☆ ᠳ᠋ᠦᠩᠵᠢᠯᠮᠠ
ᠵᠡᠭᠦᠳᠦᠨ ᠳᠤ ᠬᠤᠨᠤᠭᠰᠢᠬᠤ ᠤᠷᠳᠤᠰ ᠮᠤᠩᠭᠤᠯ
ᠪᠣᠷᠤᠭᠵᠢᠭᠤᠨ ᠴᠡᠪᠠᠷᠭᠡᠨ ᠣᠷᠳᠤᠰ ᠮᠤᠩᠭ᠋ᠤᠯ
ᠪᠥᠯᠢᠶᠠᠨ ᠴᠢᠷᠠᠢ ᠲᠡᠶ ᠵᠤᠴᠢᠠᠰᠠᠭ ᠮᠤᠩᠭ᠋ᠤᠯ
ᠪᠣᠳᠤᠯ ᠳᠤ ᠬᠤᠷᠭᠤᠳᠠᠬᠤ ᠡᠵᠡᠨ ᠬᠤᠷᠤᠭ᠎ᠠ
ᠪᠣᠭᠳᠠ ᠡᠵᠡᠨ ᠤ ᠣᠩᠭ᠋ᠤᠨ ᠰᠠᠭᠢᠭᠤᠯᠰᠤᠨ
ᠵᠡᠭᠦᠳᠤᠨ ᠳᠤ ᠡᠷᠢᠭ᠍ᠳᠡᠭᠦ ᠣᠳᠤᠭ ᠬᠤᠰᠢᠭᠤ
ᠵᠢᠷᠦᠭᠡᠨ ᠳᠤ ᠳᠠᠨᠢᠭᠳᠠᠬᠤ ᠮᠤᠩᠭ᠋ᠤᠯ ᠨᠤᠳᠤᠭ
ᠵᠢᠭᠦᠷᠯᠡᠨ ᠬᠠᠷᠠᠭᠳᠠᠬᠤ ᠱᠥᠷᠭᠡᠢ ᠶᠢᠨ ᠰᠦᠮ᠎ᠡ
ᠵᠢᠰᠤ ᠨᠢ ᠮᠤᠩᠭ᠋ᠤᠯ ᠳᠠᠭᠢᠯᠭ᠎ᠠ ᠶᠢᠨ ᠰᠦᠮ᠎ᠡ
ᠳᠠᠯ᠎ᠠ ᠳᠤ ᠴᠤᠤᠷᠢᠶᠠᠳᠤᠬᠤ ᠳᠠᠭᠤᠤ ᠨᠢ ᠮᠤᠩᠭ᠋ᠤᠯ
ᠳᠠᠩᠰᠤᠭ ᠠᠮᠢᠳᠤᠷᠠᠯ ᠤᠨ ᠶᠤᠰᠤ ᠨᠢ ᠮᠤᠩᠭ᠋ᠤᠯ
ᠳᠠᠢ᠌ᠯᠠᠯᠭ᠎ᠠ ᠶᠢᠨ ᠳᠡᠭᠡᠵᠢ ᠢᠳᠡᠭᠡᠨ ᠨᠢ ᠮᠤᠩᠭ᠋ᠤᠯ
ᠳᠠᠰᠢᠭᠤᠷ ᠪᠠᠷᠢᠭᠰᠠᠨ ᠵᠢᠭᠠᠯ ᠨᠢ ᠮᠤᠩᠭ᠋ᠤᠯ
ᠳᠡᠭ᠍ᠷᠢ ᠲᠡᠶ ᠭᠡᠯᠡᠯᠴᠡᠭᠦ ᠭᠡᠯᠡ ᠨᠢ ᠮᠤᠩᠭ᠋ᠤᠯ
ᠳᠡᠯᠡᠭᠡᠢ ᠳᠤ ᠪᠣᠰᠬᠤ ᠭᠦᠰᠡᠯ ᠨᠢ ᠮᠤᠩᠭ᠋ᠤᠯ
ᠳᠡᠭᠡᠪᠦᠷ ᠴᠠᠭᠠᠨ ᠥᠷᠦᠭᠡ ᠨᠢ ᠮᠤᠩᠭ᠋ᠤᠯ
ᠳᠡᠭᠡᠳᠦᠰ ᠶᠢᠡᠨ ᠭᠦᠡᠳᠦᠯᠡᠭᠦ ᠰᠠᠤᠠᠭᠢᠯ ᠨᠢ ᠮᠤᠩᠭ᠋ᠤᠯ
ᠳᠡᠦᠭᠡ ᠶᠢᠨ ᠴᠢᠮᠡᠭ᠌ ᠰᠤᠶᠤᠯ ᠨᠢ ᠮᠤᠩᠭ᠋ᠤᠯ
ᠲᠦᠮᠡᠨ ᠤ ᠰᠢᠳᠦᠭᠡᠨ ᠣᠪᠣᠭ᠎ᠠ ᠨᠢ ᠮᠤᠩᠭ᠋ᠤᠯ
ᠳᠤᠯᠵᠤ ᠪᠣᠰᠬᠠᠭᠰᠠᠨ ᠳᠤᠯᠭ᠎ᠠ ᠨᠢ ᠮᠤᠩᠭ᠋ᠤᠯ
ᠳᠦᠷᠠᠯᠵᠠᠨ ᠨᠤᠴᠤᠬᠤ ᠭᠠᠯ ᠨᠢ ᠮᠤᠩᠭ᠋ᠤᠯ
ᠰᠢᠯᠢ ᠶᠢᠨ ᠳᠤᠩᠭ᠋ᠠᠯᠠᠭ ᠣᠰᠤ ᠨᠢ ᠮᠤᠩᠭ᠋ᠤᠯ
ᠰᠢᠯ ᠬᠤᠠᠳᠠᠭᠠᠨ ᠳ᠋ᠠᠭᠢ ᠰᠠᠷᠬᠤᠤᠨ ᠨᠢ ᠮᠤᠩᠭ᠋ᠤᠯ
ᠰᠢᠯᠪᠢ ᠶᠢᠨ ᠳᠤᠭᠤᠰᠤ ᠦᠭᠡᠶ ᠮᠠᠰᠢᠨ ᠨᠢ ᠮᠤᠩᠭ᠋ᠤᠯ
ᠰᠢᠭᠢᠳᠤᠨ ᠢᠳᠡᠰᠢᠯᠡᠭᠦ ᠰᠥᠷᠦᠭ᠌ ᠨᠢ ᠮᠤᠩᠭ᠋ᠤᠯ
ᠠᠩᠭᠢᠯᠤᠮ᠎ᠠ ᠦᠨᠦᠷᠳᠤ ᠴᠡᠴᠡᠭ᠌ ᠨᠢ ᠮᠤᠩᠭ᠋ᠤᠯ
ᠠᠭᠠᠷ ᠤᠨ ᠬᠤᠩᠭ᠋ᠤᠷ ᠰᠠᠯᠭᠢ ᠨᠢ ᠮᠤᠩᠭ᠋ᠤᠯ
ᠠᠶ᠎ᠠ ᠳᠠᠭᠤᠤ ᠶᠢᠨ ᠴᠤᠭᠢᠯᠭ᠎ᠠ ᠨᠢ ᠮᠤᠩᠭ᠋ᠤᠯ
ᠠᠢ᠌ᠯᠴᠢᠯᠠᠵᠤ ᠢᠷᠡᠭᠦ ᠵᠤᠴᠢᠨ ᠨᠢ ᠮᠤᠩᠭ᠋ᠤᠯ
ᠭᠡᠷᠡᠮ ᠤᠨ ᠨᠢᠭᠤᠷ ᠳᠡᠭᠡᠷᠡᠭᠢ ᠥᠰᠦᠭ᠌ ᠨᠢ ᠮᠤᠩᠭ᠋ᠤᠯ
ᠭᠡᠨ ᠪᠦᠭᠦᠨ ᠤ ᠨᠠᠷᠠ ᠨᠢ ᠮᠤᠩᠭ᠋ᠤᠯ
ᠭᠡᠴᠢᠨᠡᠨ ᠣᠯᠠᠨ ᠳᠡᠯᠭᠡᠭᠦᠷ ᠨᠢ ᠮᠤᠩᠭ᠋ᠤᠯ
ᠭᠡᠭᠡᠷ᠎ᠡ ᠶᠢᠨ ᠨᠤᠭᠤᠭᠠᠨ ᠭᠦᠳᠡᠭᠡ ᠨᠢ ᠮᠤᠩᠭ᠋ᠤᠯ
ᠮᠠᠷᠭᠠᠰᠢ ᠪᠠᠨ ᠭᠡᠰᠡᠨ ᠣᠢ᠌ᠯᠠᠰ ᠨᠢ ᠮᠤᠩᠭ᠋ᠤᠯ
ᠮᠠᠭᠠᠤᠨ ᠭᠦᠷᠭᠦ ᠢᠷᠡᠭᠡᠳᠦᠢ ᠨᠢ ᠮᠤᠩᠭ᠋ᠤᠯ
ᠮᠠᠯᠴᠢᠨ ᠡᠵᠢ ᠶᠢᠨ ᠪᠠᠷ᠎ᠠ ᠨᠢ ᠮᠤᠩᠭ᠋ᠤᠯ
ᠮᠠᠷᠳᠠᠭᠳᠠᠰᠢ ᠦᠭᠡᠶ ᠴᠠᠢ᠌ᠯᠭᠠᠨ ᠵᠠᠩ ᠨᠢ ᠮᠤᠩᠭ᠋ᠤᠯ ᠡ ︕
ᠵᠤᠬᠢᠶᠠᠭᠴᠢ᠄ ᠳ᠋ᠦᠩᠵᠢᠯᠮᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2007 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ