ᠨᠡᠪᠲᠡᠷᠡᠨ ᠤᠷᠤᠬᠤ
ᠣᠷᠢᠶᠠᠮᠠᠯ ᠺᠤᠮᠫᠢᠦ᠋ᠲ᠋ᠧᠷ

ᠮᠠᠨ ᠤ ᠣᠳᠤᠬᠠᠨ ᠤ ᠭᠡᠷᠡᠭᠯᠡᠵᠤ ᠪᠠᠢ᠌ᠭ᠎ᠠ ᠺᠤᠮᠫᠢᠦ᠋ᠲ᠋ᠧᠷ ᠨᠢ ᠮᠥᠷᠭᠦᠯᠳᠦᠵᠤ ᠬᠠᠷᠭᠤᠪᠠᠯ ᠠᠮᠠᠷᠬᠠᠨ ᠬᠠᠭᠠᠷᠠᠵᠤ ᠡᠪᠳᠡᠷᠡᠵᠤ ᠮᠠᠳᠠᠨ᠎ᠠ ᠃ ᠭᠡᠷᠪᠡ ᠺᠤᠮᠫᠢᠦ᠋ᠲ᠋ᠧᠷ ᠢ ᠰᠤᠨᠢᠨ ᠰᠢᠭ ᠡᠪᠭᠡᠨ ᠣᠷᠢᠶᠠᠵᠤ ᠂ ᠬᠠᠷᠮᠠᠨ ᠳᠤ ᠪᠠᠨ ᠭᠢᠭᠡᠤᠨ ᠬᠠᠮᠢᠭ᠎ᠠ ᠴᠤ ᠠᠪᠴᠤ ᠶᠠᠪᠣᠵᠤ ᠪᠣᠯᠳᠠᠭ ᠪᠣᠯ ᠮᠠᠨ ᠳᠤ ᠳᠤᠩ ᠳᠦᠭᠦᠮ ᠪᠣᠯᠬᠤ ᠪᠣᠯᠤᠨ᠎ᠠ ᠳ᠋ᠠ ᠃

ᠰᠢᠡᠵᠢᠯᠡᠭᠦ ᠣᠬᠠᠭᠠᠠᠳᠠᠤᠨ ᠣᠳᠤ ᠶᠠᠭ ᠡᠢ᠌ᠮᠦᠷᠭᠦ ᠵᠥᠭᠡᠯᠡᠨ ᠴᠢᠨᠠᠷᠳᠤ ᠺᠤᠮᠫᠢᠦ᠋ᠲ᠋ᠧᠷ ᠢ ᠰᠤᠳᠤᠯᠵᠤ ᠪᠣᠢ ᠃ ᠡᠢ᠌ᠮᠦᠷᠭᠦ ᠳᠠᠪᠰᠢᠭᠰᠠᠨ ᠺᠤᠮᠫᠢᠦ᠋ᠲ᠋ᠧᠷ ᠣᠳᠠᠯ ᠦᠭᠡᠶ ᠮᠠᠨ ᠤ ᠡᠮᠦᠨ᠎ᠡ ᠳᠡᠯᠭᠡᠭ᠍ᠳᠡᠭᠦ ᠪᠣᠯᠤᠨ᠎ᠠ ᠃ ᠡᠢ᠌ᠮᠦᠷᠭᠦ ᠵᠥᠭᠡᠯᠡᠨ ᠺᠤᠮᠫᠢᠦ᠋ᠲ᠋ᠧᠷ ᠢ ᠪᠣᠯ ᠨᠢᠮᠭᠡᠨ ᠰᠦᠯᠢᠶᠤᠤ ᠬᠠᠯᠢᠰᠤᠨ ᠳᠡᠭᠡᠷ᠎ᠡ ᠨᠢᠭᠡ ᠳᠠᠪᠬᠤᠷᠭ᠎ᠠ ᠴᠠᠭᠢᠭᠤᠷ ᠢ ᠳᠠᠪᠢᠰᠴᠤ ᠺᠤᠮᠫᠢᠦ᠋ᠲ᠋ᠧᠷ ᠤᠨ ᠴᠠᠭᠢᠯᠭᠠᠨ ᠭᠡᠯᠭᠢᠶ᠎ᠡ ᠵᠢᠴᠢ ᠳᠠᠯᠠᠰᠳᠤ ᠬᠤᠭᠤᠯᠠᠢ ᠶᠢ ᠴᠠᠭᠢᠭᠤᠷᠳᠤ ᠳᠠᠪᠬᠤᠷᠭ᠎ᠠ ᠳᠤ ᠢᠳᠡᠭ᠍ᠳᠡᠭᠦᠯᠤᠨ ᠰᠠᠢ᠌ᠯᠵᠠᠢ ᠃ ᠭᠡᠷᠡᠭᠯᠡᠭᠦ ᠦᠶ᠎ᠡ ᠳᠤ ᠂ ᠯᠠᠢ᠌ᠰᠸᠷ ᠥᠳᠲᠡᠷ ᠳᠦᠷᠭᠡᠨ ᠶᠢᠡᠷ ᠨᠢᠮᠭᠡᠨ ᠬᠠᠯᠢᠰᠤᠨ ᠳᠡᠭᠡᠷᠡᠭᠢ ᠴᠠᠭᠢᠯᠭᠠᠨ ᠭᠡᠯᠭᠢᠶ᠎ᠡ ᠪᠠᠷ ᠨᠡᠪᠳᠡᠷᠡᠳᠡᠭ᠌ ᠃ ᠬᠠᠷᠢᠨ ᠴᠠᠭᠢᠯᠭᠠᠨ ᠭᠦᠶ‍ᠦᠳᠡᠯ ᠰᠢᠭ᠌ ᠢᠯᠴᠢ ᠡᠭᠦᠰᠭᠡᠨ ᠴᠠᠭᠢᠭᠤᠷᠳᠤ ᠳᠠᠪᠬᠤᠷᠭ᠎ᠠ ᠶᠢᠨ ᠰᠦᠯᠢᠶᠤᠤ ᠬᠠᠯᠢᠰᠤ ᠶᠢ ᠬᠠᠢ᠌ᠯᠤᠭᠤᠯᠬᠤ ᠪᠢᠰᠢ ᠃ ᠡᠨᠡ ᠭᠦ ᠺᠦᠮᠫᠢᠤᠲ᠋ᠸᠷ ᠨᠢ ᠭᠦᠩᠭᠡᠨ ᠂ ᠨᠢᠮᠭᠡᠨ ᠪᠦᠭᠡᠤᠨ ᠭᠢᠮᠳᠠ ᠪᠠᠢ᠌ᠵᠤ ᠂ ᠳᠡᠭᠦᠨ ᠢ ᠡᠪᠭᠡᠨ ᠣᠷᠢᠶᠠᠵᠤ ᠬᠠᠮᠢᠭ᠎ᠠ ᠶᠠᠪᠣᠭᠰᠠᠨ ᠴᠤ ᠠᠪᠴᠤ ᠶᠠᠪᠣᠵᠤ ᠪᠣᠯᠳᠠᠭ ᠪᠠᠢ᠌ᠨ᠎ᠠ ᠃


ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 5242
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ