ᠨᠡᠪᠲᠡᠷᠡᠨ ᠤᠷᠤᠬᠤ
ᠠᠮᠠᠷᠠᠭ ᠲᠡᠶ ᠣᠷᠴᠢᠯᠠᠩ

ᠳᠠᠭᠤᠨ ᠤ ᠮᠢᠨᠢ ᠠᠶᠠᠰ ᠣᠶᠠᠷᠠᠭᠠᠤᠨ ᠢᠷᠡᠭᠦᠯᠡᠷ

ᠳᠤᠷᠮᠣᠢ᠌ᠩᠬᠠᠨ ᠢᠷᠡᠭᠦ ᠮᠢᠨᠤ ᠯᠠ ᠠᠮᠠᠷᠠᠭ

ᠳᠤᠷᠮᠤᠨ ᠳᠡᠮᠡᠭᠡ ᠨᠢ ᠪᠣᠢ᠌ᠯᠠᠭᠠᠤᠨ ᠢᠷᠡᠭᠦᠯᠡᠷ

ᠳᠤᠰᠤᠩᠬᠠᠨ ᠭᠦᠯᠢᠶᠡᠭᠦ ᠨᠢ ᠮᠢᠨᠤ ᠯᠠ ᠠᠮᠠᠷᠠᠭ


ᠬᠠᠢ᠌ᠳᠠᠭ ᠭᠦᠷᠡᠭ᠍ᠴᠢ ᠨᠢ ᠢᠪᠢᠯᠦᠭᠡᠳ ᠢᠷᠡᠭᠦ ᠳ᠋ᠤ

ᠬᠠᠵᠠᠭᠤᠳᠠ ᠮᠢᠨᠢ ᠨᠠᠯᠠᠨ᠎ᠠ᠂ ᠮᠢᠨᠤ ᠯᠠ ᠠᠮᠠᠷᠠᠭ

ᠬᠠᠢ᠌ᠷ᠎ᠠ ᠶᠢᠨ ᠨᠢᠯᠪᠣᠰᠤ ᠪᠦᠷᠭᠦᠭᠡᠳ ᠢᠷᠡᠭᠦ ᠳ᠋ᠤ

ᠬᠠᠷᠠᠭᠠᠯᠠᠨ ᠰᠠᠷᠠᠪᠴᠢᠯᠠᠨ᠎ᠠ᠂ ᠮᠢᠨᠤ ᠯᠠ ᠠᠮᠠᠷᠠᠭ


ᠵᠦᠷ᠎ᠠ ᠭᠦᠷᠦᠭᠡᠰᠤ ᠨᠢ ᠣᠷᠤᠮᠳᠠᠭᠠᠤᠨ ᠢᠷᠡᠭᠦ ᠳ᠋ᠤ

ᠵᠢᠷᠦᠭᠡᠨ ᠤ ᠮᠢᠨᠢ ᠳᠤᠮᠳᠠ ᠮᠢᠨᠤ ᠯᠠ ᠠᠮᠠᠷᠠᠭ

ᠵᠢᠷᠤᠭ ᠰᠢᠭ ᠦᠬᠢᠳ ᠬᠤᠯᠠᠳᠠᠭᠠᠤᠨ ᠣᠳᠤᠬᠤᠯᠠᠷ

ᠵᠥᠪᠭᠡᠨ ᠥᠯᠡᠳᠡᠭᠦ ᠨᠢ ᠮᠢᠨᠤ ᠯᠠ ᠠᠮᠠᠷᠠᠭ


ᠠᠭᠤᠯᠠ ᠣᠰᠤ ᠨᠢ ᠬᠠᠩᠭ᠋ᠠᠢ᠌ᠷᠠᠬᠤᠨ ᠢᠷᠡᠭᠦ ᠳ᠋ᠤ

ᠣᠬᠠᠭᠠᠨ ᠢ ᠮᠢᠨᠢ ᠰᠡᠯᠪᠢᠭᠦ ᠮᠢᠨᠤ ᠯᠠ ᠠᠮᠠᠷᠠᠭ

ᠣᠷᠭᠤᠮᠠᠯ ᠴᠡᠴᠡᠭ᠌ ᠨᠢ ᠭᠠᠩᠳᠠᠭᠠᠤᠨ ᠢᠷᠡᠭᠦ ᠳ᠋ᠤ

ᠤᠶᠠᠩ‍ᠭ᠎ᠠ ᠶᠢ ᠮᠢᠨᠢ ᠭᠦᠭᠯᠡᠭᠦ ᠮᠢᠨᠤ ᠯᠠ ᠠᠮᠠᠷᠠᠭ


ᠠᠯᠳᠠᠨ ᠰᠢᠯᠦᠭ᠌ ᠶᠢᠡᠷ ᠠᠮᠢᠳᠤᠷᠠᠯ ᠣᠷᠠᠯᠠᠵᠤ

ᠠᠮᠠᠷᠠᠭ ᠬᠠᠭᠤᠳᠠᠰᠤᠨ ᠳᠠᠭᠠᠨ ᠴᠢᠮᠢ᠋ᠢ ᠰᠢᠩᠭᠡᠭᠡᠯ᠎ᠡ

ᠠᠯᠤᠰ ᠤᠨ ᠠᠯᠤᠰ ᠲᠤ ᠬᠠᠷᠠᠭ᠎ᠠ ᠳᠠᠯᠪᠢᠨ

ᠠᠷᠢᠭᠤᠨ ᠵᠢᠷᠦᠭᠡᠨ ᠳᠡᠭᠡᠨ ᠴᠢᠮᠢ᠋ᠢ ᠪᠠᠨ ᠳᠠᠭᠤᠳᠠᠯ᠎ᠠ


ᠬᠠᠯᠠᠭᠤᠨ ᠥᠭᠡᠰ ᠶᠢᠡᠷ ᠬᠠᠢ᠌ᠷ᠎ᠠ ᠪᠠᠨ ᠭᠡᠯᠭᠢᠵᠤ

ᠬᠠᠮᠤᠭ ᠰᠠᠢ᠌ᠬᠠᠨ ᠶᠢᠡᠨ ᠴᠢᠮᠠᠳᠠᠭᠠᠨ ᠦᠭ‍ᠭᠦᠯ᠎ᠡ

ᠬᠠᠷᠠᠬᠠᠨ ᠨᠢᠳᠤ ᠶᠢ ᠴᠢᠨᠢ ᠠᠮᠢᠳᠠᠨ ᠡᠴᠠ ᠬᠠᠷᠠᠮᠯᠠᠵᠤ

ᠬᠠᠯᠭᠢᠯᠠᠬᠤ ᠴᠢᠰᠤᠨ ᠳᠠᠭᠠᠨ ᠨᠢᠭᠤᠨ ᠣᠩᠭ᠋ᠤᠯᠠᠯ᠎ᠠ


ᠪᠣᠷᠤᠭᠤ ᠶᠢ ᠮᠢᠨᠢ ᠰᠡᠯᠪᠢᠳᠡᠭ᠌ ᠭᠦᠮᠤᠨ ᠲᠡᠶ ᠭᠦᠮᠤᠨ ᠰᠢᠤ ᠪᠢ

ᠪᠣᠳᠤᠯ ᠳᠠᠭᠠᠨ ᠭᠠᠭᠴᠠᠬᠠᠨ ᠠᠮᠠᠷᠠᠭ ᠲᠡᠶ ᠭᠦᠮᠤᠨ ᠰᠢᠤ ᠪᠢ

ᠬᠠᠢ᠌ᠷᠠᠯᠠᠵᠤ ᠣᠭᠢᠯᠠᠳᠠᠭ ᠠᠮᠠᠷᠠᠭ ᠲᠡᠶ ᠭᠦᠮᠤᠨ ᠰᠢᠤ ᠪᠢ

ᠬᠠᠳᠠᠨ ᠴᠢᠭᠡᠴᠢ ᠬᠠᠢ᠌ᠷ᠎ᠠ ᠲᠡᠶ ᠭᠦᠮᠤᠨ ᠰᠢᠤ ᠪᠢ


    2009.9.30


ᠵᠤᠬᠢᠶᠠᠭᠴᠢ ᠶᠢᠨ ᠬᠠ‍‌ᠶᠢᠭ ᠄ ᠰᠢᠯᠤᠭᠤᠨ ᠭᠦᠭᠡ

ᠵᠤᠬᠢᠶᠠᠭᠴᠢ᠄ ᠠ᠊·ᠭᠠᠩᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2011 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ