☆ ᠰᠣ᠊·ᠦᠨᠡᠠᠴᠢ
ᠰᠢᠯᠢ ᠶᠢᠨ ᠮᠠᠯᠴᠢᠨ ᠤ ᠰᠢᠨ᠎ᠡ ᠨᠠᠮᠳᠠᠷ
ᠳᠦᠭᠡᠷᠢᠯ
ᠳᠤᠤᠷᠯᠠᠵᠤ ᠪᠢᠳᠡᠭᠦᠮᠵᠢᠯᠡᠭ᠍ᠳᠡᠭ᠍ᠰᠡᠨ ᠳᠠᠯ᠎ᠠ ᠨᠤᠳᠤᠭ ᠶᠢᠡᠨ ᠬᠠᠷᠠᠨ ᠬᠠᠷᠠᠨ ᠳᠦᠭᠡᠷᠢᠯᠡ
ᠳᠤᠭ᠎ᠠ ᠨᠢ ᠴᠥᠭᠡᠷᠡᠭ᠍ᠰᠡᠨ ᠮᠠᠯ ᠰᠥᠷᠦᠭ᠌ ᠶᠢᠡᠨ ᠬᠠᠰᠢᠶᠠᠯᠠᠨ ᠬᠠᠰᠢᠶᠠᠯᠠᠨ ᠳᠦᠭᠡᠷᠢᠯᠡ
ᠳᠤᠰᠤ ᠲᠡᠶ ᠱᠦᠯᠦ ᠲᠡᠶ ᠬᠤᠭᠤᠯᠠ ᠪᠠᠨ ᠳᠤᠭᠤᠬᠤ ᠦᠭᠡᠶ ᠪᠣᠯᠵᠤ ᠳᠦᠭᠡᠷᠢᠯᠡ
ᠳᠤᠰᠬᠤᠠᠵᠢᠯᠳᠠ ᠪᠠᠯᠭᠠᠰᠤᠵᠢᠯᠳᠠ ᠶᠢᠨ ᠳᠤᠷᠭᠢᠶᠠᠨ ᠳᠤ ᠳᠤᠯᠤᠭᠠᠢ ᠨᠢ ᠡᠷᠭᠢᠵᠤ ᠳᠦᠭᠡᠷᠢᠯᠡ
ᠨᠡᠭᠦᠳᠡᠯ
ᠳᠡᠨᠢᠭᠡᠷ ᠠᠭᠤᠳᠠᠮ ᠪᠠᠯᠴᠢᠭᠡᠷ ᠨᠤᠳᠤᠭ ᠶᠢᠡᠨ ᠬᠤᠳᠠᠯᠳᠤᠵᠤ ᠳᠠᠭᠤᠰᠤᠭᠠᠤᠨ ᠨᠡᠭᠦᠯ᠎ᠡ
ᠳᠡᠭᠡᠳᠦᠰ ᠡᠴᠡ ᠥᠪᠯᠡᠭ᠍ᠰᠡᠨ ᠬᠠᠯᠠᠭᠤᠨ ᠬᠤᠰᠢᠭᠤᠳᠤ ᠪᠠᠨ ᠠᠷᠠᠯᠵᠢᠵᠤ ᠪᠠᠷᠠᠭᠠᠤᠨ ᠨᠡᠭᠦᠯ᠎ᠡ
ᠳᠡᠷᠭᠡ ᠣᠨᠤᠭ᠎ᠠ ᠭᠦᠳᠡᠯᠭᠡᠵᠤ ᠬᠤᠳᠠᠯᠠᠭᠠᠷ ᠳᠠᠶᠠᠭᠠᠷ ᠶᠢᠡᠨ ᠨᠡᠭᠦᠯ᠎ᠡ
ᠳᠡᠷᠭᠡᠯ ᠭᠦᠳᠡᠭᠡ ᠪᠠᠨ ᠣᠷᠭᠢᠵᠤ ᠬᠤᠳᠠ ᠶᠢᠨ ᠳᠤᠭᠤᠰᠤᠨ ᠳᠤ ᠨᠡᠭᠦᠯ᠎ᠡ
ᠬᠤᠭᠤᠰᠤᠷᠠᠯ
ᠠᠷᠠᠯᠵᠢᠶ᠎ᠠ ᠬᠤᠳᠠᠯᠳᠤᠭ᠎ᠠ ᠡᠷᠭᠢᠯᠡᠭᠡᠳ ᠠᠰᠢᠭ ᠣᠯᠤᠭᠰᠠᠨ ᠦᠭᠡᠶ ᠬᠤᠭᠤᠰᠤᠷᠠᠯᠠ
ᠠᠵᠢᠯ ᠭᠦᠳᠡᠯᠮᠦᠷᠢ ᠡᠴᠡ ᠵᠠᠢ᠌ᠯᠠᠵᠤ ᠠᠮᠤᠷ ᠰᠠᠭᠤᠭᠠᠤᠨ ᠬᠤᠭᠤᠰᠤᠷᠠᠯᠠ
ᠠᠷᠢᠭᠢ ᠮᠠᠵᠢᠶᠠᠩ ᠳᠤ ᠰᠢᠨᠤᠭᠠᠤᠨ ᠠᠯᠢᠪᠠ ᠪᠠᠨ ᠬᠤᠰᠤᠵᠤ ᠬᠤᠭᠤᠰᠤᠷᠠᠯᠠ
ᠠᠩᠬᠠᠨ ᠤ ᠵᠢᠭᠠᠬᠠᠨ ᠵᠤᠭᠤᠰ ᠶᠢᠡᠨ ᠠᠯᠳᠠᠵᠤ ᠪᠠᠷᠠᠭᠠᠤᠨ ᠬᠤᠭᠤᠰᠤᠷᠠᠯᠠ
ᠭᠠᠴᠢᠭᠳᠠᠯ
ᠳᠦᠷᠢᠶᠠᠰᠤᠨ ᠭᠡᠷ ᠤᠨ ᠮᠦᠩᠭᠦ ᠪᠠᠨ ᠳᠤᠰᠢᠶᠠᠵᠤ ᠳᠡᠢ᠌ᠯᠭᠦ ᠦᠭᠡᠶ ᠭᠠᠴᠢᠭᠳᠠᠯ᠎ᠠ
ᠳᠦᠯᠡᠭᠡ ᠨᠡᠭᠦᠷᠡᠰᠤ ᠢᠳᠠᠰᠢ ᠪᠠᠨ ᠠᠪᠴᠤ ᠭᠦᠴᠦᠷᠭᠦ ᠦᠭᠡᠶ ᠭᠠᠴᠢᠭᠳᠠᠯ᠎ᠠ
ᠳᠦᠷᠪᠡᠯᠵᠢᠨ ᠥᠰᠦᠭ᠌ ᠲᠡᠶ ᠮᠡᠳᠡᠭᠡ ᠨᠥᠭᠦᠤᠨ ᠢ ᠣᠩᠰᠢᠵᠤ ᠣᠢ᠌ᠯᠭᠠᠬᠤ ᠦᠭᠡᠶ ᠭᠠᠴᠢᠭᠳᠠᠯ᠎ᠠ
ᠲᠦᠷᠦᠯᠭᠢ ᠮᠤᠩᠭ᠋ᠤᠯ ᠭᠡᠯᠡ ᠪᠠᠷ ᠶᠢᠡᠨ ᠭᠡᠯᠡᠯᠴᠡᠵᠤ ᠣᠯᠤᠯᠴᠠᠬᠤ ᠦᠭᠡᠶ ᠭᠠᠴᠢᠭᠳᠠᠯ᠎ᠠ
ᠬᠠᠷᠠᠮᠰᠠᠯ
ᠬᠠᠢ᠌ᠷᠠᠨ ᠰᠠᠢ᠌ᠬᠠᠨ ᠨᠤᠳᠤᠭ ᠣᠰᠤ ᠪᠠᠨ ᠠᠯᠳᠠᠵᠤ ᠶᠠᠪᠣᠭᠤᠯᠤᠭᠰᠠᠨ ᠳᠠᠭᠠᠨ ᠬᠠᠷᠠᠮᠰᠠᠯ᠎ᠠ
ᠬᠠᠯᠠᠭᠤᠨ ᠬᠤᠰᠢᠭᠤᠳᠤ ᠮᠠᠯ ᠰᠥᠷᠦᠭ᠌ ᠶᠢᠡᠨ ᠬᠤᠳᠠᠯᠳᠤᠵᠤ ᠳᠠᠭᠤᠰᠤᠭᠰᠠᠨ ᠳᠠᠭᠠᠨ ᠬᠠᠷᠠᠮᠰᠠᠯ᠎ᠠ
ᠬᠠᠷᠭᠢᠯᠠᠵᠤ ᠳᠤᠭᠤᠰᠤᠷᠠᠭᠰᠠᠨ ᠬᠤᠳᠠ ᠶᠢᠨ ᠥᠢᠮᠡᠭᠡᠨ ᠳᠤ ᠨᠡᠭᠦᠵᠤ ᠢᠷᠡᠭ᠍ᠰᠡᠨ ᠳᠡᠭᠡᠨ ᠬᠠᠷᠠᠮᠰᠠᠯ᠎ᠠ
ᠬᠠᠮᠤᠭ ᠭᠦᠷᠦᠩᠭᠡ ᠪᠠᠨ ᠭᠦᠪᠢᠵᠤ ᠪᠠᠷᠠᠭᠠᠤᠨ ᠬᠤᠭᠤᠰᠤᠨ ᠰᠠᠭᠤᠭᠰᠠᠨ ᠳᠠᠭᠠᠨ ᠬᠠᠷᠠᠮᠰᠠᠯ᠎ᠠ
ᠵᠤᠬᠢᠶᠠᠭᠴᠢ ᠶᠢᠨ ᠬᠠᠶᠢᠭ ᠄ ᠬᠠᠩᠭᠢᠨ ᠬᠤᠰᠢᠭᠤᠨ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2009 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ