠰᠦᠳᠠᠨ ᠤ ᠢᠳᠡᠭᠡᠯ ᠪᠢᠰᠢᠷᠠᠯ ᠶᠢᠡᠨ ᠭᠦᠭ᠍ᠵᠢᠭᠡᠭᠦ ᠳᠤ ᠰᠤᠷᠠᠭ ᠳᠤᠭᠢᠶ᠎ᠠ ᠨᠠᠷᠠᠨ ᠳᠤᠯᠢ ᠪᠣᠯᠭᠠᠨ᠎ᠠ᠃ ᠪᠠᠰᠠ ᠠᠵᠢᠯ ᠤᠨ ᠠᠮᠠᠷᠠᠯᠳᠠ ᠪᠠᠨ ᠠᠪᠣᠭᠰᠠᠨ ᠤ ᠳᠠᠷᠠᠭ᠎ᠠ ᠡᠵᠡᠨ ᠴᠢᠩᠭᠢᠰ ᠤᠨ ᠶᠠᠪᠣᠵᠤ ᠥᠩᠭᠡᠷᠡᠭ᠍ᠰᠡᠨ ᠣᠯᠠ ᠮᠦᠷ ᠢ ᠮᠦᠷᠳᠠᠨ ᠰᠤᠷᠪᠣᠯᠵᠢᠯᠠᠵᠤ ᠨᠤᠮ ᠪᠢᠴᠢᠭ᠌ ᠭᠦᠷᠦᠭ᠌ ᠵᠢᠷᠤᠭ ᠲᠤ ᠦᠯᠠᠳᠠᠵᠤ ᠬᠤᠴᠤᠷᠤᠭᠰᠠᠨ ᠦᠭᠡᠶ ᠵᠣᠢ᠌ᠯ ᠢ ᠴᠥᠭᠡᠨ ᠴᠤ ᠭᠡᠰᠡᠨ ᠬᠠᠢ᠌ᠵᠤ ᠣᠯᠤᠶ᠎ᠠ ᠭᠡᠵᠤ ᠪᠣᠳᠤᠵᠤ ᠪᠣᠢ᠃ ᠣᠳᠤ ᠪᠣᠭᠳᠠ ᠴᠢᠩᠭᠢᠰ ᠤᠨ ᠵᠠᠷᠢᠮ ᠨᠠᠮᠳᠠᠷ ᠳᠡᠦᠭᠡ ᠶᠢ ᠭᠢᠳᠠᠤᠨ ᠶᠠᠫᠣᠨ ᠺᠤᠷᠢᠶᠠ ᠭᠡᠯᠡᠨ ᠳᠤ ᠣᠷᠴᠢᠭᠤᠯᠤᠭᠠᠤᠨ ᠶᠠᠭᠠᠷᠠᠵᠤ ᠪᠣᠢ᠃ ᠳᠠᠷᠠᠭᠠᠴᠢ ᠶᠢᠨ ᠴᠢᠬᠤᠯᠠ ᠠᠵᠢᠯ ᠤᠨ ᠨᠢᠭᠡ ᠪᠣᠯ ᠺᠤᠷᠢᠶᠠ ᠳᠤ ᠭᠦᠷᠴᠤ 《ᠴᠢᠩᠭᠢᠰ ᠬᠠᠭᠠᠨ ᠤ ᠭᠠᠵᠠᠷ ᠣᠰᠤᠨ ᠤ ᠨᠠᠷᠠ ᠶᠢᠨ ᠳᠤᠮᠤᠭ》 ᠊ᠢ ᠭᠡᠪᠯᠡᠭᠦᠯᠭᠦ ᠪᠣᠯᠤᠨ᠎ᠠ ᠁ ᠭᠡᠭᠦ ᠵᠡᠷᠭᠡ ᠪᠠᠷ ᠮᠠᠰᠢ ᠣᠷᠮ᠎ᠠ ᠳᠡᠭᠦᠯᠳᠡᠷ ᠶᠠᠷᠢᠵᠤ ᠪᠠᠢ᠌ᠵᠠᠢ᠃
ᠨᠡᠢ᠌ᠭᠡᠮ ᠳᠡᠭᠡᠷ᠎ᠡ ᠣᠢ᠌ᠯᠠᠰᠳᠠᠨ ᠤ ᠳᠠᠪᠴᠠᠩ ᠳᠤ ᠠᠯᠳᠠᠷ ᠶᠢᠡᠨ ᠳᠡᠮᠳᠡᠭᠯᠡᠭᠦᠯᠦᠭ᠍ᠰᠡᠨ ᠭᠦᠮᠤᠨ ᠮᠦᠡᠭ᠌ ᠦᠭᠡᠶ᠃ ᠭᠡᠪᠠᠴᠤ ᠪᠦᠳᠦᠭᠡᠭ᠍ᠰᠡᠨ ᠣᠢ᠌ᠯᠠᠰ ᠤᠨ ᠭᠢᠨᠢ ᠰᠢᠠᠵᠢ ᠴᠢᠨᠠᠷ ᠪᠠ ᠨᠡᠢ᠌ᠭᠡᠮ ᠳᠤ ᠦᠵᠡᠭᠦᠯᠭᠦ ᠨᠥᠯᠦᠭᠡ ᠣᠢ᠌ᠯᠠᠳᠤᠯ ᠨᠢ ᠦᠰᠤᠳ ᠥᠭᠡᠷ᠎ᠡ᠃ ᠵᠠᠷᠢᠮ ᠭᠦᠮᠤᠨ ᠤ ᠪᠣᠰᠬᠠᠭᠰᠠᠨ ᠣᠢ᠌ᠯᠠᠰ ᠨᠢ ᠦᠪᠡᠷ ᠶᠢᠡᠨ ᠭᠡᠳᠤᠨ ᠵᠠᠭᠤᠨ ᠲᠦᠮᠡ᠂ ᠭᠡᠳᠤᠨ ᠮᠢᠩᠭ᠋ᠠᠨ ᠲᠦᠮᠡᠨ ᠵᠤᠭᠤᠰ ᠲᠡᠶ 《ᠥᠭᠡᠭᠦᠨ ᠪᠠᠶᠠᠨ》 ᠪᠣᠯᠤᠭᠰᠠᠨ᠃ ᠭᠡᠳᠡᠯ᠎ᠡ ᠪᠠᠶᠠᠠᠨᠠᠮᠤᠷ ᠤᠨ ᠪᠦᠳᠦᠭᠡᠵᠤ ᠪᠠᠢ᠌ᠭ᠎ᠠ ᠣᠢ᠌ᠯᠠᠰ ᠨᠢ ᠬᠤᠪᠢ ᠭᠦᠮᠤᠨ ᠤ ᠴᠠᠯᠢᠩ ᠮᠥᠩᠭᠦ ᠪᠠᠨ ᠦᠷᠠᠵᠤ᠂ ᠪᠦᠭᠦ ᠮᠤᠩᠭ᠋ᠤᠯ᠂ ᠪᠦᠭᠦ ᠨᠡᠢ᠌ᠭᠡᠮ ᠳᠤ 《ᠦᠭᠡᠶ ᠶᠢ ᠪᠣᠢ ᠪᠣᠯᠭᠠᠵᠤ》᠂ ᠥᠭᠡᠳᠡ ᠰᠠᠢ᠌ᠬᠠᠨ ᠤ ᠡᠭᠢᠯᠡᠯᠳᠡ ᠶᠢᠨ ᠭᠦᠰᠢᠭᠡ ᠶᠢ ᠢᠷᠠᠭᠰᠠᠨ ᠪᠢᠯᠠ᠃ ᠵᠠᠷᠢᠮ ᠭᠦᠮᠤᠨ ᠳᠡᠭᠦᠨ ᠢ ᠭᠡᠢ᠌ᠷᠭᠡᠯ ᠭᠡᠵᠤ ᠪᠣᠳᠤᠬᠤ ᠴᠤ ᠮᠠᠭᠠᠤᠨ᠃ ᠠᠯᠢᠪᠠ ᠪᠠᠨ ᠵᠤᠷᠢᠭᠤᠯᠬᠤ ᠬᠠᠢ᠌ᠷ᠎ᠠ ᠬᠠᠷᠢᠭᠤᠴᠠᠯᠭ᠎ᠠ ᠦᠭᠡᠶ ᠶᠤᠮ ᠪᠣᠯ᠂ ᠶᠠᠭᠤᠨ ᠳᠤ ᠠᠷᠠᠤᠨ ᠤᠨ ᠪᠠᠭᠰᠢ ᠶᠢᠨ ᠳᠤᠭ᠎ᠠ ᠲᠡᠶ ᠭᠡᠳᠤᠨ ᠮᠥᠩᠭᠦ ᠪᠠᠷ ᠶᠢᠡᠨ ᠭᠡᠢ᠌ᠷᠭᠡᠨᠡ ᠳ᠋ᠠ᠃ ᠶᠠᠫᠣᠨ ᠡᠴᠡ ᠪᠣᠴᠠᠵᠤ ᠢᠷᠡᠭ᠍ᠰᠡᠳ ᠤᠨ ᠣᠯᠠᠩᠭᠢ ᠨᠢ ᠵᠥᠭᠡᠯᠡᠨ ᠣᠯᠪᠣᠭ ᠲᠡᠶ ᠦᠨᠡᠳᠤ ᠮᠠᠰᠢᠨ ᠱᠤᠤᠭᠢᠭᠤᠯᠤᠭᠰᠠᠨ 《ᠪᠢᠴᠢᠭ᠌ ᠲᠡᠶ ᠪᠠᠶᠠᠨ》 ᠪᠣᠯᠤᠭᠰᠠᠨ᠃ ᠭᠡᠳᠡᠯ᠎ᠡ ᠳᠠᠷᠠ ᠮᠠᠨᠢ ᠳᠤᠭᠤᠢ ᠪᠠᠷ ᠳᠠᠪᠭᠢᠭᠤᠯᠵᠤ ᠪᠠᠢ᠌ᠭᠰᠠᠨ ᠦᠭᠡᠶ ᠦᠦ ⁈
ᠬᠤᠳᠠ ᠶᠢᠨ ᠡᠮᠨᠡᠯᠭᠡ ᠳᠤ ᠬᠤᠷᠢ ᠭᠠᠷᠤᠢ ᠬᠤᠨᠤᠭᠠᠤᠨ ᠡᠵᠢ ᠶᠢᠨ ᠮᠢᠨᠢ ᠮᠠᠬᠠᠪᠣᠤᠨ ᠤᠨ ᠡᠪᠠᠷᠰᠢᠶᠡᠯ ᠨᠢ ᠪᠠᠬᠠᠨ ᠨᠠᠮᠳᠠᠬᠤ ᠪᠠᠷ ᠡᠪᠡᠳᠴᠢᠳᠡᠨ ᠤ ᠦᠷᠦᠭᠡᠨ ᠳᠤ ᠭᠠᠭᠴᠠᠭᠠᠷ ᠢ ᠣᠷᠭᠢᠵᠤ 《ᠬᠤᠷᠴᠢᠨ ᠮᠦᠽᠧᠢ》 ᠳ᠋ᠤ ᠳᠠᠯᠪᠢᠭᠠᠤᠨ ᠭᠦᠷᠴᠡᠢ᠃ 《ᠪᠣᠭᠳᠠ ᠴᠢᠩᠭᠢᠰ ᠤᠨ ᠳᠡᠦᠭᠡ ᠨᠠᠮᠳᠠᠷ ᠤᠨ ᠴᠤᠭᠯᠠᠭᠤᠯᠤᠯᠭᠠ》 ᠶ᠋ᠢᠨ ᠳᠢᠩᠭᠢᠮ ᠳᠤ ᠣᠷᠤᠭᠰᠠᠨ ᠴᠢᠨᠢ᠂ ᠪᠦᠭᠦᠢᠯᠡ ᠣᠶᠤᠨ ᠰᠦᠨᠠᠰᠤ᠂ ᠣᠬᠠᠭᠠᠨ ᠮᠠᠳᠠᠷᠠᠯ ᠵᠢᠷᠭᠢᠨ ᠠᠷᠪᠠᠨ ᠭᠤᠷᠪᠠᠳᠤᠭᠠᠷ ᠵᠠᠭᠤᠨ ᠳᠤ ᠭᠦᠪᠪᠦᠨ ᠭᠦᠷᠴᠡᠢ᠃ ᠶᠠᠭᠤᠨ ᠤ ᠡᠮᠦᠨ᠎ᠡ 《ᠢᠯᠠᠭᠳᠠᠰᠢ ᠦᠭᠡᠶ ᠴᠢᠩᠭᠢᠰ ᠬᠠᠭᠠᠨ》 《ᠢᠯᠠᠭᠳᠠᠰᠢ ᠦᠭᠡᠶ ᠴᠢᠩᠭᠢᠰ ᠬᠠᠭᠠᠨ》 ᠭᠡᠭᠦ ᠣᠷᠠᠢ ᠳᠠᠭᠤᠨ ᠳᠠᠷᠢᠭᠢ ᠳᠤᠯᠤᠭᠠᠢ ᠶᠢ ᠬᠠᠭᠠᠷᠠᠳᠠᠯ᠎ᠠ ᠲᠦᠩᠭᠢᠨᠠᠵᠠᠢ᠃ ᠳᠦᠷᠢ ᠳᠦᠷᠭᠦ᠂ ᠭᠡᠯᠪᠠᠷᠢ ᠶᠠᠩᠵᠤ᠂ ᠶᠡᠭᠡ ᠪᠠᠭ᠎ᠠ᠂ ᠨᠠᠰᠤᠨ ᠰᠡᠭᠦᠳᠡᠷ᠂ ᠡᠮᠦᠰᠭᠡᠯ ᠬᠤᠶᠠᠭᠯᠠᠯ᠂ ᠥᠩᠭᠡ ᠪᠣᠳᠤᠭ ᠵᠡᠷᠭᠡ ᠨᠢ ᠠᠳᠠᠯᠢ ᠦᠭᠡᠶ ᠴᠢᠩᠭᠢᠰ ᠬᠠᠭᠠᠨ ᠤ ᠭᠦᠷᠦᠭ᠌ ᠵᠢᠷᠤᠭ ᠤᠳ ᠶᠤᠰᠤᠳᠠᠢ ᠴᠢᠩᠭᠢᠰ ᠬᠠᠷᠠᠴᠠ᠂ ᠴᠢᠩᠭᠢᠰ ᠠᠮᠢᠰᠬᠤᠭ᠎ᠠ᠂ ᠴᠢᠩᠭᠢᠰ ᠵᠢᠪᠬᠤᠭ᠎ᠠ᠂ ᠴᠢᠩᠭᠢᠰ ᠪᠣᠳᠤᠯᠭ᠎ᠠ᠂ ᠴᠢᠩᠭᠢᠰ ᠰᠦᠰᠦ ᠁ ᠪᠠᠷ ᠰᠢᠷᠳᠠᠨ ᠰᠥᠭᠯᠡᠢ᠌ᠵᠤ᠂ ᠨᠠᠳᠠ ᠶᠢ ᠦᠷᠤᠰᠢᠶᠠᠨ ᠳᠤᠭᠢᠵᠤ ᠳᠤᠳᠤᠭᠰᠢ ᠣᠷᠤᠭᠤᠯᠵᠠᠢ᠃ ᠳᠡᠯᠡᠭᠡᠢ ᠳ᠋ᠠᠭᠢᠨ ᠤ ᠳᠤᠮᠤᠴᠤᠳ ᠤᠨ ᠬᠠᠷᠠᠭᠠᠨ ᠳ᠋ᠠᠭᠢ ᠳᠤᠠᠵᠢ ᠭᠦᠮᠤᠨ᠂ ᠮᠤᠷᠢᠨ ᠨᠢᠷᠤᠭᠤᠨ ᠳᠡᠭᠡᠷ᠎ᠡ ᠳᠡᠯᠡᠭᠡᠢ ᠶᠢ ᠳᠤᠭᠳᠠᠭᠠᠭᠰᠠᠨ ᠠᠩᠬᠠᠨ ᠤ ᠬᠠᠭᠠᠨ᠂ ᠳᠡᠯᠡᠭᠡᠢ ᠳᠡᠭᠡᠷ᠎ᠡ ᠬᠠᠮᠤᠭ ᠡᠴᠡ ᠢᠯᠡᠭᠦᠤ ᠣᠨᠢᠰᠤᠭ᠎ᠠ ᠦᠯᠡᠳᠡᠭᠡᠭ᠍ᠰᠡᠨ ᠬᠠᠭᠠᠨ᠂ ᠳᠡᠯᠡᠭᠡᠢ ᠳᠡᠭᠡᠷ᠎ᠡ ᠬᠠᠮᠤᠭ ᠡᠴᠡ ᠢᠯᠡᠭᠦᠤ ᠳᠠᠭᠢᠭᠳᠠᠭᠰᠠᠨ ᠬᠠᠭᠠᠨ᠂ ᠳᠡᠯᠡᠭᠡᠢ ᠳ᠋ᠠᠭᠢᠨ ᠤ ᠠᠯᠳᠠᠷᠳᠤ ᠠᠷᠪᠠᠨ ᠡᠷᠳᠡᠮᠳᠡᠨ ᠤ ᠨᠢᠭᠡ᠂ ᠠᠪᠣᠷᠭᠤ ᠭᠠᠢ᠌ᠬᠠᠮᠰᠢᠭᠳᠤ ᠵᠢᠩᠭᠢᠨᠢ ᠪᠣᠭᠳᠠ ᠭᠦᠮᠤᠨ ᠊᠊᠊᠊᠊᠊᠊᠊᠊᠊᠊᠊᠊᠊᠊ ᠳᠠᠩᠭᠢᠰ ᠳᠠᠯᠠᠢ ᠬᠠᠭᠠᠨ ᠮᠢᠨᠤ᠃ ᠠᠢ᠌ᠯᠴᠢᠯᠠᠨ ᠵᠤᠯᠭᠠᠬᠤ ᠪᠠᠷ ᠣᠷᠤᠭᠰᠠᠨ ᠪᠦᠭᠦᠨ ᠢ ᠡᠰᠡᠷᠭᠦᠯᠡᠨ ᠵᠤᠭᠤᠭᠳᠠᠵᠤ᠂ ᠶᠠᠭᠤ ᠨᠢᠭᠡ ᠶᠢ ᠵᠠᠭᠢᠵᠤ ᠪᠠᠢ᠌ᠭ᠎ᠠ ᠴᠤ ᠰᠢᠭ᠂ ᠭᠡᠴᠡᠭᠦᠤ ᠶᠡᠭᠡ ᠭᠤᠮᠤᠳᠠᠯ ᠭᠦᠰᠡᠷᠳᠡᠯ ᠶᠢᠡᠨ ᠳᠤᠭᠠᠴᠢᠵᠤ ᠪᠠᠢ᠌ᠭ᠎ᠠ ᠴᠤ ᠰᠢᠭ᠂ ᠬᠠᠷᠠᠮᠰᠠᠨ ᠡᠮᠵᠡᠭᠯᠡᠵᠤ ᠪᠠᠢ᠌ᠭ᠎ᠠ ᠴᠤ ᠰᠢᠭ᠂ ᠢᠯᠳᠤ ᠪᠠᠨ ᠳᠠᠯᠠᠢ᠌ᠨ ᠭᠦᠮᠦᠭᠡᠢ ᠪᠠᠨ ᠵᠠᠭᠤᠨ ᠠᠭᠳᠠ ᠶᠢᠨ ᠨᠢᠷᠤᠭᠤᠨ ᠳᠤ ᠮᠤᠷᠳᠠᠭᠰᠠᠨ ᠭᠡᠪ ᠲᠡᠭᠡᠨ ᠦᠨᠦᠳᠤᠷ ᠤᠨ ᠮᠤᠩᠭ᠋ᠤᠯᠴᠤᠳ ᠲᠤ ᠰᠦᠰᠦ ᠵᠤᠷᠢᠭ ᠦᠵᠠᠯᠳᠠ ᠵᠤᠭᠰᠤᠯᠳᠠ ᠶᠢᠨ ᠳᠠᠭᠤᠷᠢᠶᠠᠯ ᠦᠵᠡᠭᠦᠯᠵᠤ ᠪᠠᠢ᠌ᠭ᠎ᠠ ᠴᠤ ᠰᠢᠭ ᠁ ᠮᠢᠨᠤ ᠣᠢ ᠰᠠᠷᠠᠯ ᠡᠴᠡ ᠣᠯᠠᠨ ᠣᠯᠠᠨ ᠪᠣᠳᠤᠯ ᠰᠡᠳᠭᠢᠭ᠍ᠳᠡᠯ ᠤᠨ ᠠᠯᠳᠠᠨ ᠰᠢᠵᠢᠮ ᠭᠤᠭᠴᠤᠭᠠᠷᠠᠵᠠᠢ᠃ ᠪᠠᠰᠠ 《ᠡᠢ᠌ᠮᠤ ᠠᠷᠪᠢᠨ ᠢ ᠨᠢᠭᠡ ᠯᠠ ᠭᠦᠮᠤᠨ ᠤ ᠭᠠᠷ ᠶᠢᠡᠷ ᠠᠯᠢ ᠭᠠᠯᠪᠠ ᠳᠤ ᠨᠢ ᠴᠤᠭᠯᠠᠭᠤᠯᠤᠭᠠᠤᠨ ᠪᠠᠢ᠌ᠪᠠ ᠳ᠋ᠠ》 ᠭᠡᠭᠦ ᠠᠰᠠᠭᠤᠯᠳᠠ ᠰᠤᠷᠭᠢᠨ ᠬᠠᠷᠪᠣᠨ᠎ᠠ᠃ 《ᠡᠳᠡᠭᠡᠷ ᠪᠦᠭᠦᠨ ᠤ ᠤᠳᠬ᠎ᠠ ᠴᠢᠨᠠᠷ ᠤᠨ ᠳᠠᠯ᠎ᠠ ᠳ᠋ᠠᠭᠢ ᠦᠨ᠎ᠡ ᠦᠷᠳᠡᠭ᠌ ᠢ ᠨᠢ ᠭᠡᠮᠵᠢᠵᠤ ᠳᠡᠢ᠌ᠯᠭᠦ ᠦᠭᠡᠶ ᠴᠤ᠂ ᠪᠣᠳᠠᠳᠠᠢ ᠡᠳ᠋ ᠤᠨ ᠦᠨ᠎ᠡ ᠨᠢ ᠴᠤᠬᠤᠮ ᠭᠡᠳᠦᠢ ᠪᠣᠯ ᠳ᠋ᠠ》 ᠭᠡᠵᠤ ᠪᠣᠳᠤᠭᠰᠠᠨ ᠪᠣᠯᠪᠠᠴᠤ᠂ ᠭᠡᠨ ᠡᠴᠡ ᠴᠤ ᠠᠰᠠᠭᠤᠬᠤ ᠵᠤᠷᠢᠭ ᠭᠦᠷᠦᠭ᠍ᠰᠡᠨ ᠦᠭᠡᠶ᠃ ᠵᠥᠪᠭᠡᠨ ᠥᠭᠡ ᠦᠯᠡᠳᠡᠭᠡᠭᠦ ᠬᠠᠭᠤᠳᠠᠰᠤᠨ ᠳᠤ ᠨᠢ 《ᠳᠡᠭᠡᠳᠦᠰ ᠶᠢᠡᠨ ᠦᠷᠤᠴᠠᠨ ᠳᠤ ᠪᠠᠨ ᠦᠪᠯᠠᠵᠤ ᠶᠠᠪᠣᠭ᠎ᠠ ᠳᠠᠨ ᠤ ᠵᠤᠷᠢᠭ ᠰᠠᠨᠠᠭ᠎ᠠ ᠲᠡᠶ ᠴᠢᠨᠢ ᠠᠳᠠᠯᠢ ᠪᠠᠷ ᠳᠠᠨ ᠤ ᠣᠢ᠌ᠯᠠᠰ ᠢ ᠪᠢ ᠡᠭᠦᠷᠢ ᠳᠡᠭᠡᠳᠦᠯᠡᠵᠤ ᠶᠠᠪᠣᠨᠠᠮ》 ᠭᠡᠵᠤ ᠳᠠᠳᠠᠯᠠᠨ ᠬᠤᠴᠤᠷᠭᠠᠭᠠᠤᠨ ᠪᠣᠴᠠᠵᠠᠢ᠃
ᠮᠦᠽᠧᠢ ᠳᠤ ᠭᠦᠷᠴᠤ ᠮᠢᠬᠠᠨ ᠨᠢᠳᠤ ᠪᠠᠷ ᠶᠢᠡᠨ ᠬᠠᠷᠠᠭᠰᠠᠨ ᠴᠢᠨᠢ ᠮᠢᠨᠤ ᠰᠡᠳᠭᠢᠯ ᠰᠠᠨᠠᠭ᠎ᠠ ᠨᠠᠩ ᠦᠷᠪᠢᠰᠴᠠᠢ᠃ ᠰᠢᠳᠤᠯ ᠪᠢᠰᠢᠷᠠᠯ ᠭᠡᠭᠦ ᠦᠦ᠂ ᠣᠷᠭᠢᠯᠤᠮ᠎ᠠ ᠬᠠᠷᠢᠭᠤᠴᠠᠯᠭ᠎ᠠ ᠭᠡᠭᠦ ᠦᠦ᠂ ᠡᠰᠡᠭᠦᠯ᠎ᠡ ᠨᠡᠢ᠌ᠭᠡᠮ ᠳᠤ᠂ ᠬᠤᠷᠴᠢᠨ ᠮᠤᠩᠭ᠋ᠤᠯᠴᠤᠳ ᠲᠤ ᠪᠠᠨ ᠪᠠᠶᠠᠠᠨᠠᠮᠤᠷ ᠤᠨ ᠵᠤᠷᠢᠭ ᠰᠠᠨᠠᠭᠠᠨ ᠤ ᠳᠤᠬᠠᠢ ᠢᠯᠡᠭᠦᠤ ᠨᠢᠭᠡ ᠬᠤᠪᠢ ᠣᠩᠰᠢᠬᠤ ᠮᠠᠲ᠋ᠸᠷᠢᠶᠠᠯ ᠳᠡᠪᠰᠢᠭᠦᠯᠭᠦ ᠰᠠᠨᠠᠭ᠎ᠠ ᠪᠠᠢ᠌ᠵᠤ ᠳᠠᠭᠠᠷᠠᠨ᠎ᠠ᠂ ᠣᠯᠳᠤᠢ ᠨᠠᠳᠠ ᠳᠤ ᠳᠡᠭᠦᠨ ᠢ ᠪᠢᠴᠢᠵᠤ ᠮᠡᠳᠡᠭᠡᠯᠡᠭᠦ ᠭᠢᠷᠢ ᠭᠡᠮ ᠪᠠᠢ᠌ᠬᠤ ᠦᠭᠡᠶ ᠪᠠᠨ ᠮᠠᠳᠠᠵᠤ ᠪᠠᠢ᠌ᠪᠠᠴᠤ ᠪᠣᠳᠤᠯ ᠰᠡᠷᠪᠠᠯᠵᠡᠭᠡᠳ ᠯᠠ ᠪᠠᠢ᠌ᠬᠤ ᠳᠤᠯᠠ ᠡᠵᠢ ᠶᠢᠨ ᠡᠪᠡᠳᠴᠢᠳᠡᠨ ᠤ ᠣᠷᠤᠨ ᠤ ᠬᠠᠵᠠᠭᠤ ᠳᠤ ᠰᠠᠭᠤᠭᠠᠤᠨ ᠭᠦᠩᠭᠡᠨ ᠪᠢᠷ ᠢ ᠭᠦᠰᠢᠵᠤ ᠡᠭᠢᠯᠡᠵᠡᠢ᠃
ᠪᠠᠶᠠᠠᠨᠠᠮᠤᠷ ᠠᠪᠣᠭᠠᠢ ᠡ ︕ ᠳᠠ ᠪᠣᠯ ᠶᠤᠰᠤᠳᠠᠢ ᠰᠤᠳᠤᠨ ᠡᠷ᠎ᠡ᠂ ᠣᠳᠤᠨ ᠭᠦᠮᠤᠨ᠂ ᠪᠣᠳᠤᠯᠭᠠᠳᠠᠢ ᠡᠷ᠎ᠡ ᠡ᠃ ᠳᠠ ᠪᠣᠯ ᠮᠠᠬᠠᠪᠣᠤᠨ ᠤᠨ ᠭᠦᠮᠤᠨ᠂ ᠵᠤᠷᠢᠭ ᠰᠠᠨᠠᠭᠠᠨ ᠤ ᠭᠦᠮᠤᠨ᠂ ᠭᠦᠮᠤᠨ ᠮᠦᠰᠤᠨ ᠤ ᠭᠦᠮᠤᠨ ᠡ᠃ ᠳᠠ ᠪᠣᠯ ᠡᠷᠭᠢᠮ ᠰᠤᠶᠤᠯ᠂ ᠳᠡᠷᠢᠭᠦᠨ ᠰᠤᠶᠤᠯ᠂ ᠮᠤᠩᠭ᠋ᠤᠯ ᠰᠤᠶᠤᠯ᠂ ᠮᠥᠩᠭᠡ ᠰᠤᠶᠤᠯ᠂ ᠮᠠᠨ ᠤ ᠦᠨᠳᠦᠰᠦᠳᠠᠨ ᠤ ᠴᠦᠮ᠎ᠡ ᠰᠤᠶᠤᠯ ᠤᠨ ᠨᠢᠭᠡ ᠡ᠃ ᠨᠠᠳᠠ ᠳᠤ ᠳᠠᠨ ᠤ ᠣᠢ᠌ᠯᠠᠰ ᠢ ᠬᠠᠪᠰᠤᠷᠤᠨ ᠳᠡᠮᠵᠢᠭᠦ ᠣᠢ ᠪᠢᠯᠢᠭ᠌ ᠭᠦᠴᠤᠨ ᠴᠢᠳᠠᠯ ᠪᠠᠢ᠌ᠬᠤ ᠦᠭᠡᠶ᠃ ᠭᠡᠪᠠᠴᠤ ᠦᠷᠤ ᠵᠢᠷᠦᠭᠡ ᠣᠶᠤᠨ ᠰᠦᠨᠠᠰᠤ ᠪᠠᠷ ᠶᠢᠡᠨ ᠭᠡᠵᠢᠶᠡᠳᠡ ᠰᠠᠮ ᠳᠠᠮᠵᠢᠵᠤ ᠶᠠᠪᠣᠨ᠎ᠠ᠃ ᠵᠦᠩᠨᠠᠵᠤ ᠶᠠᠪᠣᠨ᠎ᠠ᠃ ᠮᠤᠩᠭ᠋ᠤᠯ ᠤᠨ ᠳᠡᠦᠭᠡᠨ ᠳᠤ ᠰᠤᠨᠤᠰᠳᠠᠭ᠎ᠠ ᠦᠭᠡᠶ᠂ ᠮᠦᠽᠧᠢ ᠪᠣᠯᠭᠠᠨ ᠳᠤ ᠪᠠᠢ᠌ᠭ᠎ᠠ ᠦᠭᠡᠶ ᠦᠨᠳᠦᠷ ᠦᠷᠳᠡᠭ᠍ᠳᠤ ᠰᠢᠨ᠎ᠠ ᠭᠡᠷᠡᠭ᠌ ᠪᠣᠳᠠᠰ ᠢ ᠪᠣᠢ ᠪᠣᠯᠭᠠᠭᠰᠠᠨ ᠠᠯᠤᠰ ᠭᠦᠨ ᠤ ᠣᠬᠠᠭᠠᠨ ᠳᠠᠮᠢᠷ ᠴᠢᠨᠢ᠂ ᠮᠤᠩᠭ᠋ᠤᠯᠴᠤᠳ ᠤᠨ ᠵᠢᠷᠦᠭᠡᠨ ᠳᠤᠯᠳᠤ ᠳᠤ ᠦᠨᠢ ᠳᠤᠸᠠᠯᠠᠵᠤ᠂ ᠣᠢ᠌ᠯᠠᠰ ᠠᠮᠢᠳᠤᠷᠠᠯ ᠢ ᠨᠢ ᠡᠭᠦᠷᠢᠳᠡ ᠵᠢᠯᠤᠭᠤᠳᠤᠨ ᠳᠠᠢ᠌ᠴᠢᠯᠠᠬᠤ ᠶᠤᠮ᠃ ᠳᠠᠨ ᠤ ᠴᠤᠭᠯᠠᠭᠤᠯᠤᠭᠰᠠᠨ 《ᠴᠢᠩᠭᠢᠰ ᠰᠤᠶᠤᠯ》 ᠊ᠤᠨ ᠮᠦᠽᠧᠢ ᠴᠢᠨᠢ ᠳᠦᠭ᠌ ᠲᠦᠮᠡᠨ ᠮᠤᠩᠭ᠋ᠤᠯᠴᠤᠳ ᠤᠨ 《ᠦᠨᠳᠦᠰᠦᠳᠠᠨ ᠶᠢᠡᠨ ᠭᠡᠭᠦ》 ᠰᠡᠳᠭᠢᠯ ᠤᠨ ᠭᠦᠴᠤ ᠶᠢ ᠣᠷᠠᠢ᠌ᠯᠠᠨ ᠳᠠᠭᠤᠳᠠᠬᠤ ᠶᠤᠮ᠃ ᠳᠠᠨ ᠤ ᠭᠡᠭᠡᠡᠴᠢᠷ ᠴᠡᠯᠮᠡᠭ᠌ ᠭᠦᠮᠤᠨ ᠮᠦᠰᠤᠨ ᠤ ᠮᠦᠽᠧᠢ ᠴᠢᠨᠢ ᠳᠦᠭ᠌ ᠲᠦᠮᠡᠨ ᠭᠦᠮᠦᠰ ᠤᠨ ᠣᠢ ᠣᠬᠠᠭᠠᠨ ᠳᠤ ᠭᠡᠵᠢᠶᠡᠳᠡ ᠴᠠᠮᠬᠠᠭ ᠪᠣᠯᠤᠨ ᠮᠥᠰᠢᠶᠡᠭᠦ ᠶᠤᠮ ᠡ᠃
ᠵᠤᠬᠢᠶᠠᠭᠴᠢ ᠶᠢᠨ ᠬᠠᠶᠢᠭ ᠄ ᠭᠦᠷᠢᠶ᠎ᠡ ᠬᠤᠰᠢᠭᠤᠨ ᠤ ᠳᠦᠷᠪᠠᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠭᠡᠭᠡᠡᠳᠢᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 54169
ᠴᠠᠭ᠄ 2012 ᠤᠨ ᠤ 11 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ