ᠨᠡᠪᠲᠡᠷᠡᠨ ᠤᠷᠤᠬᠤ
ᠮᠤᠩᠭ᠋ᠤᠯ ᠭᠦᠮᠤᠨ

ᠮᠤᠩᠭ᠋ᠤᠯ ᠭᠦᠮᠤᠨ ᠊᠊᠊᠊᠊᠊᠊᠊᠊᠊᠊᠊᠊᠊᠊

ᠪᠦᠷᠳᠡ ᠴᠢᠨ᠋ᠸ᠎ᠠ ᠶᠢᠨ ᠠᠷᠢᠭᠤᠨ ᠰᠦᠨᠠᠰᠤᠨ ᠤ ᠳᠠᠰᠤᠷᠬᠠᠢ

ᠪᠦᠮᠪᠦᠷᠴᠡᠭ᠌ ᠢ ᠰᠤᠶᠤᠷᠬᠠᠭᠰᠠᠨ ᠪᠣᠰᠤᠭ᠎ᠠ ᠶᠠᠰᠤᠨ ᠤ ᠭᠡᠯᠳᠡᠷᠭᠡᠢ

ᠮᠤᠩᠭ᠋ᠤᠯ ᠭᠦᠮᠤᠨ ᠊᠊᠊᠊᠊᠊᠊᠊᠊᠊᠊᠊᠊᠊᠊

ᠭᠦᠯᠦᠭ᠌ ᠲᠡᠶ ᠪᠠᠨ ᠠᠳᠠᠯᠢᠬᠠᠨ ᠡᠭᠡᠯᠢᠰᠡᠭ᠌

ᠰᠢᠯᠦᠭ᠌ ᠲᠡᠶ ᠪᠠᠨ ᠢᠵᠢᠯᠭᠡᠨ ᠨᠠᠢ᠌ᠷᠰᠠᠭ

ᠮᠤᠩᠭ᠋ᠤᠯ ᠭᠦᠮᠤᠨ ᠊᠊᠊᠊᠊᠊᠊᠊᠊᠊᠊᠊᠊᠊᠊

ᠳ᠋ᠦ᠋ᠩᠨᠡᠯᠲᠡ ᠳᠤ ᠪᠠᠨ ᠬᠤᠷᠢᠶᠠᠩᠭ᠋ᠣᠢ᠌ᠯᠠᠭᠳᠠᠭᠰᠠᠨ ᠥᠴᠦᠭᠡᠳᠦᠷ

ᠵᠦᠩᠨᠠᠯᠳᠠ ᠳᠤ ᠪᠠᠨ ᠰᠤᠮᠤᠳᠠᠭᠰᠠᠨ ᠮᠠᠷᠭᠠᠰᠢ

ᠮᠤᠩᠭ᠋ᠤᠯ ᠭᠦᠮᠤᠨ ᠊᠊᠊᠊᠊᠊᠊᠊᠊᠊᠊᠊᠊᠊᠊

ᠪᠣᠳᠠᠰᠴᠢ ᠪᠠᠷ ᠦᠨᠢᠳᠠ ᠣᠷᠤᠰᠬᠤ ᠴᠢᠰᠤ

ᠪᠣᠰᠤᠤᠠᠴᠢ ᠪᠠᠷ ᠡᠭᠦᠷᠢᠳᠡ ᠣᠷᠤᠰᠢᠬᠤ ᠴᠠᠰᠤ

ᠮᠤᠩᠭ᠋ᠤᠯ ᠭᠦᠮᠤᠨ ᠊᠊᠊᠊᠊᠊᠊᠊᠊᠊᠊᠊᠊᠊᠊

ᠣᠷᠤᠰᠬᠠᠯ ᠤᠨ ᠡᠰᠡᠷᠭᠦ ᠰᠥᠷᠦᠭ᠍ᠰᠡᠨ ᠭᠠᠳᠠ ᠮᠠᠢ᠌ᠷᠠᠨ

ᠳᠤᠰᠠᠭᠠᠷᠯᠠᠯ ᠤᠨ ᠶᠢᠡᠨ ᠳᠦᠯᠦᠭᠡ ᠳᠡᠮᠡᠴᠡᠭᠦ ᠭᠠᠯᠳᠠᠨ ᠪᠣᠱᠤᠭᠳᠤ

ᠮᠤᠩᠭ᠋ᠤᠯ ᠭᠦᠮᠤᠨ ᠊᠊᠊᠊᠊᠊᠊᠊᠊᠊᠊᠊᠊᠊᠊

ᠰᠠᠯᠭᠢᠨ ᠤ ᠦᠨᠦᠷ ᠢ ᠠᠵᠢᠨ ᠵᠤᠭᠰᠤᠭᠰᠠᠨ ᠴᠢᠨ᠋ᠸ᠎ᠠ

ᠰᠤᠭᠤ ᠶᠢᠨ ᠨᠤᠭᠤᠭ᠎ᠠ ᠶᠢ ᠢᠳᠠᠨ ᠵᠤᠰᠠᠭᠰᠠᠨ ᠬᠤᠨᠢ

ᠮᠤᠩᠭ᠋ᠤᠯ ᠭᠦᠮᠤᠨ ᠊᠊᠊᠊᠊᠊᠊᠊᠊᠊᠊᠊᠊᠊᠊

ᠰᠣᠢ᠌ᠯᠠᠵᠤ ᠪᠣᠰᠤᠭᠰᠠᠨ ᠨᠤᠷᠢᠨ ᠤ ᠳᠦᠷᠢ

ᠬᠣᠢ᠌ᠯᠠᠵᠤ ᠳᠠᠯᠪᠢᠭᠰᠠᠨ ᠭᠢᠳᠤᠭᠠᠨ ᠤ ᠢᠷ

ᠮᠤᠩᠭ᠋ᠤᠯ ᠭᠦᠮᠤᠨ ᠊᠊᠊᠊᠊᠊᠊᠊᠊᠊᠊᠊᠊᠊᠊

ᠪᠦᠷᠳᠡ ᠴᠢᠨ᠋ᠸ᠎ᠠ ᠶᠢᠨ ᠠᠷᠢᠭᠤᠨ ᠰᠦᠨᠠᠰᠤᠨ ᠤ ᠳᠠᠰᠤᠷᠬᠠᠢ

ᠪᠦᠮᠪᠦᠷᠴᠡᠭ᠌ ᠢ ᠰᠤᠶᠤᠷᠬᠠᠭᠰᠠᠨ ᠪᠣᠰᠤᠭ᠎ᠠ ᠶᠠᠰᠤᠨ ᠤ ᠭᠡᠯᠳᠡᠷᠭᠡᠢ᠃


ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ