ᠨᠡᠪᠲᠡᠷᠡᠨ ᠤᠷᠤᠬᠤ
ᠰᠦᠨ ᠴᠠᠭᠠᠨ ᠰᠡᠳᠭᠢᠯ

ᠳᠤᠯᠠᠢ᠌ᠮ᠎ᠠ ᠡᠵᠢ ᠳᠤᠰᠬᠤᠨ ᠤ ᠵᠡᠭᠦᠨ ᠵᠠᠬ᠎ᠠ ᠶᠢᠨ ᠨᠢᠭᠡ ᠪᠠᠢ᠌ᠰᠢᠩ ᠳᠤ ᠰᠠᠭᠤᠵᠤ ᠪᠣᠢ᠃ ᠪᠣᠰᠤᠳ ᠡᠷᠦᠭᠡ ᠡᠴᠠ ᠵᠢᠭᠠᠬᠠᠨ ᠵᠠᠢ᠌ᠳᠠᠭᠤ ᠪᠣᠯᠪᠠᠴᠤ ᠭᠤᠤᠯ ᠡᠴᠠ ᠤᠢ᠌ᠷᠬᠠᠨ ᠪᠤᠯᠬᠤᠷ᠂ ᠭᠦᠪᠠᠭᠡ ᠳᠠᠭᠠᠤ ᠰᠤᠷᠭᠤᠭ ᠡᠪᠠᠰᠤᠨ ᠳᠤ ᠦᠨᠢᠶ᠎ᠡ ᠪᠠᠨ ᠪᠠᠯᠴᠢᠭᠡᠵᠤ᠂ ᠭᠤᠤᠯ ᠤᠨ ᠴᠠᠪᠠᠷ ᠣᠰᠤ ᠪᠠᠷ ᠦᠨᠢᠶ᠎ᠡ ᠪᠠᠨ ᠣᠰᠤᠯᠠᠬᠤ ᠳᠤ ᠳᠦᠭᠦᠮ᠃ ᠳᠡᠭᠡᠭᠡᠳ ᠪᠠᠰᠠ ᠵᠠᠰᠠᠮᠠᠯ ᠵᠠᠮ ᠤᠨ ᠬᠠᠵᠠᠭᠤ ᠳᠤ ᠪᠠᠢ᠌ᠭ᠎ᠠ ᠪᠣᠯᠬᠤᠷ ᠬᠤᠯᠠ ᠡᠴᠠ ᠢᠷᠡᠭᠦ ᠭᠦᠮᠤᠨ ᠢ ᠬᠠᠷᠠᠵᠤ ᠠᠵᠢᠭᠯᠠᠬᠤ ᠳᠤ ᠴᠤ ᠳᠦᠭᠦᠮ᠃ ᠣᠳᠤ ᠳᠠᠷᠠ ᠬᠠᠭᠠᠯᠭ᠎ᠠ ᠶᠢᠨ ᠬᠠᠵᠠᠭᠤ ᠳᠤ ᠵᠤᠭᠰᠤᠭᠠᠤᠨ ᠨᠢᠭᠡ ᠳᠤᠬᠤᠢ ᠪᠠᠨ ᠡᠷᠭᠦᠵᠤ ᠨᠠᠷᠠᠨ ᠤ ᠭᠡᠷᠡᠯ ᠢ ᠬᠠᠯᠬᠠᠯᠠᠨ ᠠᠯᠤᠰ ᠢ ᠪᠠᠷᠠᠯᠠᠵᠤ ᠭᠦᠤ ᠪᠠᠨ ᠬᠠᠷᠢᠵᠤ ᠢᠷᠡᠭᠦ ᠪᠣᠯᠪᠠᠤ ᠭᠡᠵᠤ ᠰᠠᠨᠠᠵᠤ ᠪᠠᠢ᠌ᠭᠠᠤᠨ ᠨᠢᠭᠡᠨ ᠵᠢᠰᠤ ᠪᠣᠷᠤᠭᠤ ᠭᠦᠮᠤᠨ ᠢ ᠳᠤᠰᠴᠤ ᠠᠪᠣᠯ᠎ᠠ᠃

᠁ ᠁

᠊᠊᠊᠊᠊᠊᠊᠊᠊᠊᠊᠊᠊᠊᠊ ᠰᠠᠢ᠌ᠨ ᠪᠠᠢ᠌ᠨ᠎ᠠ ᠦᠦ ᠡᠵᠢ ᠡ ︕ ᠭᠡᠵᠤ ᠳᠠᠷᠠ ᠭᠦᠮᠤᠨ ᠨᠤᠳᠤᠭ ᠤᠨ ᠭᠦᠮᠤᠨ ᠤ ᠵᠠᠩᠰᠢᠯ ᠶᠢᠡᠷ ᠡᠪᠦᠳᠦᠭ᠌ ᠨᠤᠭᠤᠯᠠᠨ ᠠᠮᠤᠷ ᠡᠷᠢᠪᠡ᠃ ᠳᠤᠯᠠᠢ᠌ᠮ᠎ᠠ ᠡᠵᠢ ᠰᠤᠨᠢᠭᠤᠴᠢ ᠬᠠᠷᠠᠴᠠ ᠪᠠᠷ ᠳᠡᠭᠦᠨ ᠢ ᠳᠤᠯᠤᠭᠠᠢ ᠡᠴᠠ ᠨᠢ ᠭᠦᠯ ᠳ᠋ᠤᠨᠢ ᠳᠤᠯᠳᠠᠯ᠎ᠠ ᠦᠵᠡᠪᠠ᠃ ᠡᠨᠡ ᠭᠦᠮᠤᠨ ᠬᠠᠭᠤᠴᠢᠪᠳᠤᠷ ᠠᠯᠪᠠᠨ ᠤ ᠬᠤᠪᠴᠠᠰᠤ ᠡᠮᠦᠰᠦᠭᠡᠳ᠂ ᠳᠡᠭᠡᠷ᠎ᠡ ᠬᠠᠷᠮᠠᠨ ᠤ ᠨᠢᠭᠡ ᠳ᠋ᠤᠨᠢ ᠪᠣᠯᠤᠳ ᠪᠢᠷ ᠭᠤᠬᠠᠳᠠᠨ᠂ ᠳᠤᠯᠤᠭᠠᠢ ᠳᠠᠭᠠᠨ ᠴᠡᠷᠢᠭ᠌ ᠤᠨ ᠮᠠᠯᠠᠭᠠᠢ ᠵᠡᠭᠦᠭ᠍ᠰᠡᠨ ᠪᠠᠢ᠌ᠯ᠎ᠠ᠃ ᠵᠤᠴᠢᠨ ᠭᠦᠮᠤᠨ ᠢ ᠶᠠᠷᠤ ᠨᠢ ᠬᠠᠯᠠᠭᠤᠨ ᠶᠢᠡᠷ ᠣᠭᠳᠤᠬᠤ ᠵᠤᠷᠰᠢᠯ ᠲᠡᠶ ᠳᠤᠯᠠᠢ᠌ᠮ᠎ᠠ ᠡᠵᠢ ᠳᠡᠭᠦᠨ ᠢ ᠪᠠᠢ᠌ᠰᠢᠩ ᠳᠠᠰᠢ ᠣᠷᠢᠪᠠ᠃ ᠡᠨᠡ ᠭᠦᠮᠤᠨ ᠳᠤᠯᠵᠤ ᠶᠠᠪᠣᠭᠰᠠᠨ ᠪᠦᠳᠦᠭᠦᠨ ᠮᠤᠳᠤ ᠪᠠᠨ ᠡᠭᠦᠳᠡᠨ ᠭᠠᠳᠠᠨ᠎ᠠ ᠭᠡᠷᠡᠮ ᠳᠤ ᠳᠦᠰᠢᠭᠦᠯᠤᠨ ᠳᠡᠯᠪᠢᠭᠠᠳ᠂ ᠡᠮᠡᠭᠡᠨ ᠡᠵᠢ ᠶᠢ ᠳᠠᠭᠠᠵᠤ ᠦᠷᠦᠭᠡᠨ ᠳᠤ ᠣᠷᠤᠯ᠎ᠠ᠃ ᠳᠡᠭᠦᠨ ᠤ ᠪᠠᠢ᠌ᠳᠠᠯ ᠢ ᠠᠰᠠᠭᠤᠵᠤ ᠠᠮᠵᠢᠬᠤ ᠡᠴᠠ ᠣᠷᠢᠳ ᠳᠠᠷᠠ ᠭᠦᠮᠤᠨ ᠵᠠᠪᠳᠤᠵᠤ ᠄

᠊᠊᠊᠊᠊᠊᠊᠊᠊᠊᠊᠊᠊᠊᠊ ᠪᠢ ᠬᠤᠳᠠ ᠡᠴᠠ ᠢᠷᠠᠵᠤ ᠶᠠᠪᠣᠨ᠎ᠠ᠃ ᠡ᠊ᠨᠳᠡᠭᠢ ᠠᠷᠠᠤᠨ ᠤᠨ ᠠᠮᠢᠳᠤᠷᠠᠯ ᠶᠠᠮᠠᠷ ᠪᠠᠢ᠌ᠭ᠎ᠠ ᠶᠢ ᠣᠢ᠌ᠯᠠᠭᠠᠶ᠎ᠠ ᠭᠡᠰᠡᠨ ᠶᠤᠮ ᠡ᠃ ᠳᠤᠯᠠᠢ᠌ᠮ᠎ᠠ ᠡᠵᠢ ᠰᠤᠨᠤᠰᠤᠭᠠᠤᠨ ᠬᠤᠰᠢᠭᠤᠨ ᠤ ᠺᠠᠳ᠋ᠷ ᠨᠡᠷ ᠦᠷᠭᠦᠯᠵᠢ ᠢᠩᠭᠢᠵᠤ ᠢᠷᠡᠭᠡᠳ᠂ ᠡᠨᠡ ᠳᠠᠷᠠ ᠶᠢ ᠠᠰᠠᠭᠤᠳᠠᠭ ᠢ ᠪᠣᠳᠤᠵᠤ ᠣᠯᠪᠠ᠃ ᠳᠡᠭᠡᠭᠡᠳ ᠡᠨᠡ ᠭᠦᠮᠤᠨ ᠤ ᠡᠮᠦᠰᠴᠤ ᠵᠡᠭᠦᠭ᠍ᠰᠡᠨ ᠨᠢ ᠴᠤ ᠥᠩᠭᠡᠷᠡᠭ᠍ᠰᠡᠨ ᠤ ᠭᠦᠳᠡᠭᠡ ᠶᠢᠨ ᠺᠠᠳ᠋ᠷ ᠲᠡᠶ ᠠᠳᠠᠯᠢᠪᠳᠤᠷ ᠪᠤᠯᠬᠤᠷ᠂ ᠳᠡᠭᠦᠨ ᠤ ᠥᠭᠡ ᠶᠢ ᠢᠳᠡᠭᠡᠵᠤ᠂ ᠬᠠᠯᠠᠭᠤᠨ ᠳᠤᠳᠤᠨᠤ ᠰᠠᠨᠠᠭᠳᠠᠪᠠ᠃ ᠳᠡᠭᠡᠭᠡᠳ ᠬᠠᠷᠢᠭᠤ ᠄

᠊᠊᠊᠊᠊᠊᠊᠊᠊᠊᠊᠊᠊᠊᠊ ᠶᠡᠭᠡ ᠰᠠᠢ᠌ᠨ ᠪᠠᠢ᠌ᠨ᠎ᠠ᠃ ᠨᠠᠮ ᠤᠨ ᠬᠠᠷᠠᠭᠠᠯᠵᠠᠯ ᠶᠢᠡᠷ ᠡᠯ᠎ᠡ ᠳᠦᠷᠤᠯ ᠤᠨ ᠨᠥᠭᠦᠪᠦᠷᠢ ᠮᠦᠩᠭᠦ ᠤᠯᠵᠤ᠂ ᠵᠡᠭᠡᠭ᠍ᠰᠡᠨ ᠠᠮᠢᠳᠤᠷᠠᠵᠤ ᠪᠠᠢ᠌ᠨ᠎ᠠ᠃

ᠡᠨᠡ ᠥᠭᠡ ᠶᠢ ᠰᠤᠨᠤᠰᠤᠭᠠᠤᠨ ᠳᠠᠷᠠ ᠵᠢᠰᠤ ᠪᠣᠷᠤᠭᠤ ᠭᠦᠮᠤᠨ ᠠᠯᠠᠰᠭᠢᠨ ᠪᠠᠶᠠᠷᠯᠠᠵᠤ ᠄

᠊᠊᠊᠊᠊᠊᠊᠊᠊᠊᠊᠊᠊᠊᠊ ᠳᠡᠭᠡᠪᠠᠯ ᠡᠵᠢ ᠳᠠ ᠵᠤᠭᠤᠰ ᠳᠤᠳᠠᠬᠤ ᠦᠭᠡᠶ ᠰᠢᠳᠠ ᠭᠡᠪᠡ᠃

᠊᠊᠊᠊᠊᠊᠊᠊᠊᠊᠊᠊᠊᠊᠊ ᠳᠠᠢ᠌ᠮᠤ ᠡ᠂ ᠨᠠᠳᠠ ᠪᠠᠰᠠ ᠰᠠᠷ᠎ᠠ ᠪᠦᠷᠢ ᠪᠠᠳᠤᠯᠠᠪᠣᠷᠢ ᠶᠢᠨ ᠮᠦᠩᠭᠦ ᠥᠭ᠍ᠴᠤ ᠪᠠᠢ᠌ᠨ᠎ᠠ᠃ ᠶᠠᠭᠤᠨ ᠳᠡᠭᠡᠨ ᠵᠤᠪᠠᠬᠤ ᠪᠣᠢ ︕ ᠭᠡᠵᠤ ᠡᠮᠡᠭᠡᠨ ᠪᠠᠶᠠᠷᠯᠠᠭᠰᠠᠨ ᠳᠠᠭᠠᠨ ᠪᠣᠳᠤᠭᠰᠠᠨ ᠰᠠᠨᠠᠭᠰᠠᠨ ᠶᠢᠡᠨ ᠪᠦᠷ ᠳᠤᠭᠠᠴᠢᠮᠠᠷ ᠪᠣᠯᠪᠠ᠃ ᠭᠡᠳᠡᠯ᠎ᠡ ᠢᠷᠡᠭ᠍ᠰᠡᠨ ᠵᠤᠴᠢᠨ ᠡᠮᠡᠭᠡᠨ ᠤ ᠣᠯᠠᠨ ᠥᠭᠡ ᠶᠢ ᠰᠤᠨᠤᠰᠴᠤ ᠶᠠᠳᠠᠨ᠂ ᠥᠭᠡ ᠶᠢ ᠨᠢ ᠳᠠᠰᠤᠯᠠᠵᠤ ᠄

᠊᠊᠊᠊᠊᠊᠊᠊᠊᠊᠊᠊᠊᠊᠊ ᠡᠵᠢ ᠡ᠂ ᠳᠠᠨ ᠤ ᠭᠡᠷ ᠲᠤ ᠰᠦ᠋ ᠲᠡᠶ ᠴᠠᠢ ᠶᠢᠨ ᠦᠨᠦᠷ ᠨᠢ ᠶᠠᠭᠠᠭᠢᠭᠰᠠᠨ ᠰᠠᠢ᠌ᠬᠠᠨ ᠶᠤᠮ ᠡ ᠭᠡᠪᠡ᠃ ᠳᠤᠯᠠᠢ᠌ᠮ᠎ᠠ ᠦᠪᠡᠷ ᠤᠨ ᠥᠭᠡᠨ ᠳᠡᠭᠡᠨ ᠪᠣᠯᠵᠤ᠂ ᠵᠤᠴᠢᠨ ᠳᠠᠢ᠌ᠯᠠᠬᠤ ᠪᠠᠨ ᠮᠠᠷᠳᠠᠭᠠᠤᠨ ᠶᠡᠭᠡᠯ᠎ᠡ ᠡᠪ ᠦᠭᠡᠶ ᠪᠣᠯᠤᠭᠰᠠᠨ ᠶᠢᠡᠨ ᠮᠠᠳᠠᠷᠠᠨ ᠄

᠊᠊᠊᠊᠊᠊᠊᠊᠊᠊᠊᠊᠊᠊᠊ ᠵᠠ᠂ ᠵᠠ᠂ ᠳᠠ ᠲᠦᠷ ᠭᠦᠯᠢᠶᠡᠵᠤ ᠪᠣᠢ᠂ ᠪᠢ ᠴᠢᠮ᠎ᠠ ᠳᠤ ᠰᠦ᠋ ᠲᠡᠶ ᠴᠠᠢ ᠪᠣᠴᠠᠯᠭᠠᠵᠤ ᠦᠭ‍ᠭᠦᠶ᠎ᠡ ᠭᠡᠵᠤ᠂ ᠭᠠᠳᠠᠨ᠎ᠠ ᠭᠡᠷ ᠲᠤ ᠳᠤᠯᠭ᠎ᠠ ᠳᠤᠯᠤᠭᠠᠤᠨ᠂ ᠭᠠᠯ ᠨᠤᠴᠤᠭᠠᠨ᠂ ᠳᠤᠭᠤᠭᠠᠨ ᠳᠤᠳᠤᠷ᠎ᠠ ᠪᠠᠨ ᠨᠢᠭᠡ ᠠᠳᠬᠤ ᠮᠤᠩᠭ᠋ᠤᠯ ᠠᠮᠤ ᠬᠠᠭᠤᠷᠤᠭᠠᠳ᠂ ᠳᠡᠭᠡᠷ᠎ᠡ ᠨᠢ ᠣᠰᠤ ᠭᠢᠵᠤ ᠪᠣᠴᠠᠯᠭᠠᠵᠤ ᠬᠠᠭᠤᠷᠤᠭᠰᠠᠨ ᠠᠮᠤ ᠶᠢᠨ ᠰᠠᠢ᠌ᠬᠠᠨ ᠦᠨᠦᠷ ᠤᠷᠤᠭᠤᠯᠵᠤ᠂ ᠳᠡᠭᠡᠷ᠎ᠡ ᠨᠢ ᠭᠡᠪ ᠤᠨ ᠴᠠᠢ ᠶᠢᠨ ᠭᠡᠮᠭᠡᠳᠡᠭ᠌ ᠪᠠ ᠨᠢᠭᠡ ᠠᠶᠠᠭ᠎ᠠ ᠳᠦᠭᠦᠭᠡᠢ ᠰᠥ᠋ ᠭᠢᠵᠤ ᠳᠠᠭᠢᠨ ᠪᠣᠴᠠᠯᠭᠠᠪᠠ᠃ ᠦᠵᠡᠵᠤ ᠪᠠᠢ᠌ᠳᠠᠯ᠎ᠠ ᠳᠤᠰᠤ ᠭᠢᠯᠠᠯᠵᠠᠭᠰᠠᠨ ᠦᠳᠭᠡᠨ ᠰᠢᠷᠭᠠᠯ ᠰᠦ᠋ ᠲᠡᠶ ᠴᠠᠢ ᠨᠢ ᠳᠤᠭᠤᠭᠠᠨ ᠳᠤᠳᠤᠷ᠎ᠠ ᠭᠦᠭᠡᠰᠤ ᠠᠰᠬᠠᠷᠠᠭᠤᠯᠤᠨ ᠪᠣᠴᠠᠯᠪᠠ᠃ ᠳᠤᠯᠠᠢ᠌ᠮ᠎ᠠ ᠡᠵᠢ ᠡᠨᠡ ᠰᠦ᠋ ᠲᠡᠶ ᠴᠠᠢ ᠶᠢᠨ ᠠᠮᠳᠠ ᠶᠢ ᠨᠢ ᠳᠡᠩᠨᠡᠭᠦᠯᠭᠦ ᠭᠡᠵᠤ ᠳᠠᠪᠣᠰᠤ᠂ ᠰᠢᠷ᠎ᠠ ᠳᠤᠰᠤ ᠨᠡᠮᠡᠭᠡᠳ ᠳᠠᠮᠤᠷ ᠰᠢᠨᠠᠭ᠎ᠠ ᠪᠠᠷ ᠳᠠᠭᠢᠨ ᠳᠠᠭᠢᠨ ᠳᠡᠭᠡᠭ᠍ᠰᠢ ᠰᠠᠮᠤᠷᠠᠨ᠎ᠠ᠃ ᠡᠨᠡ ᠦᠶ᠎ᠡ ᠳᠤ ᠭᠡᠷ ᠤᠨ ᠳᠤᠳᠤᠷ᠎ᠠ ᠭᠠᠳᠠᠨ᠎ᠠ ᠰᠦ᠋ ᠲᠡᠶ ᠴᠠᠢ ᠶᠢᠨ ᠠᠭᠠᠷᠤ ᠽᠠᠠᠳᠠᠨ ᠦᠨᠦᠷ ᠠᠩᠭᠢᠯᠤᠨ᠎ᠠ᠃

ᠡᠨᠡ ᠬᠤᠭᠤᠷᠤᠠᠳᠤ ᠢᠷᠡᠭ᠍ᠰᠡᠨ ᠵᠤᠴᠢᠨ ᠠᠮᠠᠷ ᠰᠠᠭᠤᠭᠰᠠᠨ ᠦᠭᠡᠶ᠂ ᠭᠡᠷ ᠳᠤᠳᠤᠷ᠎ᠠ ᠡᠷᠭᠢᠨ ᠳᠤᠭᠤᠷᠢᠨ ᠶᠡᠪᠦᠵᠤ᠂ ᠨᠢᠭᠡ ᠶᠢ ᠨᠢ ᠣᠷᠪᠠᠭᠤᠯᠤᠨ᠂ ᠨᠥᠭᠦᠭᠡ ᠶᠢ ᠨᠢ ᠰᠢᠯᠵᠢᠭᠦᠯᠵᠤ᠂ ᠰᠢᠨᠤᠬᠠᠢ ᠨᠢᠳᠤ ᠪᠠᠷ ᠡᠨᠡ ᠳᠠᠷᠠ ᠶᠢ ᠠᠵᠢᠭᠯᠠᠨ᠎ᠠ᠃ ᠬᠠᠨ᠎ᠠ ᠳᠤ ᠡᠯᠭᠦᠭᠡᠰᠦᠳᠡᠢ ᠰᠡᠭᠦᠳᠡᠷ ᠢ ᠨᠠᠷᠢᠪᠴᠢᠯᠠᠭᠠᠤᠨ᠂ ᠡᠨᠡ ᠭᠡᠷ ᠤᠨ ᠭᠦᠮᠤᠨ ᠠᠮᠠ ᠶᠢ ᠣᠢ᠌ᠯᠠᠭᠠᠵᠤ ᠠᠪᠣᠪᠠ᠃ ᠢᠩᠭᠢᠵᠤ ᠪᠠᠢ᠌ᠳᠠᠯ᠎ᠠ ᠳᠤᠯᠠᠢ᠌ᠮ᠎ᠠ ᠡᠵᠢ ᠨᠠᠩᠬᠤ ᠪᠠᠷᠢᠨ ᠣᠷᠤᠵᠤ ᠢᠷᠡᠭᠡᠳ ᠵᠤᠴᠢᠨ ᠳᠤ ᠰᠦ᠋ ᠲᠡᠶ ᠴᠠᠢ ᠠᠶᠠᠭᠠᠯᠠᠨ᠂ ᠴᠠᠢ ᠣᠤᠭᠤᠭᠠᠷᠠᠢ ᠭᠡᠵᠤ ᠶᠠᠩᠨᠠᠪᠠ᠃ ᠡᠨᠡ ᠥᠭᠡ ᠶᠢ ᠰᠤᠨᠤᠰᠤᠩᠭ᠋ᠤᠳᠠ ᠵᠤᠴᠢᠨ ᠳᠠᠪ ᠭᠡᠵᠤ ᠰᠤᠴᠢᠨ᠂ ᠡᠷᠭᠢᠵᠤ ᠬᠠᠠᠳᠤᠭᠠᠤᠨ ᠣᠭ ᠤᠨ ᠪᠠᠢ᠌ᠷᠢ ᠳᠠᠭᠠᠨ ᠢᠷᠠᠵᠤ ᠰᠠᠭᠤᠭᠠᠤᠨ ᠡᠮᠡᠭᠡᠨ ᠡᠵᠢ ᠳᠤ ᠮᠡᠭᠦᠰᠭᠢᠨ ᠢᠨᠢᠶᠡᠮᠰᠦᠭᠯᠡᠭᠡᠳ ᠄

᠊᠊᠊᠊᠊᠊᠊᠊᠊᠊᠊᠊᠊᠊᠊ ᠨᠠᠰᠤᠳᠠᠨ ᠡ᠂ ᠳᠠᠨ ᠤ ᠭᠦᠤ ᠴᠢᠨᠢ ᠬᠤᠳᠠ ᠳᠤ ᠠᠵᠢᠯᠯᠠᠵᠤ ᠪᠠᠢ᠌ᠭ᠎ᠠ ᠪᠢᠰᠢᠤ ︖ ᠭᠡᠵᠤ ᠠᠰᠠᠭᠤᠨ᠎ᠠ᠃

᠊᠊᠊᠊᠊᠊᠊᠊᠊᠊᠊᠊᠊᠊᠊ ᠳᠠᠢ᠌ᠮᠤ ᠡ᠂ ᠳᠠ ᠶᠠᠭᠠᠭᠢᠨ ᠮᠡᠳᠡᠭ᠍ᠰᠡᠨ ᠪᠣᠢ ︖ ᠪᠢᠳᠠ ᠬᠤᠶᠠᠭᠤᠯᠠ ᠬᠠᠭᠤᠴᠢᠨ ᠨᠠᠢ᠌ᠵᠠ ᠡ ᠭᠡᠪᠡ᠃ ᠡᠨᠡ ᠥᠭᠡ ᠶᠢ ᠰᠤᠨᠤᠰᠤᠭᠠᠤᠨ ᠨᠠᠰᠤᠳᠠᠨ ᠤ ᠰᠡᠳᠭᠢᠯ ᠳᠤ ᠡᠨᠡ ᠭᠦᠮᠤᠨ ᠨᠠᠩ ᠬᠠᠯᠠᠭᠤᠬᠠᠨ ᠰᠠᠨᠠᠭᠳᠠᠵᠤ ᠄

᠊᠊᠊᠊᠊᠊᠊᠊᠊᠊᠊᠊᠊᠊᠊ ᠣᠳᠤ ᠮᠢᠨᠤ ᠭᠦᠤ ᠳᠠᠠᠳᠠ ᠪᠠᠨ ᠶᠠᠮᠠᠷ ᠪᠠᠢ᠌ᠨ᠎ᠠ ︖ ᠭᠡᠵᠤ ᠠᠰᠠᠭᠤᠪᠠ᠃

᠊᠊᠊᠊᠊᠊᠊᠊᠊᠊᠊᠊᠊᠊᠊ ᠶᠡᠭᠡ ᠰᠠᠢ᠌ᠨ ᠪᠠᠢ᠌ᠨ᠎ᠠ᠃ ᠳᠠᠷᠠ ᠶᠠᠷᠤ ᠨᠢ ᠡᠵᠢ ᠪᠠᠨ ᠰᠠᠨᠠᠵᠤ ᠪᠠᠢ᠌ᠨ᠎ᠠ ᠭᠡᠵᠤ ᠨᠠᠳᠠ ᠳᠤ ᠭᠡᠯᠡᠳᠡᠭ᠌ ᠡ ᠭᠡᠪᠡ᠃ ᠡᠨᠡ ᠥᠭᠡ ᠶᠢ ᠰᠤᠨᠤᠰᠤᠭᠠᠤᠨ ᠳᠤᠯᠠᠢ᠌ᠮ᠎ᠠ ᠡᠵᠢ ᠣᠶᠠᠷᠠᠨ ᠬᠠᠠᠴᠤᠢ ᠪᠠᠷ ᠨᠢᠳᠤᠨ ᠨᠢᠯᠪᠣᠰᠤ ᠪᠠᠨ ᠠᠷᠴᠢᠨ ᠪᠠᠢ᠌ᠵᠤ ᠄

᠊᠊᠊᠊᠊᠊᠊᠊᠊᠊᠊᠊᠊᠊᠊ ᠭᠦᠭᠡᠷᠦᠭᠦᠢ᠂ ᠭᠦᠤ ᠮᠢᠨᠢ ᠡ᠂ ᠢᠷᠡᠭᠡ ᠦᠭᠡᠶ ᠰᠠᠷ᠎ᠠ ᠰᠢᠬᠠᠮ ᠪᠣᠯᠵᠤ ᠪᠠᠢ᠌ᠨ᠎ᠠ ᠭᠡᠪᠡ᠃ ᠳᠡᠭᠡᠭᠡᠳ ᠵᠤᠴᠢᠨ ᠳᠤ ᠴᠠᠢ ᠠᠶᠠᠭᠠᠯᠠᠵᠤ ᠦᠭ‍ᠭᠦᠭᠡᠳ ᠳᠠᠭᠢᠨ ᠠᠷᠤ ᠭᠡᠷ ᠲᠡᠭᠡᠨ ᠣᠷᠤᠭᠠᠤᠨ ᠳᠤᠮᠤ ᠳᠠᠪᠠᠭ ᠲᠤ ᠵᠢᠰᠤᠮ ᠬᠤᠷᠤᠳ᠂ ᠬᠠᠳᠠᠭᠠᠭᠰᠠᠨ ᠦᠷᠤᠮ᠎ᠠ ᠵᠡᠷᠭᠡ ᠶᠢ ᠦᠷᠤᠵᠤ ᠠᠪᠴᠢᠷᠠᠨ ᠵᠤᠴᠢᠨ ᠤ ᠡᠮᠤᠨ᠎ᠡ ᠳᠠᠯᠪᠢᠵᠤ᠂ ᠳᠤᠷ᠎ᠠ ᠪᠠᠷ ᠶᠢᠡᠨ ᠢᠳᠡᠭᠡᠷᠡᠢ ᠭᠡᠵᠤ ᠭᠡᠯᠡᠨ᠎ᠡ᠃ ᠡᠨᠡᠭᠦ ᠦᠯᠦ ᠳᠠᠨᠢᠬᠤ ᠭᠦᠮᠤᠨ ᠨᠢ ᠣᠳᠤ ᠬᠠᠭᠤᠴᠢᠨ ᠳᠠᠨᠢᠯ ᠪᠣᠯᠵᠤ᠂ ᠠᠮᠳᠠᠳᠤ ᠢᠳᠡᠭᠡᠨ ᠢ ᠠᠮᠠ ᠠᠮᠠ ᠪᠠᠷ ᠡᠮᠭᠦᠵᠤ ᠵᠠᠵᠢᠯᠠᠭᠠᠤᠨ᠂ ᠣᠷᠤᠭᠤᠯ ᠠᠮᠠ ᠪᠠᠨ ᠳᠤᠰᠤ ᠪᠠᠷ ᠪᠢᠯᠳᠠᠭᠠᠤᠨ᠂ ᠭᠡᠯᠡ ᠨᠢ ᠨᠠᠩ ᠭᠤᠯᠭᠤᠮ ᠪᠣᠯᠵᠠᠢ᠃ ᠳᠤᠯᠠᠢ᠌ᠮ᠎ᠠ ᠡᠵᠢ ᠶᠢ ᠳᠠᠷᠠ ᠣᠳᠤ ᠦᠪᠡᠷ ᠤᠨ ᠡᠵᠢ ᠪᠠᠨ ᠭᠡᠵᠤ ᠳᠠᠭᠤᠳᠠᠪᠠ᠃ ᠳᠤᠯᠠᠢ᠌ᠮ᠎ᠠ ᠡᠵᠢ ᠪᠠᠶᠠᠷᠯᠠᠭᠠᠤᠨ ᠳᠤᠬᠤ ᠨᠢ ᠡᠷᠭᠢᠭᠦ ᠰᠢᠬᠠᠯ᠎ᠠ᠃

᠁ ᠁

ᠬᠡᠦᠬᠡᠳ ᠨᠢ ᠪᠦᠷ ᠭᠡᠷ ᠡᠴᠠ ᠭᠠᠷᠴᠤ᠂ ᠡᠷᠦᠭᠡ ᠨᠡᠭᠡᠭᠡᠭ᠍ᠰᠡᠨ ᠪᠣᠯᠬᠤᠷ ᠳᠤᠯᠠᠢ᠌ᠮ᠎ᠠ ᠡᠵᠢ ᠨᠢ ᠭᠡᠷ ᠲᠡᠭᠡᠨ ᠦᠨᠦᠴᠢᠷᠠᠨ ᠬᠤᠴᠤᠷᠤᠭᠠᠤᠨ᠂ ᠭᠡᠯᠡᠯᠴᠡᠭᠦ ᠵᠤᠭᠤᠭ ᠳᠠᠭᠠᠷᠠᠬᠤ ᠭᠦᠮᠤᠨ ᠴᠤ ᠣᠯᠳᠠᠬᠤ ᠦᠭᠡᠶ ᠡᠯᠦᠢ ᠬᠤᠯᠤᠢ ᠪᠣᠯᠵᠠᠢ᠃ ᠢᠩᠭᠢᠵᠤ ᠪᠠᠢ᠌ᠳᠠᠯ᠎ᠠ ᠡᠢ᠌ᠮᠤ ᠨᠢᠭᠡᠨ ᠥᠭᠡ ᠬᠠᠮᠠᠷ ᠲᠠᠭᠠᠨ ᠮᠡᠷᠭᠡᠵᠢᠭ᠍ᠰᠡᠨ ᠵᠤᠴᠢᠨ ᠲᠡᠶ ᠵᠤᠭᠤᠭ ᠳᠠᠭᠠᠷᠠᠭᠰᠠᠨ ᠴᠢᠨᠢ ᠣᠯᠳᠠᠰᠢ ᠦᠭᠡᠶ ᠵᠠᠪᠰᠢᠶᠠᠨ ᠪᠣᠯᠵᠠᠢ᠃ ᠳᠡᠭᠡᠭᠡᠳ ᠡᠨᠡ ᠭᠦᠮᠤᠨ ᠪᠠᠰᠠ ᠭᠦᠤ ᠶᠢᠨ ᠭᠢᠨᠢ ᠰᠠᠢ᠌ᠨ ᠨᠠᠢ᠌ᠵᠠ ᠮᠦᠨ ᠭᠡᠰᠡᠨ ᠢ ᠢᠳᠡᠭᠡᠵᠤ᠂ ᠳᠡᠭᠦᠨ ᠳᠤ ᠨᠠᠩ ᠳᠤᠳᠤᠨᠤ ᠬᠠᠯᠠᠭᠤᠮᠰᠤᠭ ᠪᠣᠯᠵᠠᠢ᠃ ᠳᠡᠭᠡᠭᠡᠳ ᠬᠠᠠᠵᠤᠨ ᠳᠠᠭᠠᠨ ᠵᠠᠪᠢᠯᠠᠨ ᠰᠠᠭᠤᠵᠤ᠂ ᠵᠤᠴᠢᠨ ᠲᠡᠶ ᠰᠢᠷᠡᠭᠡ ᠬᠠᠪᠴᠢᠨ ᠡᠰᠡᠷᠭᠦᠯᠦᠭᠡᠳ᠂ ᠬᠠᠳᠠᠭᠠᠯᠠᠭᠠᠳ ᠣᠳᠠᠭᠰᠠᠨ ᠬᠠᠭᠤᠴᠢᠨ ᠵᠤᠭᠤᠭ ᠶᠢᠨ ᠪᠦᠭᠦᠨ ᠢ ᠠᠭᠤᠳᠠᠯᠠᠵᠤ ᠡᠭᠢᠯᠡᠪᠡ᠃ ᠭᠡᠳᠡᠯ᠎ᠡ ᠢᠷᠡᠭ᠍ᠰᠡᠨ ᠵᠤᠴᠢᠨ ᠳᠡᠭᠦᠨ ᠤ ᠥᠭᠡ ᠶᠢ ᠰᠤᠨᠤᠰᠬᠤ ᠠᠩᠬᠠᠷᠤᠯ ᠦᠭᠡᠶ᠂ ᠣᠤᠭᠤᠬᠤ ᠯᠠ ᠪᠠᠢ᠌ᠨ᠎ᠠ᠂ ᠢᠳᠠᠵᠤ ᠯᠠ ᠪᠠᠢ᠌ᠨ᠎ᠠ᠃ ᠳᠡᠭᠡᠭᠡᠳ ᠠᠮᠠ ᠠᠩᠭ᠋ᠠᠢ᠌ᠨ ᠥᠮᠦᠭᠡᠢ ᠪᠠᠷ ᠭᠡᠭᠡᠷᠡᠭᠡᠳ ᠄

᠊᠊᠊᠊᠊᠊᠊᠊᠊᠊᠊᠊᠊᠊᠊ ᠡᠵᠢ ᠡ᠂ ᠪᠢ ᠪᠠᠰᠠ ᠡᠵᠢ ᠪᠠᠨ ᠶᠡᠭᠡ ᠰᠠᠨᠠᠨ᠎ᠠ ᠰᠢᠤ ᠭᠡᠪᠡ᠃ ᠬᠠᠷᠢᠭᠤ ᠳ᠋ᠤᠨᠢ᠄

᠊᠊᠊᠊᠊᠊᠊᠊᠊᠊᠊᠊᠊᠊᠊ ᠡᠵᠢ ᠴᠢᠨᠢ ᠪᠠᠰᠠ ᠵᠥᠭᠡᠷ ᠪᠢᠰᠢᠤ ᠭᠡᠵᠤ ᠠᠰᠠᠭᠤᠨ᠎ᠠ᠃

᠊᠊᠊᠊᠊᠊᠊᠊᠊᠊᠊᠊᠊᠊᠊ ᠠᠶ᠎ᠠ ︕ ᠭᠡᠯᠡᠭᠦ ᠶᠢᠨ ᠠᠷᠭ᠎ᠠ ᠦᠭᠡᠶ᠂ ᠪᠢ ᠮᠦᠨ ᠡᠨᠡ ᠣᠴᠢᠷ ᠲᠤ ᠵᠤᠪᠠᠭᠠᠤᠨ ᠳᠡᠰᠭᠦ ᠦᠭᠡᠶ ᠪᠠᠢ᠌ᠨ᠎ᠠ᠃

᠊᠊᠊᠊᠊᠊᠊᠊᠊᠊᠊᠊᠊᠊᠊ ᠶᠠᠭᠠᠭᠢᠭᠰᠠᠨ ᠶᠤᠮ ᠡ ︕

᠊᠊᠊᠊᠊᠊᠊᠊᠊᠊᠊᠊᠊᠊᠊ ᠭᠡᠨᠡᠳᠲᠡ ᠰᠠᠪᠠᠵᠤ ᠣᠨᠠᠭᠠᠤᠨ᠂ ᠭᠦᠳᠡᠯᠵᠤ ᠳᠡᠢ᠌ᠯᠭᠦ ᠦᠭᠡᠶ ᠳᠠᠮᠪᠠᠷᠠᠴᠢᠬᠠᠪᠠ᠃

᠊᠊᠊᠊᠊᠊᠊᠊᠊᠊᠊᠊᠊᠊᠊ ᠭᠦᠭᠡᠷᠦᠭᠦᠢ ᠳ᠋ᠠ᠂ ᠣᠳᠤ ᠳᠡᠭᠦᠨ ᠢ ᠭᠡᠨ ᠰᠤᠪᠢᠯᠠᠵᠤ ᠪᠠᠢ᠌ᠨ᠎ᠠ ᠳ᠋ᠠ ︖

᠊᠊᠊᠊᠊᠊᠊᠊᠊᠊᠊᠊᠊᠊᠊ ᠡᠮᠨᠡᠯᠭᠡ ᠳᠤ ᠣᠷᠤᠭᠤᠯᠤᠭᠠᠤᠨ᠂ ᠠᠷᠪᠠᠨ ᠲᠦᠮᠡ ᠵᠠᠷᠤᠵᠠᠢ᠃

᠊᠊᠊᠊᠊᠊᠊᠊᠊᠊᠊᠊᠊᠊᠊ ᠣᠳᠤ ᠶᠠᠮᠠᠷ ᠪᠣᠯᠤᠭᠰᠠᠨ ︖

᠊᠊᠊᠊᠊᠊᠊᠊᠊᠊᠊᠊᠊᠊᠊ ᠵᠤᠭᠤᠰ ᠦᠭᠡᠶ ᠳᠤᠯᠠ ᠥᠭᠦᠭᠦ ᠪᠠᠨ ᠭᠦᠯᠢᠶᠡᠵᠤ ᠪᠣᠢ᠃

᠊᠊᠊᠊᠊᠊᠊᠊᠊᠊᠊᠊᠊᠊᠊ ᠳᠡᠭᠡᠭᠡᠳ ᠶᠠᠭᠠᠭᠢᠵᠤ ᠪᠣᠯᠬᠤ ᠪᠣᠢ ︖ ᠭᠡᠵᠤ ᠳᠤᠯᠠᠢ᠌ᠮ᠎ᠠ ᠶᠡᠭᠡᠯ᠎ᠡ ᠦᠷᠤᠪᠳᠤᠨ᠂ ᠭᠠᠷ ᠴᠠᠴᠠᠷᠭᠢᠯᠠᠨ ᠮᠠᠨᠢ ᠳᠤᠭᠠᠯᠠᠨ᠂ ᠠᠮᠠᠨ ᠳᠠᠭᠠᠨ ᠳᠠᠷᠨᠢ ᠣᠩᠰᠢᠨ᠎ᠠ᠃

᠊᠊᠊᠊᠊᠊᠊᠊᠊᠊᠊᠊᠊᠊᠊ ᠭᠦᠭᠡᠷᠦᠭᠦᠢ ᠶᠤᠮ ᠡ᠂ ᠪᠣᠷᠬᠠᠨ ᠤ ᠠᠪᠣᠷᠠᠯ ᠶᠢᠡᠷ ᠡᠪᠡᠳᠴᠢᠨ ᠨᠢ ᠢᠯᠡᠷᠡᠰᠢᠭᠦ ᠶᠤᠮ ᠡ᠃

ᠢᠷᠡᠭ᠍ᠰᠡᠨ ᠵᠤᠴᠢᠨ ᠳᠤᠷ᠎ᠠ ᠥᠭᠡᠢ᠌ᠴᠡᠵᠤ ᠄

᠊᠊᠊᠊᠊᠊᠊᠊᠊᠊᠊᠊᠊᠊᠊ ᠪᠣᠷᠬᠠᠨ ᠳᠤ ᠳᠠᠭᠠᠳᠬᠠᠭᠠᠤᠨ ᠳᠤᠰᠠ ᠪᠣᠯᠬᠤ ᠦᠭᠡᠶ᠂ ᠪᠣᠷᠬᠠᠨ ᠳᠤ ᠪᠠᠰᠠ ᠵᠤᠭᠤᠰ ᠪᠠᠢ᠌ᠬᠤ ᠦᠭᠡᠶ ᠭᠡᠨ᠎ᠡ᠃

᠊᠊᠊᠊᠊᠊᠊᠊᠊᠊᠊᠊᠊᠊᠊ ᠶᠠᠭᠠᠭᠢᠭᠰᠠᠨ ᠴᠤ ᠨᠢᠭᠡ ᠠᠷᠭ᠎ᠠ ᠭᠠᠷᠭᠠᠵᠤ ᠠᠮᠢ ᠶᠢ ᠨᠢ ᠠᠪᠣᠷᠠᠬᠤ ᠭᠡᠷᠡᠭ᠍ᠳᠡᠢ ᠭᠡᠰᠡᠨ ᠳᠤ ᠄

᠊᠊᠊᠊᠊᠊᠊᠊᠊᠊᠊᠊᠊᠊᠊ ᠶᠠᠮᠠᠷ ᠠᠷᠭ᠎ᠠ ᠪᠠᠢ᠌ᠬᠤ ᠪᠣᠢ ︖ ᠳᠦᠷᠤᠯ ᠰᠠᠳᠤᠨ ᠡᠴᠠ ᠵᠤᠭᠤᠰ ᠵᠢᠭᠡᠯᠡᠭᠡᠳ ᠮᠤᠬᠤᠵᠠᠢ᠃ ᠣᠳᠤ ᠭᠡᠨ ᠡᠴᠠ ᠵᠢᠭᠡᠯᠡᠨ᠎ᠡ ᠳ᠋ᠠ ᠭᠡᠵᠤ ᠵᠤᠴᠢᠨ ᠭᠡᠯᠡᠭᠡᠳ ᠶᠡᠭᠡᠯ᠎ᠡ ᠭᠠᠰᠢᠭᠤᠳᠠᠨ ᠳᠠᠭᠤ ᠳᠠᠯᠪᠢᠨ ᠣᠭᠢᠯᠠᠪᠠ᠃ ᠳᠤᠯᠠᠢ᠌ᠮ᠎ᠠ ᠭᠦᠭ᠍ᠰᠢᠨ ᠦᠵᠡᠵᠤ ᠳᠡᠰᠭᠦ ᠦᠭᠡᠶ ᠪᠣᠯᠵᠤ ᠄

᠊᠊᠊᠊᠊᠊᠊᠊᠊᠊᠊᠊᠊᠊᠊ ᠴᠢ ᠴᠢᠨᠢ ᠡᠯᠪᠠᠷᠢᠯ ᠲᠡᠶ ᠭᠦᠤ ᠶᠤᠮ ᠪᠠᠢ᠌ᠨ᠎ᠠ᠂ ᠪᠣᠤ ᠰᠠᠠᠳᠤᠷᠠ ᠭᠡᠵᠤ ᠭᠡᠯᠡᠭᠡᠳ ᠳᠤᠯᠠᠢ᠌ᠮ᠎ᠠ ᠪᠠᠶ᠎ᠠ ᠣᠷᠪᠠᠵᠤ ᠭᠦᠳᠡᠯᠤᠨ ᠠᠷᠤ ᠳ᠋ᠠᠭᠢ ᠠᠪᠳᠠᠷ᠎ᠠ ᠪᠠᠨ ᠨᠡᠭᠡᠭᠡᠵᠤ᠂ ᠭᠠᠷ ᠰᠤᠩᠭ᠋ᠠᠨ ᠤᠷᠤᠭᠤᠯᠵᠤ᠂ ᠨᠢᠭᠡ ᠪᠣᠭᠤᠳᠠᠯ ᠠᠪᠴᠤ ᠭᠠᠷᠭᠠᠪᠠ᠃ ᠳᠡᠭᠡᠭᠡᠳ ᠭᠡᠳᠤᠨ ᠳᠠᠪᠬᠤᠷ ᠪᠦᠰ ᠪᠠᠭᠯᠠᠭ᠎ᠠ ᠶᠢ ᠨᠢ ᠭᠠᠷ ᠴᠡᠴᠡᠷᠡᠭᠦᠯᠤᠨ ᠠᠯᠳᠠᠷᠠᠭᠠᠭᠰᠠᠭᠠᠷ ᠪᠠᠢ᠌ᠵᠤ᠂ ᠨᠢᠭᠡ ᠴᠠᠭᠠᠰᠤᠨ ᠪᠠᠭᠯᠠᠭ᠎ᠠ ᠭᠠᠷᠭᠠᠵᠤ᠂ ᠳᠤᠳᠤᠷ᠎ᠠ ᠡᠴᠠ ᠨᠢ ᠨᠢᠭᠡ ᠠᠳᠬᠤ ᠵᠤᠭᠤᠰ ᠭᠠᠷᠭᠠᠵᠤ᠂ ᠡᠨᠡ ᠦᠯᠦ ᠳᠠᠨᠢᠬᠤ ᠵᠤᠴᠢᠨ ᠳᠠᠰᠢ ᠰᠢᠭᠤᠳ ᠭᠠᠷ ᠰᠤᠩᠭ᠋ᠠᠨ ᠥᠭ᠍ᠴᠤ ᠄

᠊᠊᠊᠊᠊᠊᠊᠊᠊᠊᠊᠊᠊᠊᠊ ᠮᠠ ︕ ᠡᠨᠡ ᠡᠵᠢ ᠴᠢᠨᠢ ᠪᠢ ᠢᠳᠠᠵᠤ ᠡᠮᠦᠰᠭᠦ ᠪᠠᠨ ᠠᠷᠪᠢᠯᠠᠵᠤ ᠪᠠᠢ᠌ᠭᠠᠤᠨ ᠬᠠᠳᠠᠭᠠᠯᠠᠭᠰᠠᠨ ᠬᠤᠶᠠᠷ ᠮᠢᠩᠭ᠋ᠠᠨ ᠳᠦᠭᠦᠷᠢᠭ᠌᠃ ᠭᠦᠮᠤᠨ ᠤ ᠵᠢᠷᠦᠭᠡ ᠴᠢᠨᠢ ᠪᠦᠷ ᠮᠢᠬ᠎ᠠ ᠪᠠᠷ ᠪᠦᠳᠦᠭ᠍ᠰᠡᠨ ᠶᠤᠮ᠂ ᠡᠪᠡᠳᠴᠢᠨ ᠵᠤᠪᠠᠯᠠᠩ ᠭᠡᠨ ᠳᠤ ᠳᠤᠰᠤᠭᠰᠠᠨ ᠴᠤ ᠥᠭᠡᠷ᠎ᠡ ᠦᠦ ᠳ᠋ᠡ᠂ ᠡᠨᠡ ᠵᠤᠭᠤᠰ ᠶᠢᠡᠷ ᠡᠵᠢ ᠶᠢᠨ ᠶᠢᠡᠨ ᠡᠪᠡᠳᠴᠢᠨ ᠢ ᠡᠮᠨᠡᠭᠦᠯ ︕ ᠡᠨᠡ ᠵᠤᠴᠢᠨ ᠭᠤᠸᠠᠢ ᠵᠢᠭᠠᠬᠠᠨ ᠮᠡᠯᠡᠷᠡᠭᠡᠳ ᠳᠦᠳᠡᠭᠡᠯᠵᠡᠭᠡᠳ ᠭᠠᠷ ᠰᠤᠩᠭ᠋ᠠᠵᠤ᠂ ᠵᠤᠭᠤᠰ ᠢ ᠨᠢ ᠳᠤᠰᠴᠤ ᠠᠪᠣᠭᠠᠤᠨ ᠭᠠᠷᠴᠤ ᠶᠠᠪᠣᠯ᠎ᠠ᠃ ᠳᠤᠯᠠᠢ᠌ᠮ᠎ᠠ ᠳᠡᠭᠦᠨ ᠤ ᠭᠠᠷ ᠡᠴᠠ ᠳᠠᠳᠠᠵᠤ ᠵᠤᠭᠰᠤᠭᠠᠭᠠᠤᠨ ᠨᠢᠭᠡ ᠣᠷᠳᠤ ᠴᠠᠭᠠᠨ ᠮᠢᠠᠳᠠᠰᠤᠨ ᠬᠠᠳᠠᠭ ᠢ ᠭᠠᠷᠳᠠᠭᠤᠯᠵᠤ ᠄

᠊᠊᠊᠊᠊᠊᠊᠊᠊᠊᠊᠊᠊᠊᠊ ᠮᠠ ︕ ᠡᠨᠡ ᠦᠯᠵᠡᠢ ᠪᠠᠯᠭᠡᠳᠤ ᠶᠠᠭᠤᠮ᠎ᠠ ᠶᠢ ᠡᠵᠢ ᠶᠢᠨ ᠶᠢᠡᠨ ᠭᠦᠵᠦᠭᠦᠨ ᠳᠤ ᠵᠡᠭᠦᠯᠭᠡ᠂ ᠠᠤᠨ ᠴᠢᠳᠭᠦᠷ ᠢ ᠵᠠᠢ᠌ᠯᠠᠭᠤᠯᠵᠤ ᠠᠮᠤᠭᠤᠯᠠᠩ ᠪᠣᠯᠬᠤ ᠶᠢ ᠢᠷᠦᠭᠡᠶ᠎ᠡ ᠭᠡᠨ᠎ᠡ᠃

᠁ ᠁

ᠬᠤᠶᠠᠷ ᠮᠢᠩᠭ᠋ᠠᠨ ᠳᠦᠭᠦᠷᠢᠭ᠌ ᠵᠤᠭᠤᠰ᠂ ᠳᠤᠯᠠᠢ᠌ᠮ᠎ᠠ ᠡᠵᠢ ᠳᠤ ᠮᠠᠰᠢ ᠶᠡᠭᠡ ᠭᠦᠷᠦᠩᠭᠡ ᠪᠣᠯᠬᠤ ᠶᠤᠮ᠂ ᠳᠠᠢ᠌ᠮᠤ ᠭᠢᠯᠪᠠᠷ ᠭᠠᠮᠨᠠᠵᠤ ᠬᠠᠳᠠᠭᠠᠯᠠᠭᠰᠠᠨ ᠪᠢᠰᠢ᠃ ᠵᠢᠭᠠᠬᠠᠨ ᠣᠮᠪᠣᠯᠤ ᠳᠠᠭᠠᠨ ᠭᠡᠰᠡᠭ᠌ ᠰᠢᠭᠢᠷ ᠬᠤᠳᠠᠯᠳᠤᠨ ᠠᠪᠴᠤ ᠦᠭ‍ᠭᠦ ᠪᠠᠨ ᠬᠠᠢ᠌ᠷᠠᠯᠠᠭᠠᠤᠨ᠂ ᠬᠠᠳᠠᠭᠠᠭᠰᠠᠨ ᠬᠤᠷᠤᠳ ᠶᠢᠡᠨ ᠪᠠᠷᠢᠭᠤᠯᠵᠤ᠂ ᠰᠡᠳᠭᠢᠯ ᠢ ᠨᠢ ᠬᠠᠭᠤᠷᠤᠭᠰᠠᠨ ᠪᠢᠯᠠ᠃ ᠵᠤᠭᠤᠰ ᠵᠠᠷᠤᠬᠤ ᠡᠴᠠ ᠠᠶᠤᠳᠠᠭ ᠵᠠᠩᠰᠢᠯ ᠲᠡᠶ ᠪᠣᠯᠤᠭᠠᠤᠨ ᠳᠤᠯᠠᠢ᠌ᠮ᠎ᠠ ᠡᠵᠢ ᠬᠤᠳᠠᠯᠳᠤᠭ᠎ᠠ ᠮᠠᠢ᠌ᠮᠠᠢ ᠡᠴᠠ ᠬᠤᠯᠠ ᠳᠤᠭᠤᠷᠢᠵᠤ ᠶᠠᠪᠣᠵᠤ᠂ ᠶᠠᠮᠠᠷ ᠨᠢᠭᠡᠨ ᠨᠤᠭᠤᠭ᠎ᠠ ᠶᠢ ᠭᠢᠮᠳᠠ ᠪᠠᠷ ᠬᠤᠳᠠᠯᠳᠤᠵᠤ ᠪᠠᠢ᠌ᠬᠤ ᠶᠢ ᠶᠡᠭᠡᠯ᠎ᠡ ᠠᠩᠬᠠᠷᠬᠤ ᠪᠣᠯᠵᠠᠢ᠃ ᠵᠢᠭᠠᠬᠠᠨ ᠠᠷᠭ᠎ᠠ ᠲᠡᠶ ᠪᠣᠯᠪᠠᠯ ᠵᠤᠭᠤᠰ ᠵᠠᠷᠤᠬᠤ ᠦᠭᠡᠶ᠂ ᠦᠪᠡᠷ ᠤᠨ ᠭᠠᠷ ᠶᠢᠡᠷ ᠭᠢᠵᠤ ᠪᠦᠳᠦᠭᠡᠭᠦ ᠶᠢ ᠪᠣᠳᠤᠨ᠎ᠠ᠃ ᠡᠷᠳᠡ ᠪᠣᠰᠴᠤ ᠣᠷᠤᠢ ᠣᠠᠳᠠᠵᠤ ᠪᠣᠵᠢᠭᠢᠨᠠᠵᠤ ᠪᠠᠢ᠌ᠭᠠᠤᠨ ᠳᠠᠷᠢᠵᠤ ᠣᠷᠭᠤᠭᠤᠯᠤᠭᠰᠠᠨ ᠴᠠᠭᠠᠨ ᠨᠤᠭᠤᠭ᠎ᠠ ᠪᠠ ᠨᠤᠶᠠᠨ ᠰᠢᠰᠢ ᠪᠠᠷ ᠦᠳᠡ ᠶᠢᠨ ᠬᠤᠭᠤᠯᠠ ᠪᠠᠵᠠᠭᠠᠵᠤ᠂ ᠰᠦ᠋ ᠲᠡᠶ ᠴᠠᠢ ᠲᠡᠶ ᠪᠠᠨ ᠦᠷᠯᠦᠭᠡ ᠶᠢᠨ ᠬᠤᠭᠤᠯᠠ ᠪᠣᠯᠭᠠᠨ᠎ᠠ᠃ ᠣᠷᠤᠢ ᠶᠢᠨ ᠬᠤᠭᠤᠯᠠ ᠶᠢ ᠰᠢᠩᠭᠡᠨ ᠪᠣᠳᠠᠭ᠎ᠠ ᠪᠠᠷ ᠠᠷᠭᠠᠴᠠᠵᠤ ᠪᠠᠢ᠌ᠳᠠᠭ ᠪᠣᠯᠬᠤᠷ᠂ ᠢᠳᠠᠵᠤ ᠣᠤᠭᠤᠬᠤ ᠶᠠᠭᠤᠮ᠎ᠠ ᠬᠤᠳᠠᠯᠳᠤᠨ ᠠᠪᠳᠠᠭ ᠦᠭᠡᠶ ᠪᠠᠢ᠌ᠵᠤ᠂ ᠡᠳᠦᠢ ᠴᠢᠨᠡᠭᠡᠨ ᠵᠤᠭᠤᠰ ᠠᠷᠪᠢᠯᠠᠭᠠᠤᠨ ᠠᠪᠳᠠᠷ᠎ᠠ ᠶᠢᠨ ᠳᠤᠳᠤᠷ᠎ᠠ ᠭᠦᠨ᠎ᠡ ᠳᠠᠷᠤᠵᠤ ᠳᠠᠯᠪᠢᠵᠠᠢ᠃ ᠪᠠᠰᠠ ᠪᠠᠢ᠌ᠨ ᠪᠠᠢ᠌ᠨ ᠭᠠᠷ ᠰᠤᠩᠭ᠋ᠠᠨ ᠣᠷᠤᠭᠤᠯᠵᠤ ᠳᠡᠮᠳᠡᠷᠢᠭᠡᠳ ᠮᠠᠩᠨᠠᠢ ᠳᠠᠨᠢᠨ ᠪᠠᠶᠠᠷᠯᠠᠳᠠᠭ ᠪᠠᠢ᠌ᠭᠰᠠᠨ᠃

ᠠᠷᠪᠠᠭᠠᠤᠨ ᠣᠨ ᠤ ᠡᠮᠦᠨ᠎ᠡ ᠣᠶᠤᠵᠤ ᠡᠮᠦᠰᠦᠭ᠍ᠰᠡᠨ ᠭᠦᠭᠡ ᠳᠤᠷᠭᠠᠨ ᠳᠡᠷᠯᠢᠭ᠌ ᠶᠢᠡᠨ ᠳᠠᠭᠢᠨ ᠳᠠᠭᠢᠨ ᠣᠭᠢᠶᠠᠨ ᠡᠮᠦᠰᠦᠭ᠍ᠰᠡᠭᠡᠷ ᠪᠠᠢ᠌ᠵᠤ᠂ ᠥᠩᠭᠡ ᠨᠢ ᠣᠨᠠᠭᠠᠤᠨ ᠭᠦᠭᠡ ᠰᠠᠷᠠᠯ ᠪᠣᠯᠤᠭᠰᠠᠨ ᠪᠠᠢ᠌ᠯ᠎ᠡ᠃ ᠭᠡᠦᠭᠡᠨ ᠨᠢ ᠳᠡᠭᠦᠨ ᠳᠤ ᠰᠢᠨ᠎ᠠ ᠬᠤᠪᠴᠠᠰᠤ ᠬᠤᠳᠠᠯᠳᠤᠨ ᠠᠪᠴᠤ ᠦᠭ‍ᠭᠦᠭ᠍ᠰᠡᠨ ᠢ ᠡᠮᠦᠰᠭᠦ ᠪᠠᠨ ᠬᠠᠢ᠌ᠷᠠᠯᠠᠵᠤ᠂ ᠠᠪᠳᠠᠷ᠎ᠠ ᠳᠤᠳᠤᠷ᠎ᠠ ᠳᠠᠷᠤᠵᠤ ᠳᠠᠯᠪᠢᠭᠠᠤᠨ ᠣᠳᠠᠪᠠ᠃ ᠳᠡᠭᠡᠭᠡᠳ ᠭᠡᠯᠡᠭᠦ ᠨᠢ᠄ ᠶᠠᠭᠤ ᠭᠢᠭᠦ ᠶᠤᠮ ᠡ᠂ ᠪᠢ ᠨᠢᠭᠡ ᠨᠠᠰᠤᠳᠠᠢ ᠭᠦᠮᠤᠨ᠂ ᠨᠢᠭᠡ ᠵᠠᠬ᠎ᠠ ᠬᠤᠪᠴᠠᠰᠤ ᠪᠠᠢ᠌ᠪᠠᠯ ᠪᠣᠯᠴᠢᠬᠠᠨ᠎ᠠ᠃

ᠭᠡᠦᠭᠡᠨ ᠨᠢ ᠳᠡᠭᠦᠨ ᠳᠤ᠄ ᠢᠳᠡᠭᠦ ᠦᠭᠡᠶ᠂ ᠡᠮᠦᠰᠭᠦ ᠦᠭᠡᠶ᠂ ᠵᠤᠭᠤᠰ ᠬᠠᠳᠠᠭᠠᠯᠠᠭᠠᠤᠨ ᠶᠠᠭᠠᠭᠢᠬᠤ ᠭᠡᠰᠡᠨ ᠶᠤᠮ ᠡ ︖ ᠭᠡᠵᠤ ᠠᠰᠠᠭᠤᠭᠰᠠᠨ ᠳᠤ᠄ ᠣᠮᠪᠣᠯᠤ ᠪᠠᠨ ᠶᠡᠭᠡ ᠰᠤᠷᠭᠠᠭᠤᠯᠢ ᠳᠤ ᠣᠷᠤᠬᠤ ᠳᠤ ᠦᠭ‍ᠭᠦᠶ᠎ᠡ ᠭᠡᠪᠡ᠃

ᠣᠳᠤ ᠪᠠᠷᠠᠯ᠎ᠠ ᠰᠢᠤ᠂ ᠳᠤᠯᠠᠢ᠌ᠮ᠎ᠠ ᠡᠵᠢ ᠪᠣᠰᠤᠳ ᠤᠨ ᠵᠤᠪᠠᠬᠤ ᠶᠢ ᠦᠵᠡᠵᠤ ᠴᠢᠳᠠᠬᠤ ᠦᠭᠡᠶ᠂ ᠦᠷᠤᠪᠳᠤᠵᠤ ᠰᠡᠳᠭᠢᠯ ᠭᠦᠳᠡᠯᠦᠭᠡᠳ ᠣᠮᠪᠣᠯᠤ ᠪᠠᠨ ᠴᠤ ᠮᠠᠷᠳᠠᠵᠤ ᠣᠷᠭᠢᠭᠠᠤᠨ ᠬᠠᠳᠠᠭᠠᠯᠠᠭᠰᠠᠨ ᠵᠤᠭᠤᠰ ᠶᠢᠡᠨ ᠪᠦᠭᠦᠨ ᠢ ᠵᠢᠰᠤ ᠪᠣᠷᠤᠭᠤ ᠭᠦᠮᠤᠨ ᠳᠤ ᠥᠭ᠍ᠴᠢᠭᠡᠯ᠎ᠡ ᠰᠢᠤ᠃ ᠣᠳᠤ ᠶᠠᠭᠠᠭᠢᠨ᠎ᠠ᠃ ᠣᠳᠤ ᠳᠠᠷᠠ ᠰᠤᠯᠠ ᠵᠠᠷᠤᠬᠤ ᠵᠤᠭᠤᠰ ᠦᠭᠡᠶ ᠪᠣᠯᠤᠭᠠᠤᠨ᠂ ᠪᠣᠷᠬᠠᠨ ᠳᠠᠭᠠᠨ ᠠᠰᠠᠭᠠᠬᠤ ᠭᠦᠵᠢ ᠶᠢ ᠴᠤ ᠬᠤᠳᠠᠯᠳᠤᠨ ᠠᠪᠴᠤ ᠳᠡᠢ᠌ᠯᠭᠦ ᠦᠭᠡᠶ ᠪᠣᠯᠵᠠᠢ᠃ ᠳᠡᠭᠡᠭᠡᠳ ᠭᠡᠦᠭᠡᠨ ᠡᠴᠠ ᠪᠠᠨ ᠵᠤᠭᠤᠰ ᠵᠢᠭᠡᠯᠡᠶ᠎ᠡ ᠭᠡᠰᠡᠨ ᠴᠤ ᠪᠠᠶ᠎ᠠ ᠪᠠᠨ ᠡᠷᠢᠶᠡᠯᠡᠭᠡᠳ ᠭᠡᠯᠡᠭ᠍ᠰᠡᠨ ᠦᠭᠡᠶ᠂ ᠣᠠᠳᠤᠤ ᠠᠷᠭ᠎ᠠ ᠰᠥᠪᠠᠭ᠍ᠴᠢᠯᠡᠪᠡ᠃

ᠦᠪᠡᠷ ᠤᠨ ᠰᠢᠷᠭᠠᠭᠠᠭᠰᠠᠨ ᠰᠢᠷ᠎ᠠ ᠳᠤᠰᠤ ᠪᠠᠷ ᠵᠤᠯᠠ ᠭᠢᠵᠤ ᠪᠣᠷᠬᠠᠨ ᠰᠢᠷᠡᠭᠡᠨ ᠳᠤ ᠵᠢᠭᠰᠠᠭᠠᠨ ᠰᠢᠳᠠᠭᠠᠪᠠ᠃ ᠪᠠᠰᠠ ᠨᠢᠭᠡ ᠪᠠᠭᠪᠣᠷ ᠠᠶᠠᠭ᠎ᠠ ᠰᠦ᠋ ᠲᠡᠶ ᠴᠠᠢ ᠶᠢ ᠭᠦᠵᠢ ᠶᠢᠨ ᠣᠷᠤ ᠪᠣᠯᠭᠠᠵᠤ ᠪᠣᠷᠬᠠᠨ ᠭᠦᠷᠦᠭ᠌ ᠤᠨ ᠡᠮᠦᠨ᠎ᠡ ᠭᠢᠴᠢᠶᠡᠩᠭᠦᠢᠯᠡᠨ ᠳᠠᠯᠪᠢᠭᠠᠳ᠂ ᠰᠥᠭᠦᠳᠴᠤ ᠮᠦᠷᠭᠦᠨ ᠳᠠᠭᠠᠳᠬᠠᠭᠰᠠᠨ ᠨᠢ᠄ 《ᠳᠠᠨᠢᠬᠤ ᠦᠭᠡᠶ ᠳᠠᠷᠠ ᠭᠦᠮᠤᠨ ᠤ ᠳᠠᠮᠫᠣᠤ ᠡᠪᠡᠳᠴᠢᠨ ᠲᠡᠶ ᠡᠵᠢ ᠶᠢ ᠦᠷᠤᠰᠢᠶᠠᠨ ᠠᠪᠣᠷᠠᠬᠤ ᠪᠣᠯᠪᠠᠤ ᠪᠣᠷᠬᠠᠨ ︕ 》ᠭᠡᠵᠤ ᠠᠮᠠᠨ ᠳᠠᠭᠠᠨ ᠰᠡᠮᠡᠭᠡᠷ ᠭᠡᠯᠡᠵᠤ᠄ 《ᠣᠮ ᠮᠠ ᠨᠢ ᠪᠠᠤᠨ ᠮᠠᠢ ᠬᠤᠩ》 ᠭᠡᠵᠤ ᠵᠠᠯᠪᠠᠷᠢᠨ᠎ᠠ᠃

᠁ ᠁

ᠳᠠᠷᠠ ᠨᠢᠭᠡᠨ ᠵᠢᠰᠤ ᠪᠣᠷᠤᠭᠤ ᠭᠦᠮᠤᠨ ᠡᠵᠢ ᠶᠢᠨ ᠭᠡᠷ ᠡᠴᠠ ᠭᠠᠷᠴᠤ ᠭᠦᠶ‍ᠦᠭᠦ ᠶᠢ ᠳᠤᠯᠠᠢ᠌ᠮ᠎ᠠ ᠶᠢᠨ ᠭᠡᠦᠭᠡᠨ ᠣᠯᠵᠤ ᠥᠵᠡᠭᠡᠳ ᠰᠡᠵᠢᠭᠯᠡᠵᠤ ᠳᠡᠭᠦᠨ ᠢ ᠬᠤᠯᠠ ᠶᠠᠪᠣᠭᠰᠠᠨ ᠬᠣᠢ᠌ᠨ᠎ᠠ ᠡᠵᠢ ᠶᠢᠨ ᠳᠡᠭᠡᠨ ᠢᠷᠠᠵᠤ ᠣᠴᠢᠷ ᠢ ᠨᠢ ᠠᠰᠠᠭᠤᠵᠠᠢ᠃ ᠡᠵᠢ ᠨᠢ ᠶᠡᠭᠡᠯ᠎ᠡ ᠰᠡᠭᠦᠷᠡᠰᠤ ᠠᠯᠳᠠᠵᠤ ᠄

᠊᠊᠊᠊᠊᠊᠊᠊᠊᠊᠊᠊᠊᠊᠊ ᠠᠶ᠎ᠠ ︕ ᠬᠤᠪᠣᠷ ᠨᠢᠭᠡᠨ ᠡᠯᠪᠠᠷᠢᠯ ᠲᠡᠶ ᠭᠦᠤ ᠪᠠᠢ᠌ᠨ᠎ᠠ ᠭᠡᠪᠡ᠃

᠊᠊᠊᠊᠊᠊᠊᠊᠊᠊᠊᠊᠊᠊᠊ ᠳᠠ ᠳᠡᠭᠦᠨ ᠢ ᠳᠠᠨᠢᠬᠤ ᠦᠦ ︖

᠊᠊᠊᠊᠊᠊᠊᠊᠊᠊᠊᠊᠊᠊᠊ ᠳᠠᠨᠢᠬᠤ ᠦᠭᠡᠶ᠂ ᠳᠠᠷᠠ ᠶᠠᠭᠠᠭᠢᠭᠰᠠᠨ ᠴᠤ ᠮᠠᠭᠤ ᠭᠦᠮᠤᠨ ᠪᠢᠰᠢ᠃

᠊᠊᠊᠊᠊᠊᠊᠊᠊᠊᠊᠊᠊᠊᠊ ᠮᠠᠭᠤ ᠭᠦᠮᠤᠨ ᠤ ᠳᠤᠯᠤᠭᠠᠢ ᠳ᠋ᠤᠨᠢ ᠡᠪᠠᠷ ᠣᠷᠭᠤᠭᠰᠠᠨ ᠦᠦ ︖ ᠭᠡᠵᠤ ᠭᠡᠦᠭᠡᠨ ᠨᠢ ᠭᠡᠯᠡᠪᠡ᠃

᠊᠊᠊᠊᠊᠊᠊᠊᠊᠊᠊᠊᠊᠊᠊ ᠡᠵᠢ ᠶᠢᠨ ᠶᠢᠡᠨ ᠲᠦᠯᠦᠭᠡ ᠳᠡᠭᠡᠵᠤ ᠰᠡᠳᠭᠢᠯ ᠵᠤᠪᠠᠨ᠂ ᠡ᠊ᠨᠳᠡ ᠳᠠᠠᠳᠠ ᠭᠦᠶ‍ᠦᠵᠤ ᠪᠠᠢ᠌ᠬᠤ ᠪᠠᠷ ᠨᠢ ᠦᠵᠡᠨ ᠭᠠᠷᠴᠠᠢ ᠭᠡᠪᠡ᠃

᠊᠊᠊᠊᠊᠊᠊᠊᠊᠊᠊᠊᠊᠊᠊ ᠴᠢᠮ᠎ᠠ ᠳᠤ ᠬᠤᠳᠠᠯ ᠭᠡᠯᠡᠭ᠍ᠰᠡᠨ ᠪᠣᠯᠪᠠᠯ ᠶᠠᠭᠠᠭᠢᠨ᠎ᠠ ︖

᠊᠊᠊᠊᠊᠊᠊᠊᠊᠊᠊᠊᠊᠊᠊ ᠴᠢ ᠪᠣᠤ ᠳᠡᠭᠡᠵᠤ ᠭᠦᠮᠤᠨ ᠢ ᠮᠠᠭᠤ ᠪᠠᠷ ᠦᠵᠡ᠂ ᠬᠤᠷᠸ᠎ᠠ ᠳᠤ ᠬᠠᠰᠢᠯᠠ ᠰᠠᠢ᠌ᠨ ᠭᠦᠮᠤᠨ ᠣᠯᠠᠨ᠃

᠊᠊᠊᠊᠊᠊᠊᠊᠊᠊᠊᠊᠊᠊᠊ ᠮᠠᠭᠤ ᠭᠦᠮᠤᠨ ᠪᠠᠰᠠ ᠮᠤᠩ ᠦᠭᠡᠶ᠃

᠊᠊᠊᠊᠊᠊᠊᠊᠊᠊᠊᠊᠊᠊᠊ ᠮᠠᠭᠤ ᠭᠦᠮᠤᠨ ᠢ ᠪᠣᠷᠬᠠᠨ ᠳᠡᠭ᠍ᠷᠢ ᠳᠤᠯᠢᠳᠠᠵᠤ ᠪᠣᠢ ᠭᠡᠵᠤ ᠭᠡᠯᠡᠭᠡᠳ ᠳᠤᠯᠠᠢ᠌ᠮ᠎ᠠ ᠮᠠᠨᠢ ᠪᠠᠨ ᠳᠤᠭᠠᠯᠠᠨ ᠵᠠᠯᠪᠠᠷᠢᠵᠤ ᠄ 《ᠨᠠᠮᠤ ᠪᠣᠳᠠᠶ᠎ᠠ᠂ ᠨᠠᠮᠤ ᠳ᠋ᠠᠷᠮᠠᠶ᠎ᠠ᠂ ᠨᠠᠮᠤ ᠰᠠᠩᠭ᠋ᠠᠶ᠎ᠠ》 ᠭᠡᠵᠤ ᠯᠠᠮᠠ ᠭᠤᠷᠪᠠᠨ ᠡᠷᠳᠡᠨᠢ ᠳᠡᠭᠡᠨ ᠨᠠᠮᠠᠴᠢᠯᠠᠪᠠ᠃ ᠭᠡᠦᠭᠡᠨ ᠨᠢ ᠳᠡᠭᠦᠨ ᠢ ᠭᠠᠷᠳᠠᠭᠠᠵᠤ ᠳᠡᠢ᠌ᠯᠭᠦ ᠦᠭᠡᠶ ᠪᠣᠯᠤᠭᠠᠤᠨ ᠭᠠᠷᠴᠤ ᠤᠳᠬᠤ ᠳᠤ ᠬᠣᠢ᠌ᠨ᠎ᠠ ᠡᠴᠠ ᠨᠢ ᠄

᠊᠊᠊᠊᠊᠊᠊᠊᠊᠊᠊᠊᠊᠊᠊ ᠮᠠᠭᠤ ᠭᠦᠮᠤᠨ ᠮᠤᠳᠤᠨ ᠣᠯᠠ ᠲᠡᠶ᠂ ᠵᠠᠮ ᠨᠢ ᠮᠤᠬᠤᠷ᠃ ᠰᠠᠢ᠌ᠬᠠᠨ ᠰᠡᠳᠭᠢᠯ ᠳᠠᠯ᠎ᠠ ᠶᠢ ᠳᠤᠭᠤᠷᠢᠨ᠎ᠠ᠂ ᠮᠠᠭᠤ ᠰᠠᠨᠠᠭ᠎ᠠ ᠪᠠᠶ᠎ᠠ ᠪᠠᠨ ᠣᠷᠢᠶᠠᠨ᠎ᠠ᠂ ᠳᠤᠭᠳᠠᠭᠠᠵᠤ ᠠᠪ ᠭᠡᠵᠤ ᠭᠡᠯᠡᠨ᠎ᠡ᠃

᠁ ᠁

ᠭᠡᠳᠤᠨ ᠡᠳᠦᠷ ᠤᠨ ᠳᠠᠷᠠᠭ᠎ᠠ ᠳᠤᠯᠠᠢ᠌ᠮ᠎ᠠ ᠭᠡᠷ ᠭᠠᠳᠠᠨ᠎ᠠ ᠨᠤᠬᠠᠢ ᠬᠤᠴᠠᠬᠤ ᠶᠢ ᠰᠤᠨᠤᠰᠤᠭᠠᠤᠨ᠂ ᠵᠠ ᠨᠢᠭᠡ ᠪᠣᠯᠠᠢ ᠪᠣᠯᠵᠠᠢ ᠭᠡᠵᠤ ᠪᠣᠳᠤᠭᠠᠤᠨ ᠭᠠᠳᠠᠭᠰᠢ ᠬᠠᠷᠠᠭᠰᠠᠨ ᠳᠤ ᠳᠠᠷᠠ ᠭᠠᠢ᠌ᠬᠠᠯ ᠪᠠᠰᠠ ᠭᠦᠷᠦᠭᠡᠳ ᠢᠷᠠᠯ᠎ᠠ᠃ ᠭᠠᠷ ᠲᠠᠭᠠᠨ ᠳᠤᠯᠤᠭᠰᠠᠨ ᠠᠯᠳᠠ ᠭᠢᠷᠢ ᠲᠡᠶ ᠮᠤᠳᠤ ᠪᠠᠨ ᠪᠠᠷᠢᠭᠰᠠᠭᠠᠷ ᠭᠡᠷ ᠲᠤ ᠣᠷᠤᠵᠤ ᠢᠷᠡᠭᠡᠳ ᠠᠭᠤᠷ ᠣᠮᠤᠭ ᠲᠡᠶ ᠪᠠᠷ᠄

᠊᠊᠊᠊᠊᠊᠊᠊᠊᠊᠊᠊᠊᠊᠊ ᠪᠣᠷᠬᠠᠨ ᠳᠤ ᠵᠠᠯᠪᠠᠷᠢᠭᠠᠤᠨ ᠶᠠᠮᠠᠷ ᠭᠡᠷᠡᠭ᠌ ᠲᠡᠶ ᠪᠣᠢ᠂ ᠳᠠᠷᠠ ᠪᠠᠰᠠ ᠵᠤᠭᠤᠰ ᠦᠭᠡᠶ ᠭᠡᠪᠡ᠃ ᠳᠤᠯᠠᠢ᠌ᠮ᠎ᠠ ᠶᠡᠭᠡᠯ᠎ᠡ ᠰᠤᠨᠢᠷᠬᠠᠵᠤ ᠄

᠊᠊᠊᠊᠊᠊᠊᠊᠊᠊᠊᠊᠊᠊᠊ ᠶᠠᠮᠠᠷ ᠣᠴᠢᠷ ᠪᠣᠯᠤᠭᠰᠠᠨ ᠶᠤᠮ ᠡ ᠭᠡᠵᠡᠢ᠃

᠊᠊᠊᠊᠊᠊᠊᠊᠊᠊᠊᠊᠊᠊᠊ ᠡᠵᠢ ᠶᠢᠨ ᠡᠪᠡᠳᠴᠢᠨ ᠭᠦᠡᠳᠤ ᠪᠣᠯᠤᠭᠠᠤᠨ ᠵᠤᠭᠤᠰ ᠭᠡᠷᠡᠭ᠌ ᠲᠡᠶ ᠪᠣᠯᠵᠠᠢ ᠭᠡᠪᠡ᠃

᠊᠊᠊᠊᠊᠊᠊᠊᠊᠊᠊᠊᠊᠊᠊ ᠡᠨᠡ ᠰᠠᠷ᠎ᠠ ᠶᠢᠨ ᠪᠠᠳᠤᠯᠠᠪᠣᠷᠢ ᠶᠢᠨ ᠮᠦᠩᠭᠦ ᠪᠠᠰᠠ ᠪᠠᠭᠤᠵᠤ ᠢᠷᠡᠭᠡ ᠦᠭᠡᠶ᠂ ᠶᠠᠮᠠᠷ ᠵᠤᠭᠤᠰ ᠶᠢᠡᠨ ᠦᠭ‍ᠭᠦᠨ᠎ᠡ ᠳ᠋ᠠ ᠭᠡᠵᠡᠢ᠃

᠊᠊᠊᠊᠊᠊᠊᠊᠊᠊᠊᠊᠊᠊᠊ ᠶᠠᠭᠤ ᠶᠢ ᠨᠢ ᠨᠢᠭᠤᠨ᠎ᠠ ᠳ᠋ᠠ ᠡᠵᠢ ᠡ᠂ ᠪᠢ ᠣᠳᠤ ᠥᠯᠦᠰᠦᠭᠡᠳ᠂ ᠭᠦᠯ ᠶᠢᠡᠨ ᠡᠷᠭᠦᠵᠤ ᠳᠡᠢ᠌ᠯᠭᠦ ᠦᠭᠡᠶ ᠪᠠᠢ᠌ᠨ᠎ᠠ ᠭᠡᠪᠡ᠃

᠊᠊᠊᠊᠊᠊᠊᠊᠊᠊᠊᠊᠊᠊᠊ ᠵᠠ᠂ ᠵᠠ᠂ ᠭᠦᠭᠡᠷᠦᠭᠦᠢ᠂ ᠵᠢᠭᠠᠬᠠᠨ ᠭᠦᠯᠢᠶᠡᠵᠤ ᠪᠠᠢ ᠭᠡᠳ ᠳᠤᠯᠠᠢ᠌ᠮ᠎ᠠ ᠭᠠᠷ ᠴᠠᠴᠠᠷᠭᠢᠯᠠᠨ ᠭᠠᠷᠴᠤ ᠣᠴᠢᠭᠠᠤᠨ ᠨᠢᠭᠡ ᠠᠶᠠᠭ᠎ᠠ ᠦᠷᠤᠮ᠎ᠠ ᠲᠡᠶ ᠬᠤᠭᠤᠯᠠ ᠬᠤᠳᠬᠤᠵᠤ ᠠᠪᠴᠢᠷᠠᠨ᠂ ᠰᠦ᠋ ᠲᠡᠶ ᠴᠠᠢ ᠲᠡᠶ ᠳᠡᠭᠦᠨ ᠳᠤ ᠳᠠᠯᠪᠢᠵᠤ ᠥᠭ᠍ᠪᠡ᠃ ᠡᠨᠡ ᠵᠤᠴᠢᠨ ᠨᠢᠭᠡᠮᠦᠰᠤᠨ ᠡᠷᠡᠭᠡ ᠦᠭᠡᠶ ᠪᠣᠯᠵᠤ᠂ ᠦᠪᠡᠷ ᠶᠢᠡᠨ ᠭᠠᠷ ᠭᠦᠳᠡᠯᠵᠤ ᠨᠢᠭᠡ ᠭᠡᠰᠡᠭ᠌ ᠬᠤᠷᠤᠳ ᠢ ᠨᠢ ᠳᠠᠳᠠᠵᠤ ᠭᠠᠷᠭᠠᠭᠠᠤᠨ ᠭᠡᠮᠡᠯᠡᠵᠤ ᠡᠭᠢᠯᠡᠪᠡ᠃ ᠨᠢᠳᠤ ᠨᠢ ᠡ᠊ᠨᠳᠡ ᠳᠠᠠᠳᠠ ᠡᠷᠭᠢᠯᠳᠦᠵᠤ᠂ ᠡᠡᠷᠢᠭᠢ ᠡᠷᠢᠭᠡᠳ ᠣᠯᠤᠭᠰᠠᠨ ᠦᠭᠡᠶ᠃ ᠡᠨᠡ ᠥᠨᠡᠭᠡᠷ 《ᠥᠭᠡᠢ᠌ᠷᠡᠭᠦ ᠭᠦᠮᠤᠨ ᠤ ᠰᠢᠳᠤ ᠨᠢ ᠬᠤᠷᠴᠡ᠂ ᠥᠭᠦᠭᠦ ᠭᠦᠮᠤᠨ ᠤ ᠨᠢᠳᠤ ᠨᠢ ᠬᠤᠷᠴᠠ》᠃ ᠳᠤᠯᠠᠢ᠌ᠮ᠎ᠠ ᠡᠨᠡ ᠭᠦᠮᠤᠨ ᠢ ᠭᠠᠢ᠌ᠬᠠᠨ ᠰᠢᠠᠵᠢᠵᠤ᠄

᠊᠊᠊᠊᠊᠊᠊᠊᠊᠊᠊᠊᠊᠊᠊ ᠳᠠᠨ ᠤ ᠰᠠᠭᠤᠭ᠎ᠠ ᠬᠤᠳᠠᠨ ᠳᠤ ᠰᠦ᠋ ᠲᠡᠶ ᠴᠠᠢ ᠶᠢᠨ ᠮᠤᠬᠤᠯᠠᠭ ᠣᠯᠠᠨ ᠪᠣᠢ᠂ ᠳᠠᠠᠳᠠ ᠣᠴᠢᠵᠤ ᠣᠤᠭᠤᠳᠠᠭ ᠦᠦ ᠭᠡᠵᠤ ᠠᠰᠠᠭᠤᠪᠠ᠃

᠊᠊᠊᠊᠊᠊᠊᠊᠊᠊᠊᠊᠊᠊᠊ ᠬᠠᠰᠢᠯᠠ ᠡᠵᠢ ᠶᠢᠨ ᠴᠢᠨᠠᠭᠰᠠᠨ ᠴᠠᠢ ᠠᠮᠳᠠᠳᠠᠢ ᠭᠡᠪᠡ᠃ ᠡᠨᠡ ᠥᠭᠡ ᠶᠢᠨ ᠬᠠᠷᠢᠭᠤ ᠳᠤ ᠭᠦᠨ ᠤᠳᠬ᠎ᠠ ᠲᠡᠶ ᠪᠠᠷ ᠳᠡᠭᠦᠨ ᠳᠤ᠄

᠊᠊᠊᠊᠊᠊᠊᠊᠊᠊᠊᠊᠊᠊᠊ ᠳᠠᠢ᠌ᠮᠤ ᠪᠠᠢ᠌ᠨ᠎ᠠ᠂ ᠦᠪᠡᠷ ᠤᠨ ᠭᠢᠭ᠍ᠰᠡᠨ ᠴᠠᠢ ᠠᠮᠳᠠᠳᠠᠢ᠂ ᠦᠪᠡᠷ ᠤᠨ ᠪᠠᠶ᠎ᠠ ᠪᠠᠨ ᠳᠡᠵᠢᠭᠡᠵᠤ ᠴᠢᠳᠠᠪᠠᠯ ᠰᠠ‍‌ᠶᠢ ᠡᠷ᠎ᠡ ᠭᠦᠮᠤᠨ ᠰᠢᠤ ᠭᠡᠪᠡ᠃

ᠡᠨᠡ ᠵᠤᠴᠢᠨ ᠭᠡᠳᠡᠰᠤ ᠪᠠᠨ ᠳᠦᠭᠦᠷᠭᠡᠭᠦ ᠶᠢ ᠯᠠ ᠪᠣᠳᠤᠭᠠᠤᠨ ᠥᠭᠡ ᠶᠢ ᠨᠢ ᠣᠢ᠌ᠯᠠᠭᠠᠭᠰᠠᠨ ᠦᠭᠡᠶ᠂ ᠣᠷᠳᠤ ᠭᠡᠭ᠍ᠴᠢ ᠭᠡᠭᠡᠷᠡᠭᠡᠳ᠂ ᠪᠤᠰᠴᠤ ᠵᠤᠭᠰᠤᠭᠠᠤᠨ ᠭᠠᠷ ᠭᠦᠳᠡᠯᠤᠨ ᠶᠠᠭᠤᠮ᠎ᠠ ᠡᠷᠢᠵᠤ ᠡᠭᠢᠯᠡᠪᠡ᠃ ᠦᠵᠡᠵᠤ ᠪᠠᠢ᠌ᠳᠠᠯ᠎ᠠ ᠳᠤᠯᠠᠢ᠌ᠮ᠎ᠠ ᠶᠢᠨ ᠠᠪᠳᠠᠷ᠎ᠠ ᠳᠤ ᠤᠢ᠌ᠷᠠᠳᠤᠨ ᠭᠦᠷᠴᠤ᠂ ᠠᠮᠠᠰᠠᠷ ᠢ ᠨᠢ ᠨᠡᠭᠡᠭᠡᠨ ᠨᠢᠭᠡ ᠭᠠᠷ ᠶᠢᠡᠨ ᠴᠢᠭᠢᠵᠤ ᠣᠷᠤᠭᠤᠯᠪᠠ᠃ ᠳᠤᠯᠠᠢ᠌ᠮ᠎ᠠ ᠠᠶᠤᠭᠠᠤᠨ ᠠᠷᠤ ᠨᠢᠷᠤᠭᠤᠨ ᠳᠤ ᠭᠦᠯᠦᠰᠤ ᠨᠡᠪᠳᠡᠷᠡᠭᠡᠳ ᠠᠷᠭ᠎ᠠ ᠪᠣᠰᠤ ᠠᠯᠠᠭ᠎ᠠ ᠬᠠᠪᠰᠤᠷᠤᠨ ᠮᠠᠨᠢ ᠳᠤᠭᠠᠯᠠᠵᠤ ᠪᠣᠷᠬᠠᠨ ᠡᠴᠠ ᠠᠪᠣᠷᠠᠯ ᠡᠷᠢᠨ᠎ᠡ᠃

᠊᠊᠊᠊᠊᠊᠊᠊᠊᠊᠊᠊᠊᠊᠊ ᠪᠣᠷᠬᠠᠨ ︕ ᠨᠢᠭᠦᠯ ᠡ ᠨᠢᠭᠦᠯ᠂ ᠠᠪᠳᠠᠷ᠎ᠠ ᠳᠤᠳᠤᠷ᠎ᠠ ᠵᠤᠭᠤᠰ ᠪᠠᠢ᠌ᠬᠤ ᠦᠭᠡᠶ ᠭᠡᠪᠡ᠃ ᠳᠠᠷᠠ ᠵᠤᠴᠢᠨ ᠮᠦᠨ ᠶᠠᠭᠤ ᠴᠤ ᠣᠯᠤᠭᠰᠠᠨ ᠦᠭᠡᠶ ᠠᠭᠰᠤᠮᠨᠠᠵᠤ᠄

᠊᠊᠊᠊᠊᠊᠊᠊᠊᠊᠊᠊᠊᠊᠊ ᠶᠠᠳᠠᠭᠤ ᠵᠤᠯᠢᠭ ᠭᠡᠵᠤ ᠭᠡᠯᠡᠭᠡᠳ ᠮᠤᠳᠤ ᠪᠠᠨ ᠰᠢᠭᠦᠷᠤᠨ ᠠᠪᠣᠭᠠᠤᠨ ᠭᠠᠷᠴᠤ ᠤᠳᠪᠠ᠃ ᠳᠤᠯᠠᠢ᠌ᠮ᠎ᠠ ᠴᠤᠩᠬᠤ ᠪᠠᠷ ᠭᠠᠳᠠᠭᠰᠢ ᠬᠠᠷᠠᠭᠰᠠᠨ ᠳᠤ ᠭᠤᠤᠯ ᠤᠨ ᠭᠦᠪᠠᠭᠡᠨ ᠳᠤ ᠪᠠᠯᠴᠢᠵᠤ ᠪᠠᠢ᠌ᠭᠰᠠᠨ ᠦᠨᠢᠶ᠎ᠡ ᠶᠢ ᠨᠢ ᠳᠠᠷᠠ ᠵᠤᠴᠢᠨ ᠠᠵᠢᠭ ᠦᠭᠡᠶ ᠭᠦᠳᠦᠯᠦᠭᠡᠳ ᠶᠠᠪᠣᠯ᠎ᠠ᠃

᠁ ᠁

ᠦᠨᠢᠶ᠎ᠡ ᠪᠠᠨ ᠵᠢᠰᠤ ᠪᠣᠷᠤᠭᠤ ᠭᠦᠮᠤᠨ ᠳᠤ ᠠᠪᠳᠠᠭᠠᠤᠨ ᠳᠤᠯᠠᠢ᠌ᠮ᠎ᠠ ᠣᠳᠤ ᠰᠠᠭᠠᠬᠤ ᠰᠦ᠋ ᠦᠭᠡᠶ᠂ ᠶᠠᠭᠤ ᠪᠠᠷ ᠶᠢᠡᠨ ᠰᠦ᠋ ᠲᠡᠶ ᠴᠠᠢ ᠴᠢᠨᠠᠵᠤ ᠣᠤᠭᠤᠬᠤ ᠶᠤᠮ ᠳ᠋ᠠ᠃ ᠠᠷᠭ᠎ᠠ ᠪᠣᠰᠤ ᠳᠠᠪᠣᠰᠤ ᠲᠡᠶ ᠪᠣᠴᠠᠯᠤᠭᠰᠠᠨ ᠣᠰᠤ ᠣᠤᠭᠤᠵᠤ ᠨᠢᠭᠡ ᠶᠠᠭᠤᠮ᠎ᠠ ᠪᠣᠳᠤᠵᠤ ᠪᠠᠢ᠌ᠳᠠᠯ᠎ᠠ ᠭᠠᠳᠠᠨ᠎ᠠ ᠬᠤᠶᠠᠷ ᠭᠦᠮᠤᠨ ᠢᠷᠠᠵᠤ ᠪᠠᠢ᠌ᠭ᠎ᠠ ᠨᠢ ᠴᠤᠩᠬᠤ ᠪᠠᠷ ᠬᠠᠷᠠᠭᠳᠠᠯ᠎ᠠ᠃ ᠳᠤᠯᠠᠢ᠌ᠮ᠎ᠠ ᠡᠵᠢ ᠶᠢᠨ ᠳᠤᠳᠤᠷ᠎ᠠ ᠪᠠᠷ ᠭᠡᠵᠤ ᠠᠪᠣᠭᠠᠤᠨ᠂ ᠨᠢᠭᠡ ᠬᠤᠯᠠᠭᠠᠢ᠌ᠴᠢ ᠨᠢ ᠶᠠᠪᠣᠭᠠᠤᠨ ᠣᠳᠤ ᠬᠤᠶᠠᠷ ᠬᠤᠯᠠᠭᠠᠢ᠌ᠴᠢ ᠭᠦᠷᠦᠭᠡᠳ ᠢᠷᠡᠭᠦ ᠨᠢ ᠡ᠂ ᠪᠠᠰᠠ ᠴᠠᠭᠳᠠᠭᠠᠨ ᠤ ᠬᠤᠪᠴᠠᠰᠤ ᠡᠮᠦᠰᠴᠢᠭᠡᠳ᠂ ᠨᠡᠭᠡᠷᠡᠨ ᠮᠡᠭᠡ ᠲᠡᠶ ᠬᠤᠯᠠᠭᠠᠢ᠌ᠴᠢ ᠡ ᠭᠡᠵᠤ ᠪᠣᠳᠤᠨ᠎ᠠ᠃ ᠶᠠᠭᠠᠭᠢᠶ᠎ᠠ ᠭᠡᠵᠤ ᠰᠠᠠᠳᠤᠷᠴᠤ ᠪᠠᠢ᠌ᠳᠠᠯ᠎ᠠ ᠳᠠᠷᠠ ᠬᠤᠶᠠᠷ ᠭᠦᠮᠤᠨ ᠭᠦᠷᠢᠶᠡᠨ ᠳ᠋ᠤᠨᠢ ᠣᠷᠤᠵᠤ ᠢᠷᠡᠭᠡᠳ᠂ ᠡᠭᠦᠳᠡ ᠶᠢ ᠨᠢ ᠭᠦᠩᠭᠡᠨ ᠳᠤᠭᠰᠢᠵᠤ ᠄

᠊᠊᠊᠊᠊᠊᠊᠊᠊᠊᠊᠊᠊᠊᠊ ᠡᠵᠢ ᠡ᠂ ᠪᠢᠳᠠ ᠴᠠᠭᠳᠠᠭ᠎ᠠ ᠭᠡᠰᠡᠨ ᠳᠤ ᠳᠤᠯᠠᠢ᠌ᠮ᠎ᠠ ᠡᠭᠦᠳᠡ ᠪᠠᠨ ᠴᠦᠳᠠᠵᠤ᠂ ᠶᠠᠭᠤ ᠪᠣᠯᠤᠭᠰᠠᠨ ᠴᠤ ᠣᠷᠤᠭᠤᠯᠬᠤ ᠦᠭᠡᠶ ᠭᠡᠵᠤ ᠰᠡᠳᠭᠢᠯ ᠰᠢᠭᠤᠳᠪᠠ᠃ ᠣᠳᠠᠰᠭᠢᠭᠠᠤᠨ ᠭᠠᠳᠠᠨ᠎ᠠ ᠪᠠᠢ᠌ᠭ᠎ᠠ ᠭᠦᠮᠤᠨ ᠄

᠊᠊᠊᠊᠊᠊᠊᠊᠊᠊᠊᠊᠊᠊᠊ ᠳᠠᠨ ᠢ ᠮᠡᠭᠡᠯᠡᠭ᠍ᠰᠡᠨ ᠳᠠᠷᠠ ᠭᠦᠮᠤᠨ ᠴᠠᠭᠳᠠᠭ᠎ᠠ ᠳᠤ ᠪᠠᠷᠢᠭᠳᠠᠵᠠᠢ᠃ ᠳᠠ ᠣᠳᠤ ᠮᠠᠨ ᠢ ᠳᠠᠭᠠᠵᠤ ᠣᠴᠢᠭᠠᠤᠨ ᠦᠨᠢᠶ᠎ᠡ ᠪᠠᠨ ᠭᠦᠳᠦᠯᠵᠤ ᠠᠪᠴᠢᠷ᠎ᠠ ᠭᠡᠪᠡ᠃ ᠡᠨᠡ ᠥᠭᠡ ᠶᠢ ᠰᠤᠨᠤᠰᠤᠭᠠᠤᠨ ᠳᠤᠯᠠᠢ᠌ᠮ᠎ᠠ ᠰᠠ‍‌ᠶᠢ ᠢᠳᠡᠭᠡᠵᠤ᠂ ᠡᠭᠦᠳᠡ ᠪᠠᠨ ᠨᠡᠭᠡᠭᠡᠨ ᠴᠠᠭᠳᠠᠭ᠎ᠠ ᠶᠢ ᠳᠠᠭᠠᠵᠤ ᠶᠠᠪᠣᠯ᠎ᠠ᠃ ᠴᠠᠭᠳᠠᠭᠠᠨ ᠤ ᠭᠠᠵᠠᠷ ᠭᠦᠷᠦᠭᠡᠳ ᠶᠠᠭᠤ ᠪᠣᠯᠤᠭᠰᠠᠨ ᠴᠤ ᠳᠠᠷᠠ ᠭᠦᠮᠤᠨ ᠲᠡᠶ ᠣᠴᠠᠷᠠᠶ᠎ᠠ ᠭᠡᠵᠡᠢ᠃ ᠳᠡᠭᠡᠭᠡᠳ ᠳᠠᠷᠠ ᠵᠢᠰᠤ ᠪᠣᠷᠤᠭᠤ ᠭᠦᠮᠤᠨ ᠲᠡᠶ ᠭᠢᠠᠳᠠᠨ ᠳᠤ ᠣᠴᠠᠷᠠᠭᠠᠤᠨ᠄

᠊᠊᠊᠊᠊᠊᠊᠊᠊᠊᠊᠊᠊᠊᠊ ᠡᠵᠢ ᠶᠢᠨ ᠴᠢᠨᠢ ᠡᠪᠡᠳᠴᠢᠨ ᠭᠠᠢ᠌ᠭᠤᠢ ᠦᠦ ᠭᠡᠵᠤ ᠠᠰᠠᠭᠤᠪᠠ᠃ ᠳᠠᠷᠠ ᠭᠦᠮᠤᠨ ᠥᠭᠡ ᠳᠠᠭᠤ ᠦᠭᠡᠶ᠂ ᠬᠠᠵᠠᠭᠤ ᠡᠴᠠ ᠨᠢ ᠨᠢᠭᠡ ᠴᠠᠭᠳᠠᠭ᠎ᠠ᠄

᠊᠊᠊᠊᠊᠊᠊᠊᠊᠊᠊᠊᠊᠊᠊ ᠳᠠᠷᠠ ᠭᠦᠮᠤᠨ ᠤ ᠡᠵᠢ ᠨᠢ ᠠᠯᠢ ᠭᠡᠵᠢᠶᠡᠨᠡᠢ ᠦᠭᠡᠶ ᠪᠣᠯᠴᠢᠬᠠᠭᠰᠠᠨ ᠰᠢᠤ ᠭᠡᠪᠡ᠃ ᠡᠭᠦᠨ ᠢ ᠰᠤᠨᠤᠰᠤᠭᠠᠤᠨ ᠳᠤᠯᠠᠢ᠌ᠮ᠎ᠠ ᠮᠠᠩᠨᠠᠢ ᠳᠡᠭᠡᠷ᠎ᠡ ᠪᠠᠨ ᠵᠠᠯᠪᠢᠷᠠᠨ᠄

᠊᠊᠊᠊᠊᠊᠊᠊᠊᠊᠊᠊᠊᠊᠊ ᠶᠤᠤ ︕ ᠡᠵᠢ ᠦᠭᠡᠶ ᠦᠨᠦᠴᠢᠨ ᠦᠰᠦᠭ᠍ᠰᠡᠨ ᠭᠦᠤ ᠭᠦᠭᠡᠷᠦᠭᠦᠢ ᠳ᠋ᠠ ᠭᠡᠵᠤ ᠭᠡᠯᠡᠭᠡᠳ᠂ ᠠᠪᠴᠤ ᠢᠷᠡᠭ᠍ᠰᠡᠨ ᠨᠠᠩᠬᠤ ᠲᠡᠶ ᠴᠠᠢ ᠪᠠᠨ ᠠᠶᠠᠭᠠᠯᠠᠵᠤ ᠳᠡᠭᠦᠨ ᠳᠤ ᠣᠤᠭᠤᠯᠭᠠᠭᠠᠤᠨ᠂ ᠭᠠᠷᠴᠤ ᠣᠴᠢᠨ ᠦᠨᠢᠶ᠎ᠡ ᠪᠠᠨ ᠭᠦᠳᠦᠯᠵᠤ ᠭᠡᠷ ᠲᠡᠭᠡᠨ ᠪᠣᠴᠠᠨ ᠢᠷᠠᠯ᠎ᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ

ᠵᠤᠬᠢᠶᠠᠭᠴᠢ᠄ ᠳᠤᠭᠤᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 68847
ᠴᠠᠭ᠄ 2014 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ