☆ ᠬᠠᠳᠠᠭᠠᠰᠤᠨ·ᠰᠢᠨᠠᠮᠦ᠋ᠷᠴᠢ
ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷᠠ ᠪᠠᠨ ᠥᠯᠡᠳᠡᠭᠡᠭᠦ ᠰᠠᠨ
ᠳᠤᠯᠠᠭᠠᠬᠠᠨ ᠳᠡᠯᠡᠭᠡᠢ ᠳᠤ ᠲᠤᠩ ᠴᠤ ᠶᠡᠭᠡ ᠡᠷᠭᠡᠯᠡᠵᠤ ᠶᠠᠪᠣᠯ᠎ᠠ
ᠳᠤᠷᠠᠯᠠᠯ ᠬᠠᠢ᠌ᠷ᠎ᠠ ᠳᠤ ᠦᠷᠦ ᠰᠡᠳᠭᠢᠯ ᠶᠢᠡᠨ ᠬᠠᠢ᠌ᠯᠤᠭᠤᠯᠵᠤ ᠶᠠᠪᠣᠯ᠎ᠠ
ᠳᠤᠷᠠᠰᠤᠯ ᠮᠥᠷᠦᠭᠡᠳᠦᠯ ᠳᠤ ᠣᠯᠠᠭᠠᠨ ᠵᠢᠷᠦᠭᠡ ᠪᠠᠨ ᠳᠤᠭᠳᠤᠯᠤᠭᠤᠯᠵᠤ ᠶᠠᠪᠣᠯ᠎ᠠ
ᠳᠤᠤᠯᠢᠮ᠎ᠠ ᠬᠤᠷᠸ᠎ᠠ ᠶᠢᠨ ᠨᠢᠭᠡᠨ ᠵᠠᠢ ᠳᠤ ᠰᠢᠷᠬᠠᠯᠠᠵᠤ ᠶᠠᠪᠣᠯ᠎ᠠ
ᠡᠨᠡ ᠪᠦᠭᠦᠨ ᠶᠢᠡᠨ ᠢᠷᠠᠭᠤ ᠨᠠᠢ᠌ᠷᠠᠭ ᠪᠣᠯᠭᠠᠨ ᠰᠡᠢ᠌ᠯᠦᠭᠡᠳ
ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷᠠ ᠪᠠᠨ ᠥᠯᠡᠳᠡᠭᠡᠭᠦ ᠰᠠᠨ᠃
ᠬᠠᠢ᠌ᠯᠠᠵᠤ ᠣᠭᠢᠯᠠᠵᠤ ᠪᠠᠭ᠎ᠠ ᠨᠠᠰᠤᠨ ᠳᠤ ᠪᠠᠨ ᠳᠤᠭᠯᠠᠵᠤ ᠶᠠᠪᠣᠯ᠎ᠠ
ᠬᠠᠪᠣᠷ ᠨᠠᠮᠤᠷ ᠡᠭᠡᠯᠵᠢᠯᠡᠭᠦ ᠵᠢᠮ᠎ᠠ ᠪᠠᠷ ᠨᠤᠳᠤᠭᠯᠠᠵᠤ ᠶᠠᠪᠣᠯ᠎ᠠ
ᠬᠠᠢ᠌ᠯᠠᠰᠤ ᠨᠠᠷᠠᠰᠤ ᠲᠡᠶ ᠡᠷᠳᠡᠨᠢ ᠤᠪᠤᠭᠠᠨ ᠳᠤ ᠪᠠᠨ ᠮᠠᠴᠤᠵᠤ ᠶᠠᠪᠣᠯ᠎ᠠ
ᠬᠠᠮᠤᠭ ᠮᠤᠩᠭ᠋ᠤᠯ ᠤᠨ ᠥᠯᠦᠭᠡᠢ ᠨᠤᠳᠤᠭ ᠲᠤ ᠪᠠᠨ ᠨᠢᠯᠬᠠᠷᠠᠵᠤ ᠶᠠᠪᠣᠯ᠎ᠠ
ᠡᠨᠡ ᠪᠦᠭᠦᠨ ᠶᠢᠡᠨ ᠣᠶᠠᠩᠭ᠋᠎ᠠ ᠳᠠᠭᠤᠤ ᠪᠣᠯᠭᠠᠨ ᠳᠠᠭᠤᠯᠠᠭᠠᠤᠨ
ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷᠠ ᠪᠠᠨ ᠥᠯᠡᠳᠡᠭᠡᠭᠦ ᠰᠠᠨ᠃
ᠭᠠᠢ᠌ᠬᠠᠮᠰᠢᠭᠳᠤ ᠰᠤᠩᠭ᠋ᠤᠳᠠᠭ ᠠᠭᠤᠤ ᠰᠤᠶᠤᠯ ᠳᠤ ᠪᠠᠨ ᠰᠢᠳᠤᠵᠤ ᠶᠠᠪᠣᠯ᠎ᠠ
ᠭᠠᠯ ᠳᠣᠢ᠌ᠮᠠᠷᠳᠤ ᠳᠠᠢ᠌ᠴᠢᠨ ᠳᠡᠦᠭᠡᠨ ᠳᠤ ᠪᠠᠨ ᠪᠠᠷᠳᠠᠮ ᠶᠠᠪᠣᠯ᠎ᠠ
ᠭᠡᠮᠰᠢᠯ ᠰᠢᠯᠦᠭ᠌ ᠲᠡᠶ ᠪᠣᠷᠵᠢᠭᠢᠨ ᠬᠠᠯᠠᠳᠠᠨ ᠳᠤ ᠭᠤᠮᠤᠳᠠᠵᠤ ᠶᠠᠪᠣᠯ᠎ᠠ
ᠭᠡᠭᠡᠵᠤ ᠣᠷᠭᠢᠭᠳᠠᠮᠠ ᠣᠤᠭᠠᠯ ᠣᠳᠤᠮᠰᠢᠯ ᠳᠤ ᠪᠠᠨ ᠬᠠᠷᠠᠭᠤᠰᠴᠤ ᠶᠠᠪᠣᠯ᠎ᠠ
ᠡᠨᠡ ᠪᠦᠭᠦᠨ ᠶᠢᠡᠨ ᠦᠪᠡᠷ ᠤᠨ ᠴᠠᠭᠠᠳᠬᠠᠯ ᠪᠣᠯᠭᠠᠨ ᠣᠩᠰᠢᠭᠠᠤᠨ
ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷᠠ ᠪᠠᠨ ᠥᠯᠡᠳᠡᠭᠡᠭᠦ ᠰᠠᠨ᠃
ᠦᠨᠡᠠᠴᠢ ᠣᠯᠠᠨ ᠠᠠᠳᠠ ᠨᠥᠭᠦᠤᠨ ᠲᠡᠶ ᠪᠠᠨ ᠨᠠᠷᠭᠢᠵᠤ ᠶᠠᠪᠣᠯ᠎ᠠ
ᠥᠷᠳᠦᠭ᠍ᠳᠡᠵᠤ ᠵᠠᠷᠢᠮ ᠤᠳ ᠤᠨ ᠨᠢᠳᠤᠨ ᠳᠤ ᠨᠢ ᠮᠠᠭᠤ ᠴᠤ ᠪᠣᠯᠵᠤ ᠶᠠᠪᠣᠯ᠎ᠠ
ᠡᠷᠭᠢᠵᠤ ᠣᠴᠢᠮᠠᠷ ᠣᠶᠤᠳᠠᠨ ᠨᠠᠰᠤ ᠪᠠᠨ ᠳᠤᠷᠠᠰᠴᠤ ᠶᠠᠪᠣᠯ᠎ᠠ
ᠡᠷᠭᠢᠮ ᠭᠡᠳᠡᠭ᠌ ᠢ ᠥᠩᠭᠡᠷᠡᠭ᠍ᠰᠡᠨ ᠤ ᠬᠣᠢ᠌ᠨ᠎ᠠ ᠨᠢ ᠮᠠᠳᠠᠷᠠᠵᠤ ᠴᠤ ᠶᠠᠪᠣᠯ᠎ᠠ
ᠡᠨᠡ ᠪᠦᠭᠦᠨ ᠶᠢᠡᠨ ᠵᠠᠯᠠᠭᠤ ᠨᠠᠰᠤ ᠭᠡᠵᠤ ᠭᠠᠷᠴᠠᠭᠯᠠᠭᠠᠤᠨ
ᠡᠷᠡᠨ ᠵᠠᠭᠤᠨ ᠳᠤ ᠠᠮᠢᠳᠤᠷᠠᠭᠰᠠᠨ ᠭᠡᠵᠤ ᠪᠢ ᠨᠠᠷᠠ ᠪᠠᠨ ᠥᠯᠡᠳᠡᠭᠡᠭᠦ ᠰᠠᠨ᠃
2009.4.24
ᠵᠤᠬᠢᠶᠠᠭᠴᠢ᠄ ᠬᠠᠳᠠᠭᠠᠰᠤᠨ·ᠰᠢᠨᠠᠮᠦ᠋ᠷᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2726
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ