ᠨᠡᠪᠲᠡᠷᠡᠨ ᠤᠷᠤᠬᠤ
ᠵᠢᠷᠦᠭᠡᠨ ᠵᠠᠢ

ᠢᠭᠡᠷ᠎ᠡ ᠬᠤᠶᠠᠷ ᠨᠠᠪᠴᠢ ᠵᠢᠨ

ᠢᠵᠢᠯᠭᠡᠨ ᠥᠩᠭᠡᠨ ᠡᠴᠡ

ᠢᠷᠠᠭᠤ ᠨᠠᠢ᠌ᠷᠠᠭ ᠶᠢᠡᠷ ᠶᠢᠡᠨ ᠪᠢ

ᠢᠨᠠᠭ ᠤᠨ ᠵᠥᠭᠡᠯᠡᠨ ᠠᠶ᠎ᠠ ᠨᠤᠲ᠋ᠯᠠᠨ᠎ᠠ

ᠡᠯᠢᠭᠡ ᠵᠢᠷᠦᠭᠡ ᠬᠤᠶᠠᠷ ᠪᠣᠯ

ᠡᠭᠦᠷᠢᠳᠡ ᠶᠢᠨ ᠰᠤᠷᠤᠠᠵᠢᠨ ᠭᠦᠴᠤ

ᠡᠷᠭᠢᠵᠤ ᠬᠠᠷᠠᠬᠤ ᠳ᠋ᠤ

ᠡᠨᠡ ᠪᠠᠶ᠎ᠠ ᠶᠢᠨ ᠮᠢᠨᠢ ᠰᠡᠭᠦᠳᠡᠷ ᠪᠣᠯ ᠴᠢ ᠪᠠᠢ᠌ᠭᠰᠠᠨ

ᠡᠩᠭᠡᠷ ᠤᠨ ᠴᠢᠨᠢ ᠨᠢᠭᠡᠨ ᠳᠤᠪᠴᠢ ᠪᠣᠯ ᠪᠢ ᠪᠠᠢ᠌ᠭᠰᠠᠨ

ᠬᠠᠷᠠᠬᠤ ᠨᠢᠳᠤ ᠮᠢᠨᠢ ᠴᠡᠴᠡᠭᠡᠢ ᠶᠢᠨ ᠣᠷᠤᠮ ᠪᠣᠯ

ᠬᠠᠴᠠᠷ ᠤᠨ ᠴᠢᠨᠢ ᠬᠠᠷ᠎ᠠ ᠮᠡᠩᠭᠡ ᠪᠠᠢ᠌ᠪᠠ

ᠬᠠᠢ᠌ᠷ᠎ᠠ ᠳᠤᠨᠤᠷᠠᠭᠰᠠᠨ ᠬᠤᠤᠰ ᠬᠤᠠᠳᠠᠭ᠎ᠠ ᠴᠢᠨᠢ

ᠬᠠᠢ᠌ᠷᠠᠯᠠᠬᠤ ᠰᠡᠳᠭᠢᠯ ᠤᠨ ᠮᠢᠨᠢ ᠵᠢᠷᠦᠭᠡᠨ ᠳᠠᠮᠠᠭ᠎ᠠ ᠰᠠᠨ

ᠠᠷᠪᠠᠨ ᠳᠠᠪᠤᠨ ᠤ ᠰᠠᠷᠠ ᠪᠣᠯ

ᠠᠮᠠᠷᠠᠭ ᠬᠤᠶᠠᠷ ᠵᠢᠷᠦᠭᠡᠨ ᠊ᠤ

ᠠᠰᠢᠳᠠ ᠶᠢᠨ ᠠᠯᠳᠠᠨ ᠴᠠᠭᠠᠷᠠᠭ

ᠠᠮᠢᠳᠤ ᠶᠢᠨ ᠭᠠᠭᠴᠠᠬᠠᠨ ᠬᠠᠶ‍ᠢᠭ

ᠳᠡᠭ᠍ᠷᠢᠯᠢᠭ᠌ ᠬᠠᠢ᠌ᠷ᠎ᠠ ᠶᠢᠨ ᠴᠡᠯᠮᠡᠭ᠌ ᠳᠤ

ᠳᠡᠷᠭᠡᠯᠭᠡᠨ ᠳᠤᠶᠠᠭᠠᠯᠠᠬᠤ

ᠴᠢ ᠪᠣᠯ ᠮᠢᠨᠤ

ᠳᠠᠪᠠᠷᠢᠵᠤ ᠥᠮᠴᠢᠯᠡᠭ᠍ᠰᠡᠨ ᠳᠩᠷᠢ ᠶᠢᠨ ᠦᠬᠢᠨ

ᠬᠤᠷ᠎ᠠ ᠰᠢᠭ ᠠᠰᠬᠠᠷᠠᠬᠤ ᠬᠤᠩᠭ᠋ᠤᠷ ᠭᠡᠵᠢᠭᠡ ᠪᠠᠨ

ᠬᠤᠶᠠᠷ ᠬᠠᠭᠠᠰᠯᠠᠨ ᠭᠦᠷᠦᠭᠦ ᠳᠤ ᠴᠢᠨᠢ

ᠨᠢᠭᠡ ᠨᠢ ᠪᠢ ᠨᠥᠭᠦᠭᠡ ᠨᠢ ᠴᠢ

ᠵᠡᠭᠦᠳᠤ ᠪᠠᠷ ᠶᠢᠡᠨ ᠢᠭᠢᠷᠡᠯᠡᠭᠦ

ᠵᠢᠷᠦᠭᠡᠨ ᠬᠠᠢ᠌ᠷ᠎ᠠ ᠶᠢᠨ ᠡᠩᠭᠡᠷ ᠳᠤ

ᠵᠡᠭᠦᠤ ᠰᠦᠯᠠᠮ᠎ᠠ ᠣᠷᠤ ᠥᠭᠡᠢ

ᠴᠢ ᠪᠣᠯ ᠮᠢᠨᠤ ᠴᠢᠩ ᠵᠢᠷᠦᠭᠡᠨ ᠤ

ᠬᠠᠮᠤᠭ ᠣᠢ᠌ᠷᠠᠬᠠᠨ ᠵᠠᠢ ᠶᠤᠮᠰᠠᠨ ᠁

ᠵᠤᠬᠢᠶᠠᠭᠴᠢ᠄ ᠪᠣ·ᠪᠠᠳᠤᠮᠥ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ