ᠨᠡᠪᠲᠡᠷᠡᠨ ᠤᠷᠤᠬᠤ
ᠲᠤᠢ᠌ᠭ ᠤᠨ ᠳᠠᠭᠤᠤ

ᠴᠢᠠᠳᠠᠭᠠᠨ ᠳᠠᠤᠯᠠᠢ ᠶᠢᠨ ᠪᠦᠵᠦᠩ ᠪᠢᠰᠢ

ᠴᠢᠨᠤ ᠣᠨᠠᠭᠠᠭᠰᠠᠨ ᠦᠷ᠎ᠡ ᠴᠢᠨᠢ ᠰᠢᠤ

ᠴᠠᠭᠠᠰᠢ ᠪᠠᠨ ᠬᠠᠷᠠᠢ᠌ᠯᠭᠠᠨ ᠳᠤᠳᠠᠭᠠᠯ ᠦᠭᠡᠶ

ᠴᠠᠭᠠᠨ ᠳᠦᠯ ᠳᠤ ᠪᠠᠨ ᠭᠦᠶ‍ᠦᠵᠤ ᠢᠷ᠎ᠠ ᠳ᠋ᠠ

ᠲᠤᠢ᠌ᠭ ᠲᠤᠢ᠌ᠭ ᠲᠤᠢ᠌ᠭ


ᠮᠠᠭᠤᠬᠠᠢ ᠪᠢᠳᠡᠭᠡᠢ ᠠᠭᠠᠰᠢᠯᠠᠭᠠᠤᠨ ᠪᠠᠢ

ᠮᠤᠤᠷ ᠤᠨ ᠵᠤᠯᠵᠠᠭ᠎ᠠ ᠪᠢᠰᠢ ᠰᠢᠤ

ᠮᠠᠩᠨᠠᠢ ᠬᠠᠯᠵᠠᠨ ᠦᠷ᠎ᠡ ᠴᠢᠨᠢ ᠪᠠᠢ᠌ᠨ᠎ᠠ

ᠮᠠᠢ᠌ᠯᠠᠭᠠᠤᠨ ᠨᠠᠭᠠᠰᠢ ᠪᠠᠨ ᠭᠦᠷᠴᠤ ᠢᠷ᠎ᠠ ᠳ᠋ᠠ

ᠲᠤᠢ᠌ᠭ ᠲᠤᠢ᠌ᠭ ᠲᠤᠢ᠌ᠭ


ᠠᠭᠠᠰᠢ ᠪᠢᠳᠡᠭᠡᠢ ᠠᠯᠳᠠᠭᠠᠤᠨ ᠪᠠᠢ

ᠠᠢ᠌ᠯ ᠤᠨ ᠭᠦᠮᠦᠰ ᠡᠯᠡᠭᠯᠡᠨ᠎ᠡ ᠰᠢᠤ

ᠠᠷᠢᠭᠤᠨ ᠴᠠᠭᠠᠨ ᠳᠦᠯ ᠶᠢᠡᠨ

ᠠᠶᠠᠳᠠᠢ ᠰᠠᠢ᠌ᠬᠠᠨ ᠭᠦᠭᠦᠭᠦᠯ ᠳ᠋ᠠ

ᠲᠤᠢ᠌ᠭ ᠲᠤᠢ᠌ᠭ ᠲᠤᠢ᠌ᠭ


ᠳᠦᠷᠦᠭ᠍ᠰᠡᠨ ᠡᠭᠡ ᠨᠢ ᠪᠠᠢ᠌ᠵᠤ ᠪᠠᠢ᠌ᠭᠠᠤᠨ

ᠳᠦᠭᠦᠭᠡ ᠦᠭᠡᠶ ᠪᠢᠳᠡᠭᠡᠢ ᠠᠭᠠᠰᠢᠯᠠᠭᠠᠤᠨ ᠪᠠᠢ

ᠳᠦᠯ ᠶᠢᠡᠨ ᠬᠤᠷᠳᠤᠨ ᠳᠤᠷᠨᠢᠭᠤᠯᠤᠭᠠᠤᠨ

ᠲᠦᠮᠡᠨ ᠰᠥᠷᠦᠭ᠌ ᠲᠤ ᠪᠠᠨ ᠨᠠᠮᠠᠷᠢᠯᠠ ᠳ᠋ᠠ

ᠲᠤᠢ᠌ᠭ ᠲᠤᠢ᠌ᠭ ᠲᠤᠢ᠌ᠭ


ᠨᠢᠭᠦᠯᠡᠰᠤᠨ ᠬᠠᠢ᠌ᠷᠠᠯᠠᠨ ᠭᠦᠭᠦᠭᠦᠯ ᠳ᠋ᠠ

ᠨᠠᠠᠳᠢᠨ ᠰᠥ᠋ ᠪᠠᠨ ᠢᠪᠢᠯᠭᠡ ᠳ᠋ᠠ

ᠨᠢᠯᠬ᠎ᠠ ᠦᠷ᠎ᠡ ᠪᠠᠨ ᠥᠰᠭᠡᠭᠡᠤᠨ

ᠨᠠᠢ᠌ᠳᠠ ᠶᠢᠨ ᠰᠥᠷᠦᠭ᠌ ᠲᠤ ᠨᠠᠮᠠᠷᠢᠯᠠ ᠳ᠋ᠠ

ᠲᠤᠢ᠌ᠭ ᠲᠤᠢ᠌ᠭ ᠲᠤᠢ᠌ᠭ


ᠣᠨᠠᠭᠠᠭᠰᠠᠨ ᠦᠷ᠎ᠡ ᠪᠠᠨ ᠬᠠᠢ᠌ᠷᠠᠯᠠ ᠳ᠋ᠠ

ᠣᠠᠳᠤᠷᠤᠯᠳᠤ ᠰᠥ᠋ ᠪᠠᠨ ᠢᠪᠢᠯᠭᠡ ᠳ᠋ᠠ

ᠣᠷᠤᠯᠳᠤᠭᠠᠨ ᠳᠠᠯᠪᠢᠭᠰᠠᠨ ᠡᠵᠡᠨ ᠳᠤ ᠪᠠᠨ

ᠣᠯᠠᠭᠠᠨ ᠳᠤᠭ ᠠᠤᠠᠬᠤᠭᠤᠯ ᠳ᠋ᠠ

ᠲᠤᠢ᠌ᠭ ᠲᠤᠢ᠌ᠭ ᠲᠤᠢ᠌ᠭ


ᠰᠦᠵᠢ ᠭᠦᠭᠦ ᠲᠡᠶ ᠡᠭᠡ ᠶᠢᠨ ᠭᠢᠨᠢ

ᠰᠥ᠋ ᠨᠢ ᠣᠠᠳᠤᠷᠬᠤ ᠨᠢ ᠪᠠᠬᠠᠳᠠᠢ ᠪᠠᠢ᠌ᠨ᠎ᠠ

ᠰᠥᠭᠦᠳᠦᠭᠡᠤᠨ ᠭᠦᠭᠦᠭ᠍ᠰᠡᠨ ᠬᠤᠷᠠᠭ᠎ᠠ ᠶᠢᠨ ᠭᠢᠨᠢ

ᠰᠡᠭᠦᠯ ᠨᠢ ᠰᠠᠵᠢᠯᠠᠬᠤ ᠨᠢ ᠬᠠᠪᠣᠳᠠᠢ ᠪᠠᠢ᠌ᠨ᠎ᠠ

ᠲᠤᠢ᠌ᠭ ᠲᠤᠢ᠌ᠭ ᠲᠤᠢ᠌ᠭ


ᠣᠨᠠᠭᠠᠭᠰᠠᠨ ᠦᠷ᠎ᠡ ᠪᠠᠨ ᠳᠠᠨᠢᠯ᠎ᠠ ᠴᠢ

ᠣᠶᠠᠷᠠᠭᠠᠤᠨ ᠰᠥ᠋ ᠪᠠᠨ ᠣᠠᠳᠤᠷᠤᠭᠤᠯᠤᠯ᠎ᠠ ᠴᠢ

ᠣᠷᠤᠯᠳᠤᠭᠠᠨ ᠳᠠᠯᠪᠢᠭᠰᠠᠨ ᠡᠵᠡᠨ ᠴᠢᠨᠢ

ᠣᠷᠣᠢ᠌ᠯᠠᠭᠰᠠᠨ ᠪᠠᠶᠠᠨ ᠪᠣᠯᠤᠨ᠎ᠠ ᠳ᠋ᠠ

ᠲᠤᠢ᠌ᠭ ᠲᠤᠢ᠌ᠭ ᠲᠤᠢ᠌ᠭ


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ

ᠵᠤᠬᠢᠶᠠᠭᠴᠢ᠄ ᠰᠡᠷᠵᠢᠮ᠎ᠠ ᠡᠮᠬᠢᠳᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 47271
ᠴᠠᠭ᠄ 2014 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ