ᠨᠡᠪᠲᠡᠷᠡᠨ ᠤᠷᠤᠬᠤ
ᠭᠦᠡᠳᠦᠯ ᠰᠤᠷᠭᠠᠭᠤᠯᠢ ᠶᠢᠨ ᠳᠠᠭᠤᠤ

ᠭᠦᠡᠳᠡᠯᠡᠨ ᠭᠤᠤᠯ ᠤᠨ ᠬᠡᠦᠬᠡᠳ

ᠪᠣᠯᠤᠷ ᠰᠦᠷᠴᠢᠭ᠍ᠰᠡᠨ ᠭᠦᠡᠳᠡᠯᠡᠨ ᠭᠤᠤᠯ ᠮᠢᠨᠢ

ᠪᠣᠷᠭᠠᠰᠤ ᠰᠤᠬᠠᠢ ᠪᠠᠨ ᠣᠮᠳᠠᠯᠠᠨ ᠣᠷᠤᠰᠤᠨ᠎ᠠ

ᠪᠣᠰᠤᠭ᠎ᠠ ᠨᠠᠷ᠎ᠠ ᠲᠡᠶ ᠬᠡᠦᠬᠡᠳ ᠪᠢᠳᠠ

ᠪᠣᠯᠪᠠᠰᠤᠨ ᠰᠤᠷᠭᠠᠭᠤᠯᠢ ᠳᠠᠭᠠᠨ ᠢᠳᠡᠷᠡᠭᠦᠨ ᠪᠣᠢ᠌ᠵᠢᠨ᠎ᠠ

ᠭᠦᠡᠳᠡᠯᠡᠨ ᠭᠤᠤᠯ ᠤᠨ ᠬᠡᠦᠬᠡᠳ ᠪᠢᠳᠠᠨ ᠤ

ᠭᠦᠷᠭᠦ ᠢᠷᠡᠭᠡᠳᠦᠢ ᠰᠠᠷᠠᠭᠤᠯᠬᠠᠨ ᠪᠠᠢ᠌ᠨᠠᠮ ᠳ᠋ᠠ

ᠣᠶᠠᠩᠭ᠋᠎ᠠ ᠶᠢᠨ ᠵᠢᠷᠭᠢᠭᠡ ᠲᠡᠶ ᠣᠢ ᠶᠢᠨ ᠰᠢᠪᠠᠭᠤᠳ ᠨᠢ

ᠣᠰᠤᠨ ᠤ ᠪᠠᠨ ᠳᠤᠩᠭ᠋ᠠᠯᠠᠭ ᠲᠤ ᠡᠭᠡᠰᠢᠭ᠌ ᠡᠷᠭᠦᠨ᠎ᠡ

ᠣᠷᠮᠠᠰ ᠵᠤᠷᠢᠭ ᠲᠡᠶ ᠰᠤᠳᠤᠨ ᠪᠠᠭᠰᠢᠨᠠᠷ ᠮᠢᠨᠢ

ᠣᠬᠠᠭᠠᠨ ᠤ ᠮᠢᠨᠢ ᠰᠠᠷᠠᠭᠤᠯ ᠳᠤ ᠴᠠᠮᠬᠠᠭ ᠡᠷᠭᠦᠨ᠎ᠡ

ᠭᠦᠡᠳᠡᠯᠡᠨ ᠭᠤᠤᠯ ᠤᠨ ᠬᠡᠦᠬᠡᠳ ᠪᠢᠳᠠᠨ ᠤ

ᠭᠦᠷᠭᠦ ᠢᠷᠡᠭᠡᠳᠦᠢ ᠰᠠᠷᠠᠭᠤᠯᠬᠠᠨ ᠪᠠᠢ᠌ᠨᠠᠮ ᠳ᠋ᠠ

ᠳᠠᠭᠢᠷᠯᠠᠨ ᠣᠷᠤᠰᠬᠤ ᠭᠦᠡᠳᠡᠯᠡᠨ ᠭᠤᠤᠯ ᠮᠢᠨᠢ

ᠳᠡᠭᠡ ᠶᠢᠨ ᠬᠠᠨ ᠡᠴᠡ ᠪᠠᠨ ᠬᠠᠢ᠌ᠷ᠎ᠠ ᠶᠢᠨ ᠡᠭᠢ ᠲᠡᠶ

ᠡᠷᠡᠨ ᠤ ᠳᠤᠭᠴᠢ ᠬᠡᠦᠬᠡᠳ ᠪᠢᠳᠠ ᠨᠡᠷ

ᠡᠷᠳᠡᠮᠳᠤ ᠪᠠᠭᠰᠢᠨᠠᠷ ᠡᠴᠡ ᠪᠠᠨ ᠭᠦᠰᠡᠯ ᠤᠨ ᠡᠭᠢ ᠲᠡᠶ

ᠭᠦᠡᠳᠡᠯᠡᠨ ᠭᠤᠤᠯ ᠤᠨ ᠬᠡᠦᠬᠡᠳ ᠪᠢᠳᠠᠨ ᠤ

ᠭᠦᠷᠭᠦ ᠢᠷᠡᠭᠡᠳᠦᠢ ᠰᠠᠷᠠᠭᠤᠯᠬᠠᠨ ᠪᠠᠢ᠌ᠨᠠᠮ ᠳ᠋ᠠ

ᠡᠷᠴᠢᠯᠡᠨ ᠴᠠᠭᠢᠷᠯᠠᠭᠰᠠᠨ ᠥᠡᠴᠦᠭ᠌ ᠤᠨ ᠬᠠᠢ᠌ᠷᠬᠠᠨ ᠮᠢᠨᠢ

ᠡᠯᠢᠭᠡᠨ ᠨᠤᠳᠤᠭ ᠤᠨ ᠮᠢᠨᠢ ᠰᠦᠷ ᠢ ᠭᠠᠢ᠌ᠬᠠᠭᠤᠯᠤᠨ᠎ᠠ

ᠡᠷᠡᠯᠭᠡᠭ᠌ ᠵᠤᠷᠢᠭ ᠲᠡᠶ ᠬᠡᠦᠬᠡᠳ ᠪᠢᠳᠠ ᠨᠡᠷ

ᠡᠷᠳᠡᠮ ᠰᠤᠶᠤᠯ ᠶᠢᠡᠷ ᠣᠶᠤᠨ ᠶᠢᠡᠨ ᠵᠡᠪᠰᠡᠭᠯᠡᠨ᠎ᠡ

ᠭᠦᠡᠳᠡᠯᠡᠨ ᠭᠤᠤᠯ ᠤᠨ ᠬᠡᠦᠬᠡᠳ ᠪᠢᠳᠠᠨ ᠤ

ᠭᠦᠷᠭᠦ ᠢᠷᠡᠭᠡᠳᠦᠢ ᠰᠠᠷᠠᠭᠤᠯᠬᠠᠨ ᠪᠠᠢ᠌ᠨᠠᠮ ᠳ᠋ᠠ


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ


ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ