ᠨᠡᠪᠲᠡᠷᠡᠨ ᠤᠷᠤᠬᠤ
ᠭᠠᠵᠠᠷ ᠰᠢᠷᠤᠢ
(ᠲ᠋ᠠᠭᠤᠨ ᠤ ᠰᠢᠯᠦᠭ᠌)

ᠨᠠᠷᠠᠨ ᠰᠠᠷᠠᠨ ᠤ ᠭᠡᠷᠡᠯ ᠵᠢᠠᠷ

ᠨᠠᠪᠴᠢᠨ ᠤ ᠦᠨᠳᠦᠰᠦ ᠬᠠᠳᠬᠤᠯᠤᠭᠰᠠᠨ

ᠨᠠᠰᠤ ᠵᠢᠯ ᠤᠨ ᠳᠤᠭ᠎ᠠ ᠪᠠᠷ

ᠨᠠᠢ᠌ᠷ ᠤᠨ ᠣᠬᠠᠭᠠᠨ ᠰᠠᠭᠤᠯᠭᠠᠭᠰᠠᠨ

ᠭᠠᠵᠠᠷ ᠰᠢᠷᠤᠢ᠂ ᠭᠠᠵᠠᠷ ᠰᠢᠷᠤᠢ

ᠭᠠᠯᠪᠠ ᠶᠢᠨ ᠠᠮᠢ ᠶᠢᠨ ᠰᠢᠮ᠎ᠠ᠃


ᠭᠦᠭᠡ ᠮᠥᠩᠭᠡ ᠶᠢᠨ ᠳᠡᠭ᠍ᠷᠢ ᠳᠤ ᠪᠠᠨ

ᠣᠳᠤᠳ ᠤᠨ ᠭᠡᠭᠡ ᠳᠤᠷᠮᠤᠯᠵᠠᠭᠰᠠᠨ

ᠭᠦᠪᠴᠢᠨ ᠣᠢ ᠶᠢᠨ ᠴᠢᠯᠦᠭᠡᠨ ᠳᠤ ᠪᠠᠨ

ᠠᠷᠢᠶᠠᠳᠠᠨ ᠵᠢᠭᠦᠷᠳᠡᠨ ᠣᠷᠤᠮᠳᠠᠭᠰᠠᠨ

ᠭᠠᠵᠠᠷ ᠰᠢᠷᠤᠢ᠂ ᠭᠠᠵᠠᠷ ᠰᠢᠷᠤᠢ

ᠭᠠᠯᠪᠠ ᠶᠢᠨ ᠮᠥᠩᠭᠡ ᠶᠢᠨ ᠰᠢᠮ᠎ᠠ᠃


ᠭᠠᠯᠠᠭᠤᠳ ᠤᠨ ᠵᠢᠭᠦᠷ ᠰᠡᠪᠢᠭᠦ ᠪᠠᠷ

ᠰᠡᠳᠭᠢᠯ ᠤᠨ ᠵᠡᠭᠦᠳᠤ ᠦᠷᠪᠠᠯᠵᠡᠯ᠎ᠡ

ᠭᠠᠭᠴᠡ ᠡᠵᠢ ᠶᠢᠨ ᠪᠣᠭᠤᠷᠤᠯᠰᠢᠬᠤ ᠪᠠᠷ

ᠰᠦᠨ ᠳᠠᠭᠤᠨ ᠳ᠋ᠤᠨᠢ ᠳᠠᠠᠳᠤᠷᠭᠢᠯᠠᠯ᠎ᠠ

ᠭᠠᠵᠠᠷ ᠰᠢᠷᠤᠢ᠂ ᠭᠠᠵᠠᠷ ᠰᠢᠷᠤᠢ

ᠭᠠᠯᠪᠠ ᠶᠢᠨ ᠮᠥᠩᠭᠡ ᠶᠢᠨ ᠰᠢᠮ᠎ᠠ᠃

ᠠᠯᠠᠭ ᠬᠤᠶᠠᠷ ᠨᠢᠳᠤᠨ ᠤ

ᠬᠤᠷ᠎ᠠ ᠶᠢᠨ ᠨᠠᠮᠢᠷᠠᠭ᠎ᠠ ᠨᠥᠮᠵᠦᠭ᠌ ᠵᠦᠰᠠᠷᠠᠨ᠎ᠡ

ᠠᠶᠠᠯᠭᠤ ᠳᠠᠭᠤᠨ ᠤ ᠳᠦᠷᠢᠯᠭᠡᠨ ᠤ

ᠬᠠᠢ᠌ᠷ᠎ᠠ ᠶᠢᠨ ᠴᠡᠴᠡᠭ᠌ ᠳᠠᠩᠰᠤᠭ ᠣᠶᠠᠩᠭ᠋ᠠᠷᠠᠨ᠎ᠠ

ᠭᠠᠵᠠᠷ ᠰᠢᠷᠤᠢ᠂ ᠭᠠᠵᠠᠷ ᠰᠢᠷᠤᠢ

ᠭᠠᠯᠪᠠ ᠶᠢᠨ ᠮᠥᠩᠭᠡ ᠶᠢᠨ ᠰᠢᠮ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠰ·ᠠᠶᠠᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2012 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ