ᠨᠡᠪᠲᠡᠷᠡᠨ ᠤᠷᠤᠬᠤ
ᠬᠠᠪᠣᠷ

ᠡᠷᠭᠢᠭᠦ ᠳᠦᠷᠪᠡᠨ ᠣᠯᠠᠷᠢᠯ ᠊ᠤᠨ

ᠡᠭᠡᠯᠢᠳᠡᠢ ᠰᠠᠢ᠌ᠬᠠᠨ ᠴᠠᠭ ᠢ

ᠡᠷᠭᠢᠰ ᠤᠨ ᠭᠦᠷᠪᠠᠭᠡᠨ ᠳᠤᠭᠤᠷᠢᠯᠳᠠ ᠶᠢᠨ

ᠡᠰᠡᠨᠢᠭᠦ ᠨᠢᠭᠡᠨ ᠦᠶ᠎ᠡ ᠶᠢ

ᠡᠩ ᠦᠭᠡᠶ ᠶᠡᠭᠡ ᠣᠷᠴᠢᠯᠠᠩ ᠤᠨ

ᠡᠨᠡᠷᠢᠵᠤ ᠥᠭ᠍ᠳᠡᠭ᠌ ᠬᠤᠷᠤᠮ ᠢ

ᠡᠰᠢ ᠦᠨᠳᠦᠰᠦ ᠲᠡᠶ ᠣᠷᠭᠤᠮᠠᠯ ᠤᠨ

ᠡᠳᠡᠭᠡᠵᠤ ᠪᠣᠰᠳᠠᠭ ᠮᠦᠴᠡ ᠶᠢ

ᠬᠠᠨ ᠳᠯᠡᠭᠡᠢ ᠶᠢᠨ ᠭᠦᠮᠦᠰ

ᠬᠠᠪᠣᠷ ᠭᠡᠮᠡᠨ ᠨᠡᠷᠡᠯᠡᠳᠡᠭ᠌ ᠶᠤᠮ

ᠬᠠᠨ᠎ᠠ ᠳᠡᠭᠡᠷ᠎ᠡ ᠳᠤᠰᠤᠭᠰᠠᠨ ᠨᠠᠷᠠ ᠴᠤ

ᠬᠠᠱᠠᠩ ᠰᠠᠭᠤᠨ ᠣᠭᠳᠤᠳᠠᠭ ᠶᠤᠮ

ᠬᠠᠢ᠌ᠷᠠᠬᠠᠨ ᠦᠨᠳᠦᠷ ᠠᠭᠤᠯᠠ ᠴᠤ

ᠬᠠᠷᠠᠨ ᠬᠠᠷᠠᠨ ᠪᠠᠷᠠᠯᠠᠵᠤ

ᠬᠠᠯᠠᠭᠤᠨ ᠡᠯᠢᠭᠡ ᠪᠠᠨ ᠳᠡᠯᠭᠡᠨ

ᠬᠠᠢ᠌ᠷᠠᠨ ᠭᠡᠮᠡᠨ ᠳᠤᠰᠳᠠᠭ ᠶᠤᠮ

ᠥᠴᠦᠭᠡᠳᠦᠷ ᠡᠴᠡ ᠳᠤᠯᠠᠭᠠᠨ

ᠮᠠᠷᠭᠠᠰᠢ ᠡᠴᠡ ᠰᠡᠷᠢᠭᠦᠨ

ᠥᠩᠭᠡᠳᠡᠢ ᠳᠡᠷᠡᠭᠦ ᠣᠯᠠᠷᠢᠯ ᠢ

ᠬᠠᠪᠣᠷ ᠭᠡᠮᠡᠨ ᠳᠠᠭᠤᠳᠠᠳᠠᠭ ᠶᠤᠮ

ᠥᠩᠭᠡᠷᠡᠭ᠍ᠰᠡᠨ ᠤ ᠭᠦᠷᠦᠭ᠌

ᠢᠷᠡᠭᠡᠳᠦᠢ ᠶᠢᠨ ᠵᠢᠷᠤᠭ

ᠦᠯᠵᠠᠢ᠌ᠳᠤ ᠳᠠᠷᠠ ᠡᠷᠡᠨ ᠢ

ᠬᠠᠪᠣᠷ ᠭᠡᠮᠡᠨ ᠮᠠᠭᠳᠠᠳᠠᠭ ᠶᠤᠮ

ᠪᠠᠩᠰᠢ ᠢᠳᠡᠳᠡᠭ᠌ ᠵᠠᠩᠰᠢᠯ ᠲᠡᠶ

ᠪᠢᠳᠡᠭᠦᠨ ᠤ ᠰᠦᠨᠢ ᠭᠡᠵᠤ

ᠪᠠᠭᠠᠴᠤᠳ ᠬᠡᠦᠬᠡᠳ ᠤᠨ ᠪᠠᠶᠠᠷᠯᠠᠳᠠᠭ

ᠪᠠᠯᠭᠡᠳᠤ ᠬᠠᠪᠣᠷ ᠤᠨ ᠣᠷᠢᠳᠠᠯ ᠶᠤᠮ

ᠪᠢᠯᠢᠭ᠌ ᠤᠨ ᠣᠯᠠᠷᠢᠯ ᠤᠨ

ᠨᠢᠭᠡ ᠰᠠᠷ᠎ᠠ ᠶᠢᠨ ᠨᠢᠭᠡᠨ ᠭᠡᠵᠤ

ᠪᠢᠳᠠ ᠪᠦᠭᠦᠨ ᠤ ᠮᠡᠳᠡᠳᠡᠭ᠌

ᠨᠢᠭᠡ ᠬᠠᠪᠣᠷ ᠤᠨ ᠡᠭᠢᠯᠡᠯ ᠶᠤᠮ

ᠣᠠᠳᠠᠬᠤ ᠨᠣᠢ᠌ᠷ ᠳᠤᠳᠠᠭᠤᠳᠠᠭᠰᠠᠨ

ᠣᠬᠠᠭᠠᠨ ᠰᠠᠭᠤᠭ᠎ᠠ ᠬᠡᠦᠬᠡᠳ ᠤᠨ

ᠣᠷᠳᠤᠬᠠᠨ ᠭᠡᠭ᠍ᠴᠢ ᠡᠪᠰᠢᠶᠡᠯᠭᠡᠨ ᠳᠤ

ᠣᠶᠠᠬᠠᠨ ᠬᠠᠪᠣᠷ ᠰᠡᠷᠢᠳᠡᠭ᠌  ᠶ‍ᠦᠮ

ᠠᠭᠤᠯᠠ ᠣᠰᠤ ᠶᠢ ᠳᠠᠪᠠᠵᠤ

ᠠᠭᠤᠳᠠᠮ ᠨᠤᠳᠤᠭ ᠲᠤ ᠰᠠᠭᠠᠳᠠᠭᠰᠠᠨ

ᠣᠷᠠᠨ ᠬᠠᠷᠢᠶᠠᠴᠢ ᠶᠢᠨ ᠬᠤᠰᠢᠭᠤ ᠳᠤ

ᠣᠷᠢᠬᠠᠨ ᠬᠠᠪᠣᠷ ᠪᠠᠢ᠌ᠳᠠᠭ ᠶᠤᠮ

ᠳᠠᠰᠬᠠᠯ ᠦᠭᠡᠶ ᠬᠡᠦᠬᠡᠳ ᠤᠨ

ᠬᠠᠭᠠᠷᠬᠠᠢ ᠱᠠᠵᠠᠩ ᠳᠡᠭᠡᠭᠦᠷ

ᠳᠠᠯᠠᠨ ᠭᠡᠯᠡ ᠲᠡᠶ ᠰᠢᠪᠠᠭᠤ

ᠬᠠᠪᠣᠷ ᠭᠡᠮᠡᠨ ᠳᠤᠩᠭ᠋ᠤᠳᠤᠳᠠᠭ ᠶᠤᠮ

ᠳᠠᠪᠣᠰᠤ ᠲᠡᠶ ᠨᠠᠭᠤᠷ ᠤᠨ ᠭᠦᠪᠠᠭᠡ

ᠬᠤᠵᠢᠷ ᠳᠠᠭᠠᠭᠠᠭᠰᠠᠨ ᠳᠤᠬᠤᠢ ᠪᠡᠷ

ᠳᠠᠯᠪᠠᠰ ᠪᠦᠭᠦ ᠲᠡᠶ ᠳᠡᠮᠡᠭᠡᠳ ᠤᠨ

ᠬᠤᠷᠭᠤᠤᠯ ᠳᠠᠭᠠᠭᠠᠤᠨ ᠣᠨᠠᠳᠠᠭ ᠶᠤᠮ

ᠡᠪᠦᠯ ᠤᠨ ᠪᠣᠷᠤ ᠪᠣᠷᠭᠠᠰᠤ ᠪᠠᠷ

ᠥᠭᠦᠭᠦᠯᠤᠨ ᠰᠥᠯᠵᠢᠭ᠍ᠰᠡᠨ ᠪᠦᠷᠭᠡᠭᠡᠨ ᠤ

ᠥᠩᠭᠡᠯᠡᠭ᠍ᠰᠡᠨ ᠥᠭᠡᠷ ᠤᠨ ᠪᠠᠭᠠᠰᠤᠨ ᠳᠤ

ᠥᠶ‍ᠦᠭ᠌ ᠬᠠᠪᠣᠷ ᠪᠠᠢ᠌ᠳᠠᠭ ᠶᠤᠮ

ᠥᠪᠦᠭᠡᠯᠵᠢᠭᠡᠨ᠎ᠡ ᠳᠤᠤᠭᠠᠷᠬᠤ ᠦᠶ᠎ᠡ

ᠦᠶᠡᠯᠵᠠᠨ ᠨᠠᠯᠠᠬᠤ ᠰᠠᠯᠭᠢᠨ ᠤ

ᠥᠨᠦᠰᠳᠡᠭᠦ ᠰᠠᠢ᠌ᠬᠠᠨ ᠴᠢᠭᠢᠭ᠌ ᠶᠢᠡᠷ

ᠦᠭ‍ᠬᠢᠶᠠᠮᠤᠷ ᠬᠠᠪᠣᠷ ᠢᠷᠡᠳᠡᠭ᠌ ᠶᠤᠮ

ᠰᠦᠨᠢ ᠶᠢᠨ ᠨᠣᠢ᠌ᠷ ᠢ ᠬᠠᠰᠤᠵᠤ

ᠰᠡᠭᠦᠳᠡᠷ ᠤᠨ ᠨᠠᠰᠤ ᠶᠢ ᠨᠠᠮᠠᠵᠤ

ᠰᠡᠭᠦᠯᠴᠢ ᠶᠢᠨ ᠶ‍ᠢᠰᠤ ᠶᠢ ᠳᠠᠭᠠᠭᠠᠤᠨ

ᠰᠥ᠋ ᠰᠢᠭ᠌ ᠬᠠᠪᠣᠷ ᠰᠠᠭᠠᠳᠤᠳᠠᠭ ᠶᠤᠮ

ᠰᠥᠭᠦ ᠴᠠᠰᠤᠨ ᠬᠠᠢ᠌ᠯᠠᠵᠤ

ᠰᠥᠭᠡᠭ᠌ ᠪᠣᠳᠠᠨ ᠨᠠᠭᠢᠶᠠᠯᠠᠵᠤ

ᠰᠥᠷᠦᠭ᠌ ᠮᠠᠯ ᠢ ᠳᠠᠭᠠᠭᠤᠯᠵᠤ

ᠰᠥᠶᠡᠭᠡᠯᠡᠭᠦ ᠬᠠᠪᠣᠷ ᠢᠷᠡᠳᠡᠭ᠌ ᠶᠤᠮ

ᠪᠠᠭᠡᠷᠡᠵᠤ ᠴᠠᠷᠴᠠᠭᠰᠠᠨ ᠭᠤᠤᠯ

ᠪᠠᠶ᠎ᠠ ᠰᠡᠭ᠍ᠰᠦᠷᠡᠨ ᠰᠢᠯᠡᠭᠡᠭᠡᠵᠤ

ᠪᠠᠭᠡᠨ ᠬᠠᠷ᠎ᠠ ᠨᠢᠳᠤ ᠰᠢᠭ᠌

ᠪᠠᠭ᠍ᠳᠡᠷᠡᠩᠭᠡᠨ ᠬᠠᠢ᠌ᠯᠠᠳᠠᠭ ᠶᠤᠮ

ᠪᠠᠶ᠎ᠠ ᠳᠠᠷᠤᠭᠰᠠᠨ ᠬᠤᠪᠴᠠᠰᠤ ᠴᠤ

ᠪᠠᠯᠡᠩᠳᠡᠩᠭᠡᠨ ᠰᠤᠴᠢᠵᠤ

ᠪᠠᠭᠡᠯᠢ ᠮᠠᠯᠠᠭᠠᠢ ᠪᠡᠨ ᠳᠠᠭᠠᠭᠤᠯᠵᠤ

ᠪᠢᠳᠠ ᠶᠠᠪᠣᠶ᠎ᠠ ᠭᠡᠳᠡᠭ᠌ ᠶᠤᠮ

ᠬᠠᠷᠠᠵᠠ ᠣᠰᠤᠨ ᠳᠡᠭᠡᠭᠦᠷ

ᠦᠷᠦᠮᠠᠨ ᠬᠤᠯᠠᠭᠠᠢ᠌ᠴᠢ ᠡᠷᠭᠢᠯᠳᠦᠵᠤ

ᠬᠨ ᠶᠠ ᠦᠭᠡᠶ ᠪᠠᠯᠴᠢᠭᠡᠷ ᠲᠤ

ᠣᠭᠤᠳᠤᠩ ᠤᠨ ᠳᠤᠭᠤᠯ ᠮᠥᠷᠭᠦᠯᠳᠦᠵᠤ

ᠬᠠᠩᠰᠢ ᠶᠢᠨ ᠡᠳᠦᠷ ᠤᠨ ᠥᠷᠯᠦᠭᠡ

ᠬᠠᠶᠠᠭᠰᠠᠨ ᠣᠷᠭ᠎ᠠ ᠨᠢᠭᠤᠭᠳᠠᠵᠤ

ᠬᠠᠷᠠᠰᠤ ᠬᠠᠴᠢᠭ ᠴᠠᠭ ᠢ

ᠬᠠᠳᠠᠭᠰᠠᠨ ᠪᠣᠷᠴᠠ ᠪᠠᠷ ᠥᠩᠭᠡᠷᠡᠭᠡᠵᠤ

ᠭᠦᠯ ᠰᠢᠭᠢᠳᠦᠭ᠍ᠰᠡᠨ ᠵᠤᠷᠬ᠎ᠠ ᠪᠠᠷ

ᠳᠠᠷᠢᠶᠠᠨ ᠦᠷ᠎ᠡ ᠭᠤᠭᠤᠵᠢᠵᠤ

ᠭᠡᠯᠡ ᠣᠷᠢᠶᠠᠮ᠎ᠠ ᠪᠠᠯᠴᠢᠭᠡᠷ ᠲᠤ

ᠳᠠᠷᠭᠤᠨ ᠮᠠᠯ ᠭᠤᠭᠤᠵᠢᠵᠤ

ᠭᠦᠷᠢᠶ᠎ᠡ ᠬᠤᠷᠤᠭᠠᠨ ᠭᠠᠳᠠᠨ᠎ᠠ

ᠭᠦᠷᠵᠡᠩ ᠤᠨ ᠣᠪᠣᠭ᠎ᠠ ᠪᠣᠰᠬᠠᠵᠤ

ᠭᠦᠴᠤ ᠣᠷᠤᠭᠰᠠᠨ ᠴᠠᠭ᠎ᠠ ᠳᠤ

ᠭᠦᠨᠦᠭ᠌ ᠲᠡᠶ ᠰᠦ᠋ ᠡᠴᠡ ᠨᠠᠮᠠᠷᠢᠯᠠᠵᠤ

ᠰᠢᠯᠢᠷᠡᠭ᠍ᠰᠡᠨ ᠮᠠᠯ ᠤᠨ ᠳᠦᠯ ᠢ

ᠠᠯᠳᠠᠭᠠᠨ᠎ᠠ ᠪᠣᠳᠠᠨ ᠡᠴᠡ ᠡᠷᠢᠵᠤ

ᠰᠢᠷᠭᠢᠭ᠍ᠰᠡᠨ ᠱᠠᠩᠳᠠ ᠶᠢᠨ ᠣᠰᠤᠨ

ᠠᠮᠠᠰᠠᠷ ᠳᠠᠪᠠᠮ᠎ᠠ ᠮᠠᠯᠳᠠᠯᠵᠠᠵᠤ

ᠰᠢᠪᠠᠭᠡ ᠬᠠᠰᠢᠶᠠᠨ ᠤ ᠪᠣᠯᠤᠩ ᠳᠤ

ᠰᠢᠯᠢᠨ ᠬᠠᠭᠠᠷᠬᠠᠢ ᠣᠪᠣᠭᠠᠯᠠᠵᠤ

ᠰᠢᠯᠪᠢ ᠰᠠᠢ᠌ᠷᠳᠠᠢ ᠬᠡᠦᠬᠡᠳ

ᠰᠢᠭᠢᠷ ᠮᠠᠷᠳᠠᠭᠠᠤᠨ ᠳᠤᠭᠯᠠᠵᠤ

ᠡᠭᠦᠳᠡᠨ ᠡᠮᠦᠨᠡᠭᠢ ᠳᠡᠪᠢᠭᠦᠷ ᠲᠤ

ᠥᠯᠦᠭᠡᠢ ᠶᠢᠨ ᠰᠢᠷᠤᠢ ᠬᠠᠳᠠᠭᠠᠵᠤ

ᠡᠭᠦᠯᠡᠨ ᠭᠡ ᠲᠡᠶ ᠠᠶᠠᠭᠠᠨ ᠳᠤ

ᠦᠷᠦᠮ᠎ᠡ ᠲᠡᠶ ᠬᠤᠭᠤᠯᠠ ᠠᠭᠰᠠᠭᠠᠵᠤ

ᠡᠭᠦᠷ ᠪᠠᠷᠢᠬᠤ ᠰᠢᠪᠠᠭᠤᠨ ᠳᠤ

ᠦᠰᠦ ᠭᠢᠯᠭᠠᠰᠤ ᠬᠠᠩᠭ᠋ᠠᠵᠤ

ᠥᠤᠷ ᠶᠢᠡᠷ ᠳᠠᠯᠪᠢᠭᠰᠠᠨ ᠮᠤᠷᠢᠨ ᠤ

ᠥᠷᠦᠭᠡᠯ ᠳᠤᠱᠠ ᠳᠡᠪᠳᠡᠭᠡᠵᠤ

ᠨᠠᠭᠤᠷ ᠤᠨ ᠡᠯᠢᠭᠡ ᠰᠢᠭᠦᠷᠡᠯᠭᠢᠯᠡᠵᠤ

ᠣᠰᠤᠨ ᠰᠢᠪᠠᠭᠤ ᠭᠠᠩᠭ᠋ᠠᠨᠠᠵᠤ

ᠨᠠᠮᠤᠭ ᠵᠥᠭᠡᠯᠡᠨ ᠭᠠᠵᠠᠷ ᠢ

ᠭᠠᠬᠠᠢ ᠮᠠᠩᠭᠢᠰᠤ ᠣᠩᠭᠢᠴᠢᠵᠤ

ᠨᠠᠷᠠᠨ ᠰᠠᠷᠠᠨ ᠤ ᠭᠡᠷᠡᠯ ᠶᠢᠡᠷ

ᠨᠠᠪᠴᠢᠨ ᠰᠡᠭᠦᠳᠡᠷ ᠳᠤᠮᠤᠷᠠᠵᠤ

ᠨᠠᠮᠤᠷ ᠲᠤ ᠦᠭ‍ᠭᠦ ᠪᠠᠯᠡᠭ᠌ ᠤᠨ

ᠨᠠᠷᠢᠯᠠᠭ ᠵᠣᠢ᠌ᠯᠠᠰ ᠢ ᠪᠡᠯᠡᠳᠭᠡᠵᠤ

ᠳᠠᠷᠠᠰᠤ ᠪᠣᠳᠠᠨ ᠳᠤᠮᠳᠠᠭᠤᠷ

ᠳᠠᠤᠯᠠᠢ ᠶᠢᠨ ᠪᠦᠵᠦᠩ ᠳᠡᠭ᠍ᠳᠡᠵᠤ

ᠳᠠᠷ᠎ᠠ ᠳᠤᠯᠤᠭᠠᠢ ᠨᠡᠢ᠌ᠯᠡᠮᠡᠭ᠍ᠴᠡ

ᠳ᠋ᠸᠪᠠᠵᠠᠨ ᠳᠠᠭᠠᠨ ᠣᠷᠴᠢᠵᠤ

ᠳᠠᠮᠨᠠᠵᠤ ᠨᠡᠮᠨᠡᠭᠦ ᠮᠠᠯ ᠤᠨ

ᠳᠡᠭᠡᠰᠤ ᠪᠣᠭᠢ ᠶᠢ ᠰᠤᠯᠠᠯᠠᠵᠤ

ᠳᠠᠯᠠᠯᠠᠵᠤ ᠡᠰᠭᠡᠭᠦ ᠮᠤᠷᠢᠳ ᠤᠨ

ᠳᠡᠭᠡᠭᠦᠷ ᠣᠷᠭ᠎ᠠ ᠬᠣᠢ᠌ᠯᠠᠷᠠᠵᠤ

ᠳᠤᠯᠭ᠎ᠠ ᠶᠢᠨ ᠭᠠᠯ ᠤᠨ ᠴᠤᠭ ᠢ

ᠬᠤᠪᠢᠩ ᠳᠤ ᠠᠭᠤᠳᠠᠯᠬᠤ ᠶᠢ ᠵᠤᠭᠰᠤᠭᠠᠵᠤ

ᠳᠤᠭᠤᠭ᠎ᠠ ᠲᠡᠶ ᠮᠢᠬᠠᠨ ᠱᠦᠯᠦ ᠶᠢᠨ

ᠳᠤᠰᠤ ᠶᠢ ᠬᠠᠮᠤᠬᠤ ᠶᠢ ᠪᠠᠢ᠌ᠯᠭᠠᠵᠤ

ᠠᠷᠠᠰᠤᠨ ᠳᠤᠯᠤᠮ ᠤᠨ ᠢᠷᠤᠭᠠᠷ ᠡᠴᠡ

ᠠᠭᠠᠷᠤᠤᠯ ᠡᠵᠡᠭᠡᠢ ᠳᠠᠮᠳᠠᠷᠢᠵᠤ

ᠠᠯᠳᠠᠨ ᠪᠣᠯᠬᠠᠭᠠᠰᠤᠳᠤ ᠪᠠᠭᠪᠣᠷ ᠡᠴᠡ

ᠠᠮᠳᠠ ᠰᠢᠭᠢᠷ ᠢ ᠠᠭᠤᠳᠠᠯᠵᠤ

ᠣᠷᠢᠬᠠᠨ ᠵᠥᠭᠡᠯᠡᠨ ᠬᠠᠪᠣᠷ

ᠣᠷᠳᠤ ᠶᠢᠨ ᠳᠠᠭᠤᠤ ᠪᠠᠨ ᠢᠰᠭᠡᠷᠴᠤ

ᠣᠷᠢᠯᠭ᠎ᠠ ᠦᠭᠡᠶ ᠴᠤ ᠥᠪᠠᠷᠳᠡᠭᠡᠨ

ᠣᠮᠠᠷᠠᠳᠤ ᠣᠷᠤᠨ ᠳᠤ ᠮᠢᠨᠢ ᠢᠷᠡᠳᠡᠭ᠌ ᠶᠤᠮ

ᠣᠷᠭᠤᠬᠤ ᠣᠨᠠᠬᠤ ᠨᠠᠷᠠᠨ ᠢ

ᠣᠬᠠᠭᠠᠨ ᠶᠢᠡᠷ ᠶᠢᠡᠨ ᠳᠡᠯᠡᠭ᠍ᠰᠡᠭᠡᠷ

ᠣᠩᠭ᠋ᠤᠨ ᠪᠠᠢ᠌ᠭᠠᠯᠢ ᠶᠢᠨ ᠳᠠᠪᠠᠯ ᠢ

ᠣᠷᠠᠯᠠᠵᠤ ᠦᠭ‍ᠭᠦ ᠪᠠᠷ ᠰᠠᠭᠠᠳᠤᠳᠠᠭ ᠶᠤᠮ

ᠬᠠᠪᠣᠷ ᠭᠡᠳᠡᠭ᠌ ᠥᠨᠡ᠊ᠨᠳᠡᠭᠡᠨ

ᠬᠠᠭᠠᠨ ᠤ ᠭᠠᠭᠴᠠ ᠭᠦᠩᠵᠤ ᠶᠤᠮ

ᠬᠠᠨ ᠳᠡᠯᠡᠭᠡᠢ ᠶᠢᠨ ᠪᠣᠳᠠᠰ ᠲᠤ

ᠬᠠᠷᠢᠯᠠᠭᠤᠯᠵᠤ ᠦᠭ‍ᠭᠦᠭ᠍ᠰᠡᠨ ᠭᠡᠦᠭᠡᠨ ᠨᠢ ᠶᠤᠮ

ᠬᠠᠭ᠎ᠠ ᠭᠦᠯᠳᠡᠭ᠍ᠰᠡᠨ ᠰᠤᠷᠪᠢ ᠶᠢ ᠨᠢ

ᠬᠠᠯᠢᠶᠠᠨ ᠣᠰᠤ ᠪᠠᠷ ᠠᠨᠠᠭᠠᠵᠤ

ᠬᠠᠯᠵᠠᠨ ᠬᠠᠯᠴᠠᠭᠠᠢ ᠳᠤᠯᠤᠭᠠᠢ ᠶᠢ ᠨᠢ

ᠬᠠᠢ᠌ᠷ᠎ᠠ ᠪᠠᠷ ᠪᠣᠳᠤᠭᠰᠠᠨ ᠪᠦᠰᠡᠭᠦᠢ ᠶᠤᠮ᠃

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2009 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ