ᠨᠡᠪᠲᠡᠷᠡᠨ ᠤᠷᠤᠬᠤ
ᠮᠤᠩᠭ᠋ᠤᠯ ᠦᠨᠳᠦᠰᠦᠳᠠᠨ ᠤ 《ᠴᠡᠭᠡᠷ》 ᠪᠠ 《ᠵᠠᠩ ᠵᠠᠩᠰᠢᠯ》 ᠊ᠤᠨ ᠳᠤᠬᠠᠢ

ᠮᠠᠨ ᠤ ᠮᠤᠩᠭ᠋ᠤᠯ ᠦᠨᠳᠦᠰᠦᠳᠠᠨ ᠳᠤ ᠨᠢᠭᠡᠨ ᠦᠪᠡᠷᠮᠢᠴᠠ ᠵᠠᠩ ᠵᠠᠩᠰᠢᠯ ᠪᠠᠢ᠌ᠳᠠᠭ᠃ ᠡᠨᠡᠭᠦ ᠵᠠᠩ ᠵᠠᠩᠰᠢᠯ ᠨᠢ ᠳᠠᠷᠤᠢ᠄ ᠡᠷᠳᠡ ᠳᠡᠭᠡᠳᠤ ᠦᠶ᠎ᠡ ᠡᠴᠡ ᠪᠠᠨ ᠦᠶ᠎ᠡ ᠣᠯᠠᠷᠢᠨ ᠰᠢᠳᠤᠵᠤ ᠪᠢᠰᠢᠷᠠᠵᠤ ᠢᠷᠡᠭ᠍ᠰᠡᠨ 《ᠪᠦᠭᠡ ᠮᠦᠷᠭᠦᠯ》 ᠊ᠤᠨ ᠰᠤᠷᠭᠠᠯ ᠪᠣᠶᠤ ᠳᠠᠳᠠ ᠨᠡᠷ ᠤᠨ ᠦᠪᠡᠷ ᠤᠨ ᠭᠢᠨᠢ ᠡᠳᠦᠷ ᠳᠤᠳᠤᠮ ᠤᠨ ᠠᠵᠢᠯ ᠠᠮᠢᠳᠤᠷᠠᠯ ᠤᠨ ᠶᠠᠪᠣᠴᠠ ᠳᠠᠭᠠᠨ ᠣᠳᠠᠭᠠᠨ ᠡᠳᠦᠷ ᠵᠤᠵᠠᠭᠠᠨ ᠬᠤᠨᠤᠭ ᠲᠤ ᠬᠤᠷᠠᠮᠳᠠᠭᠤᠯᠵᠤ ᠢᠷᠡᠭ᠍ᠰᠡᠨ ᠡᠷᠭᠡᠮ ᠨᠠᠠᠳᠢᠨ ᠳᠤᠷᠰᠢᠯᠭ᠎ᠠ ᠪᠠᠨ ᠨᠠᠷᠢᠨ ᠭᠢᠨᠠᠮᠭᠠᠢ ᠳ᠋ᠦ᠋ᠩᠨᠠᠵᠤ ᠬᠤᠵᠢᠮ ᠬᠣᠢ᠌ᠴᠢᠰ ᠤᠨ ᠦᠷ᠎ᠡ ᠬᠡᠦᠬᠡᠳ ᠶᠢᠡᠨ ᠰᠤᠷᠭᠠᠨ ᠭᠦᠮᠦᠵᠢᠭᠦᠯᠭᠦ ᠶᠢᠨ ᠨᠢᠭᠡᠨ ᠴᠢᠬᠤᠯᠠ 《ᠵᠤᠷ》 ᠪᠣᠯᠭᠠᠨ ᠪᠦᠷᠢᠯᠳᠦᠭᠦᠯᠤᠨ ᠳᠤᠭᠳᠠᠭᠠᠭᠰᠠᠨ ᠮᠠᠨ ᠤ ᠮᠤᠩᠭ᠋ᠤᠯ ᠦᠨᠳᠦᠰᠦᠳᠠᠨ ᠳᠤ ᠯᠠ ᠪᠠᠢ᠌ᠳᠠᠭ ᠪᠣᠯᠪᠠᠰᠤᠨ 《ᠢᠵᠠᠭᠤᠷ ᠰᠤᠶᠤᠯ》 ᠪᠣᠯᠬᠤ ᠶᠤᠮ᠃ ᠳᠠᠳᠠ ᠳᠡᠦᠭᠡ ᠶᠢᠨ ᠨᠡᠢ᠌ᠭᠡᠮ ᠤᠨ ᠭᠦᠭ᠍ᠵᠢᠯᠳᠡ ᠶᠢ ᠳᠠᠭᠠᠯᠳᠤᠨ ᠪᠣᠰᠤᠳ ᠬᠠᠷᠢ ᠦᠨᠳᠦᠰᠦᠳᠠᠨ ᠤ 《ᠰᠤᠶᠤᠯ》 ᠪᠣᠯᠬᠤ 《ᠰᠢᠷ᠎ᠠ ᠶᠢᠨ ᠱᠠᠰᠢᠨ》᠂ 《ᠪᠣᠷᠬᠠᠨ ᠱᠠᠰᠢᠨ》 ᠵᠡᠷᠭᠡ ᠰᠤᠶᠤᠯ ᠪᠣᠯᠪᠠᠰᠤᠨ ᠢ ᠵᠤᠷᠢᠭᠳᠠᠢ ᠪᠠᠷ ᠭᠦᠯᠢᠶᠡᠨ ᠠᠪᠠᠴᠤ᠂ ᠦᠪᠡᠷ ᠤᠨ ᠠᠵᠤ ᠠᠮᠢᠳᠤᠷᠠᠯ᠂ ᠣᠷᠴᠢᠨ ᠳᠤᠭᠤᠷᠢᠨ ᠶᠢᠡᠨ ᠬᠠᠢ᠌ᠷᠠᠯᠠᠨ ᠬᠠᠮᠠᠭᠠᠯᠠᠬᠤ ᠳᠤ ᠪᠠᠨ ᠠᠰᠢᠭᠳᠠᠢ ᠵᠣᠢ᠌ᠯ ᠢ ᠨᠢ ᠰᠤᠩᠭ᠋ᠤᠨ ᠰᠢᠩᠭᠡᠭᠡᠨ ᠠᠪᠴᠤ ᠦᠪᠡᠷ ᠤᠨ ᠵᠠᠩ ᠵᠠᠩᠰᠢᠯ ᠶᠢᠡᠨ ᠭᠦᠭ᠍ᠵᠢᠭᠦᠯᠤᠨ ᠪᠣᠵᠠᠭᠠᠢ᠌ᠷᠠᠭᠤᠯᠵᠤ ᠢᠷᠡᠭ᠍ᠰᠡᠨ ᠪᠠᠢ᠌ᠨ᠎ᠠ᠃ ᠡᠨᠡᠭᠦ ᠵᠠᠩ ᠵᠠᠩᠰᠢᠯ ᠶᠢᠡᠨ ᠳᠠᠳᠠ ᠨᠡᠷ ᠦᠷ᠎ᠡ ᠠᠴᠢ ᠨᠡᠷ ᠤᠨ ᠶᠢᠡᠨ ᠵᠦᠷᠢᠴᠢᠭᠦ ᠶᠢ ᠰᠡᠷᠭᠡᠢ᠌ᠯᠡᠵᠤ ᠰᠤᠷᠭᠠᠨ ᠣᠯᠠᠮᠵᠢᠯᠠᠬᠤ ᠳᠠᠭᠠᠨ 《ᠢᠩᠭᠢᠵᠤ ᠪᠣᠯᠬᠤ ᠦᠭᠡᠶ᠂ ᠳᠡᠭᠡᠵᠤ ᠪᠣᠯᠬᠤ ᠦᠭᠡᠶ》 ᠭᠡᠵᠤ ᠳᠠᠢ᠌ᠯᠪᠣᠷᠢᠯᠠᠳᠠᠭ ᠦᠭᠡᠶ᠂ ᠬᠠᠷᠢᠨ᠄ 《ᠮᠠᠭᠤ ᠢᠷᠸ᠎ᠠ》 ᠪᠣᠯᠤᠨ᠎ᠠ ᠭᠡᠵᠤ ᠪᠠᠭᠴᠢᠯᠠᠵᠤ ᠭᠡᠯᠡᠳᠡᠭ᠌᠃ ᠡᠨᠡᠭᠦ 《ᠮᠠᠭᠤ ᠢᠷᠸ᠎ᠠ》 ᠭᠡᠳᠡᠭ᠌ ᠨᠢ ᠨᠢᠭᠡ ᠳᠠᠯ᠎ᠠ ᠪᠠᠷ ᠬᠠᠤᠯᠢ ᠳᠦᠷᠢᠮᠵᠢᠯᠳᠤ ᠴᠢᠨᠠᠷ ᠶᠢᠡᠷ ᠴᠢᠩᠭ᠎ᠠ ᠪᠠᠢ᠌ᠵᠤ᠂ ᠦᠷ᠎ᠡ ᠬᠡᠦᠬᠡᠳ ᠶᠢᠡᠨ ᠰᠤᠷᠭᠠᠬᠤ ᠨᠢᠭᠡᠨ ᠴᠢᠬᠤᠯᠠ ᠬᠠᠳᠠᠭᠤ ᠶᠤᠰᠤᠨ ᠪᠣᠯᠭᠠᠵᠤ ᠢᠷᠡᠭ᠍ᠰᠡᠨ ᠪᠠᠢ᠌ᠨ᠎ᠠ᠃ ᠡᠨᠡᠭᠦ ᠵᠠᠩ ᠵᠠᠩᠰᠢᠯ ᠨᠢ ᠳᠠᠷᠤᠢ ᠮᠠᠨ ᠤ ᠦᠨᠳᠦᠰᠦᠳᠠᠨ ᠤ ᠥᠭᠡ ᠶᠠᠷᠢᠶ᠎ᠠ᠂ ᠶᠠᠪᠣᠵᠤ ᠰᠠᠭᠤᠬᠤ᠂ ᠢᠳᠠᠵᠤ ᠣᠤᠭᠤᠬᠤ᠂ ᠣᠠᠳᠠᠵᠤ ᠭᠡᠪᠳᠡᠭᠦ᠂ ᠡᠳ᠋ᠯᠡᠵᠤ ᠭᠡᠷᠡᠭᠯᠡᠭᠦ ᠳᠠᠯ᠎ᠠ ᠳᠤ ᠪᠦᠷ ᠢᠯᠠᠷᠠᠵᠤ ᠨᠠᠪᠳᠠᠷᠠᠵᠤ ᠪᠠᠢ᠌ᠳᠠᠭ᠃ ᠵᠢᠱᠢᠶᠠᠯᠠᠪᠠᠯ᠄ ᠮᠠᠨ ᠤ ᠮᠤᠩᠭ᠋ᠤᠯ ᠦᠨᠳᠦᠰᠦᠳᠠᠨ ᠠᠬᠠᠮᠠᠤᠨ ᠤᠨ ᠶᠢᠡᠨ ᠨᠠᠷ᠎ᠠ ᠪᠠᠷ ᠦᠯᠦ ᠳᠠᠭᠤᠳᠠᠬᠤ᠂ ᠠᠵᠢᠯ ᠣᠢ᠌ᠯᠠᠰ ᠡᠷᠭᠢᠯᠡᠭᠦ᠂ ᠠᠶᠠᠨ ᠳᠤᠭᠤᠰᠤᠨ ᠳᠤ ᠮᠤᠷᠳᠠᠬᠤ᠂ ᠴᠡᠷᠢᠭ᠌ ᠳᠠᠢ᠌ᠨ ᠳᠤ ᠶᠠᠪᠣᠬᠤ᠂ ᠠᠵᠤ ᠳᠦᠷᠤᠨ ᠠᠮᠢᠳᠤᠷᠠᠬᠤ᠂ ᠣᠳᠤᠷ ᠮᠠᠯᠵᠢᠯ ᠳᠡᠪᠰᠢᠭᠦ᠂ ᠭᠡᠷ ᠨᠤᠳᠤᠭ ᠨᠡᠭᠦᠭᠦ᠂ ᠠᠷᠠᠯᠵᠢᠶ᠎ᠠ ᠮᠠᠢ᠌ᠮᠠᠢ ᠭᠢᠭᠦ᠂ ᠬᠤᠷᠢᠮ ᠨᠠᠢ᠌ᠷ ᠭᠢᠭᠦ ᠵᠡᠷᠭᠡ ᠳᠤ ᠪᠦᠷ ᠯᠠ ᠦᠯᠵᠡᠢ ᠪᠠᠯᠭᠡᠳᠤ ᠰᠠᠢ᠌ᠨ ᠰᠠᠷ᠎ᠠ ᠡᠳᠦᠷ᠂ ᠴᠠᠭ ᠢ ᠰᠤᠩᠭ᠋ᠤᠵᠤ᠂ ᠠᠯᠢᠪᠠ ᠪᠦᠭᠦᠨ ᠰᠠᠢ᠌ᠨ ᠰᠠᠢ᠌ᠬᠠᠨ ᠪᠠᠢ᠌ᠬᠤ ᠶᠢᠨ ᠪᠠᠯᠭᠡ ᠳᠠᠮᠪᠠᠷᠢᠯ ᠶᠢᠡᠨ ᠪᠣᠯᠭᠠᠭᠰᠠᠭᠠᠷ ᠢᠷᠠᠵᠠᠢ᠃ ᠨᠥᠭᠦᠭᠡ ᠳᠠᠯ᠎ᠠ ᠪᠠᠷ ᠶᠠᠭ ᠡᠨᠡᠭᠦ ᠰᠠᠢ᠌ᠨ ᠰᠠᠢ᠌ᠬᠠᠨ ᠤ ᠲᠦᠯᠦᠭᠡ ᠠᠪᠣᠭᠰᠠᠨ ᠵᠠᠩ ᠵᠠᠩᠰᠢᠯ ᠶᠢᠡᠨ ᠮᠤᠩᠭ᠋ᠤᠯᠴᠤᠳ ᠬᠠᠷᠢᠨ ᠦᠪᠡᠷ ᠤᠨ ᠶᠢᠡᠨ ᠵᠦᠷᠢᠴᠠᠵᠤ ᠪᠣᠯᠤᠰᠢ ᠦᠭᠡᠶ ᠨᠢᠭᠡᠨ 《ᠬᠠᠳᠠᠭᠤ ᠴᠡᠭᠡᠷ》 ᠪᠣᠯᠭᠠᠵᠤ ᠢᠷᠡᠭ᠍ᠰᠡᠨ ᠶᠤᠮ᠃ ᠡᠨᠡᠭᠦ ᠬᠠᠳᠠᠭᠤ ᠴᠡᠭᠡᠷ ᠨᠢ ᠮᠠᠰᠢ ᠣᠯᠠᠨ ᠪᠠᠢ᠌ᠬᠤ ᠮᠦᠷᠳᠡᠭᠡᠨ ᠡᠳᠡᠭᠡᠷ ᠢ ᠨᠢ ᠰᠤᠨᠤᠰᠪᠠᠴᠤ ᠰᠠᠢ᠌ᠬᠠᠨ᠂ ᠦᠵᠡᠪᠠᠴᠤ ᠪᠠᠰᠠ ᠰᠠᠢ᠌ᠬᠠᠨ᠂ ᠪᠣᠳᠤᠪᠠᠴᠤ ᠪᠠᠰᠠ ᠰᠠᠢ᠌ᠬᠠᠨ᠂ ᠭᠡᠷᠡᠭᠯᠡᠪᠠᠴᠤ ᠪᠠᠰᠠ ᠰᠠᠢ᠌ᠬᠠᠨ ᠪᠠᠢ᠌ᠳᠠᠭ ᠪᠦᠯᠦᠭᠡ᠃ ᠶᠠᠭ ᠡᠢ᠌ᠮᠦᠷᠭᠦ ᠣᠴᠢᠷ ᠡᠴᠠ ᠡᠷᠭᠢᠮ ᠣᠯᠠᠨ ᠣᠩᠰᠢᠭᠴᠢᠳ ᠳᠠ ᠨᠡᠷ ᠳᠭᠠᠨ ᠮᠠᠨ ᠤ ᠦᠨᠳᠦᠰᠦᠳᠠᠨ ᠤ ᠪᠠᠨ ᠠᠯᠢ ᠣᠯᠠᠨ ᠰᠠᠢ᠌ᠨ ᠰᠠᠢ᠌ᠬᠠᠨ ᠤ ᠲᠦᠯᠦᠭᠡ ᠠᠪᠣᠭᠰᠠᠨ ᠵᠠᠩ ᠵᠠᠩᠰᠢᠯ᠂ 《ᠴᠡᠭᠡᠷ》 ᠶᠤᠰᠤᠨ ᠡᠴᠠ ᠦᠪᠡᠷ ᠤᠨ ᠣᠯᠵᠤ ᠮᠡᠳᠡᠭ᠍ᠰᠡᠨ ᠪᠠ ᠭᠡᠷᠭᠡᠯᠡᠵᠤ ᠶᠠᠪᠣᠭᠰᠠᠨ ᠵᠣᠢ᠌ᠯ ᠡᠴᠠ ᠪᠠᠨ ᠳᠠᠨᠢᠯᠴᠠᠭᠤᠯᠤᠶ᠎ᠠ ︕ ᠰᠤᠷᠭᠠᠯ ᠬᠠᠢ᠌ᠷᠠᠯᠠᠮᠤ ︕


ᠨᠢᠭᠡ᠂ ᠠᠷᠪᠠᠨ ᠬᠤᠶᠠᠷ ᠵᠢᠯ


ᠮᠤᠩᠭ᠋ᠤᠯ ᠭᠦᠮᠤᠨ 《ᠠᠷᠪᠠᠨ ᠬᠤᠶᠠᠷ ᠵᠢᠯ》 ᠊ᠢ ᠣᠠᠴᠠ ᠡᠷᠭᠢᠮᠯᠡᠵᠤ᠂ ᠠᠷᠪᠠᠨ ᠬᠤᠶᠠᠷ ᠵᠢᠯ ᠶᠢᠡᠷ ᠠᠷᠪᠠᠨ ᠬᠤᠶᠠᠷ ᠵᠣᠢ᠌ᠯ ᠪᠣᠯᠭᠠᠨ᠂ ᠵᠣᠢ᠌ᠯ ᠪᠦᠷᠢ ᠳᠤ ᠣᠷᠤᠳᠠᠭ ᠠᠮᠢᠳᠠᠨ ᠤ ᠳᠦᠷᠦᠭ᠍ᠰᠡᠨ ᠶᠠᠩᠵᠤ ᠭᠡᠯᠪᠠᠷᠢ ᠪᠠ ᠳᠡᠭᠦᠨ ᠤ ᠪᠣᠰᠤᠳ ᠣᠠᠴᠠᠯᠢᠭ ᠢ ᠶᠡᠭᠡᠯ᠎ᠡ ᠨᠠᠷᠢᠨ ᠰᠢᠠᠵᠢᠵᠤ᠂ ᠳᠡᠭᠦᠨ ᠤ ᠳᠤᠳᠤᠷ᠎ᠠ ᠡᠴᠡ ᠭᠦᠳᠡᠯᠦᠯ ᠪᠠᠷᠢᠯ ᠪᠣᠶᠤ ᠥᠩᠭᠡ ᠵᠢᠰᠤᠮ ᠨᠢ ᠶᠠᠮᠠᠷ ᠪᠠᠢ᠌ᠳᠠᠭ ᠵᠡᠷᠭᠡ ᠶᠢ ᠦᠨᠳᠦᠰᠦᠯᠠᠵᠤ᠂ ᠠᠵᠤ ᠠᠮᠢᠳᠤᠷᠠᠯ ᠤᠨ ᠶᠢᠡᠨ ᠪᠠᠯᠭᠡ ᠳᠠᠮᠪᠠᠷᠢᠯ ᠲᠡᠶ ᠪᠠᠨ ᠬᠤᠯᠪᠣᠵᠤ ᠢᠷᠡᠭ᠍ᠰᠡᠨ ᠪᠠᠢ᠌ᠨ᠎ᠠ᠃ ᠳᠠᠷᠤᠢ ᠄

(1) ᠬᠤᠯᠤᠭᠠᠨ᠎ᠠ ᠡᠳᠦᠷ ᠊᠊᠊᠊᠊᠊᠊᠊᠊᠊᠊᠊᠊᠊᠊ ᠬᠤᠯᠤᠭᠠᠨ᠎ᠠ ᠪᠣᠯ ᠭᠠᠳᠠᠨ᠎ᠠ ᠡᠴᠡ ᠶᠠᠭᠤᠮ᠎ᠠ ᠶᠢ ᠨᠥᠭᠡᠨ ᠳᠡᠭᠡᠨ ᠵᠥᠭᠡᠭᠡᠳᠡᠭ᠌ ᠡᠴᠡ ᠪᠢᠰᠢ ᠨᠥᠭᠡᠨ ᠡᠴᠡ ᠪᠠᠨ ᠢᠳᠠᠰᠢ ᠣᠤᠭᠤᠰᠢ ᠪᠠᠨ ᠭᠠᠳᠠᠭᠰᠢ ᠬᠠᠶᠠᠵᠤ ᠣᠷᠭᠢᠳᠠᠭ ᠦᠭᠡᠶ᠂ ᠡᠨᠡᠭᠦ ᠠᠮᠢᠳᠠᠨ ᠤ 《ᠣᠯᠬᠤ ᠶᠢ ᠮᠡᠳᠡᠳᠡᠭ᠌》 ᠣᠠᠴᠠᠯᠢᠭ ᠢ ᠦᠨᠳᠦᠰᠦᠯᠠᠨ ᠣᠯᠬᠤ ᠶᠢᠨ ᠪᠠᠯᠭᠡ ᠪᠣᠯᠭᠠᠵᠤ᠂ ᠬᠤᠯᠤᠭᠠᠨ᠎ᠠ ᠡᠳᠦᠷ ᠪᠣᠰᠤᠳ ᠲᠤ ᠪᠠᠯᠡᠭ᠌ ᠭᠦᠷᠭᠡᠳᠡᠭ᠌ ᠦᠭᠡᠶ᠃ ᠭᠡᠷᠪᠡ ᠪᠣᠰᠤᠳ ᠲᠤ ᠶᠠᠭᠤᠮ᠎ᠠ ᠵᠢᠭᠡᠯᠡᠭᠦᠯᠭᠦ ᠪᠣᠶᠤ ᠪᠠᠯᠡᠭ᠌ ᠭᠦᠷᠭᠡᠪᠠᠯ ᠡᠳ᠋ ᠭᠦᠷᠦᠩᠭᠡ ᠪᠠᠨ ᠪᠦᠭᠦᠨ ᠢ ᠭᠦᠡᠳᠦᠷᠡᠭᠦ ᠠᠶᠤᠯ ᠲᠡᠶ ᠭᠡᠵᠤ ᠴᠡᠭᠡᠷᠯᠡᠳᠡᠭ᠌᠃ ᠨᠠᠩ ᠴᠤ ᠭᠡᠦᠭᠡᠨ ᠭᠦᠮᠤᠨ ᠢ ᠬᠤᠯᠤᠭᠠᠨ᠎ᠠ ᠡᠳᠦᠷ ᠬᠠᠷᠢ ᠳᠤ ᠮᠤᠷᠳᠠᠭᠤᠯᠳᠠᠭ ᠦᠭᠡᠶ ᠶᠤᠮ᠃ ᠦᠰᠦ ᠭᠡᠵᠢᠭᠡ ᠪᠠᠨ ᠵᠠᠰᠠᠭᠤᠯᠬᠤ ᠦᠭᠡᠶ᠂ ᠬᠤᠭ ᠳᠤᠭᠤᠰᠤ ᠪᠠᠨ ᠭᠦᠪᠢᠭᠦ ᠦᠭᠡᠶ ᠪᠠᠢ᠌ᠳᠠᠭ᠃ ᠮᠠᠯ ᠣᠨᠤᠭ᠎ᠠ ᠪᠠᠨ ᠠᠯᠠᠵᠤ ᠬᠤᠳᠠᠯᠳᠤᠬᠤ ᠦᠭᠡᠶ᠃ ᠬᠤᠯᠤᠭᠠᠨ᠎ᠠ ᠡᠳᠦᠷ ᠶᠠᠭᠤᠮ᠎ᠠ ᠣᠯᠪᠠᠯ ᠶᠡᠭᠡ ᠪᠠᠶᠠᠷᠯᠠᠳᠠᠭ᠃

(2) ᠥᠭᠡᠷ ᠡᠳᠦᠷ ᠊᠊᠊᠊᠊᠊᠊᠊᠊᠊᠊᠊᠊᠊᠊ ᠥᠭᠡᠷ ᠪᠣᠯ ᠮᠤᠩᠭ᠋ᠤᠯ ᠭᠦᠮᠤᠨ ᠤ ᠡᠷᠳᠡ ᠳᠡᠭᠡᠳᠤ ᠦᠶ᠎ᠡ ᠡᠴᠡ ᠪᠠᠨ ᠠᠷᠠᠴᠢᠯᠠᠵᠤ ᠭᠡᠷᠡᠭᠯᠡᠵᠤ ᠢᠷᠡᠭ᠍ᠰᠡᠨ ᠠᠰᠢᠭᠳᠠᠢ ᠠᠮᠢᠳᠠᠨ ᠪᠣᠯᠬᠤᠷ᠂ ᠥᠭᠡᠷ ᠡᠳᠦᠷ ᠥᠭᠡᠷ ᠶᠢᠡᠨ ᠠᠯᠠᠵᠤ ᠬᠤᠳᠠᠯᠳᠤᠬᠤ ᠦᠭᠡᠶ᠂ ᠭᠡᠭᠡᠵᠤ ᠣᠷᠭᠢᠬᠤ ᠪᠣᠶᠤ ᠪᠣᠰᠤᠳ ᠲᠤ ᠪᠠᠯᠡᠭ᠌ ᠥᠭ᠍ᠪᠠᠯ ᠶᠡᠭᠡ ᠮᠠᠭᠤ ᠭᠡᠳᠡᠭ᠌᠃ ᠥᠭᠡᠷ ᠡᠳᠦᠷ ᠶᠠᠮᠠᠷᠴᠤ ᠣᠢ᠌ᠯᠠᠰ ᠢ ᠪᠦᠷ ᠡᠭᠢᠯᠡᠵᠤ ᠪᠣᠯᠤᠨ᠎ᠠ᠃ ᠥᠭᠡᠷ ᠤᠨ ᠶᠠᠪᠣᠬᠤ ᠨᠢ ᠣᠳᠠᠭᠠᠨ ᠪᠣᠯᠪᠠᠴᠤ ᠯᠠᠪᠳᠠᠭᠤᠨ ᠪᠠᠢ᠌ᠳᠠᠭ᠃ ᠥᠭᠡᠷ ᠳᠡᠷᠭᠡ ᠳᠠᠤᠯᠠᠢ ᠶᠢ ᠭᠦᠢᠴᠡᠳᠡᠭ᠌ ᠭᠡᠮᠡᠭᠦ ᠭᠡᠯᠡᠯᠭᠡ ᠪᠠᠢ᠌ᠳᠠᠭ ᠠᠵᠤᠭᠤ᠃

(3) ᠪᠠᠷᠰ ᠡᠳᠦᠷ ᠊᠊᠊᠊᠊᠊᠊᠊᠊᠊᠊᠊᠊᠊᠊ ᠪᠠᠷᠰ ᠡᠳᠦᠷ ᠢ ᠳᠤᠭᠰᠢᠨ ᠡᠳᠦᠷ ᠭᠡᠳᠡᠭ᠌᠂ ᠪᠠᠷᠰ ᠡᠳᠦᠷ ᠭᠦᠤ ᠲᠡᠶ ᠪᠣᠯᠪᠠᠯ ᠰᠠᠢ᠌ᠨ ᠭᠡᠳᠡᠭ᠌᠃ ᠭᠡᠪᠠᠴᠤ ᠪᠠᠷᠰ ᠡᠳᠦᠷ ᠬᠤᠷᠢᠮ ᠭᠢᠭᠦ ᠦᠭᠡᠶ᠂ ᠣᠳᠤᠭ᠎ᠠ ᠳᠤᠭᠤᠰᠤ ᠭᠦᠳᠡᠯᠭᠡᠭᠦ ᠦᠭᠡᠶ᠂ ᠣᠯᠠᠭᠠᠨ᠂ ᠴᠠᠭᠠᠨ ᠪᠠ ᠰᠢᠷ᠎ᠠ ᠪᠠᠷᠰ ᠪᠣᠯ ᠨᠠᠩ ᠭᠢᠴᠢᠶᠡᠳᠡᠭ᠌᠃ ᠭᠡᠪᠠᠴᠤ ᠬᠠᠷ᠎ᠠ ᠪᠠ ᠭᠦᠭᠡ ᠪᠠᠷᠰ ᠡᠳᠦᠷ ᠣᠢ᠌ᠯᠠᠰ ᠡᠷᠭᠢᠯᠡᠪᠠᠯ ᠯᠠᠪᠳᠠᠢ ᠥᠭᠡᠳᠡ ᠡᠰᠡᠷᠡᠭ᠌ ᠪᠣᠯᠤᠨ᠎ᠠ ᠭᠡᠳᠡᠭ᠌᠃

(4) ᠳᠠᠤᠯᠠᠢ ᠡᠳᠦᠷ ᠊᠊᠊᠊᠊᠊᠊᠊᠊᠊᠊᠊᠊᠊᠊ ᠳᠠᠤᠯᠠᠢ ᠪᠣᠭᠤᠷᠤᠯ ᠦᠰᠦᠳᠠᠢ ᠪᠣᠯᠬᠤᠷ ᠡᠨᠡ ᠡᠳᠦᠷ ᠦᠰᠦ ᠭᠡᠵᠢᠭᠡ ᠵᠠᠰᠠᠭᠤᠯᠳᠠᠭ ᠦᠭᠡᠶ᠃ ᠣᠳᠤᠭ᠎ᠠ ᠳᠤᠭᠤᠰᠤ ᠭᠦᠪᠢᠭᠦ ᠦᠭᠡᠶ᠂ ᠣᠯᠠᠭᠠᠨ ᠰᠢᠷ᠎ᠠ ᠥᠩᠭᠡ ᠶᠢᠨ ᠡᠳᠦᠷ ᠪᠣᠯ ᠨᠠᠩ ᠭᠢᠴᠢᠶᠠᠨ᠎ᠡ᠃ ᠠᠵᠢᠯ ᠣᠢ᠌ᠯᠠᠰ ᠡᠭᠢᠯᠡᠳᠡᠭ᠌ ᠦᠭᠡᠶ᠂ ᠪᠣᠰᠢᠭᠤ ᠳᠠᠤᠯᠠᠢ ᠪᠣᠷᠪᠢᠨ ᠳᠠᠭᠠᠨ ᠪᠠᠭᠠᠰᠤ ᠲᠡᠶ ᠭᠡᠳᠡᠭ᠌᠃ ᠳᠠᠤᠯᠠᠢ ᠡᠳᠦᠷ ᠠᠪᠠ ᠠᠩᠨᠠᠬᠤ ᠦᠭᠡᠶ᠂ ᠳᠠᠤᠯᠠᠢ ᠠᠷᠪᠢᠨ ᠪᠣᠯ ᠮᠠᠯ ᠦᠰᠦᠨ᠎ᠡ ᠭᠡᠳᠡᠭ᠌᠃

(5) ᠯᠤᠤ ᠡᠳᠦᠷ ᠊᠊᠊᠊᠊᠊᠊᠊᠊᠊᠊᠊᠊᠊᠊ ᠯᠤᠤ ᠡᠳᠦᠷ ᠴᠠᠰᠤ ᠵᠤᠳ᠂ ᠪᠣᠷᠤᠭᠠᠨ ᠬᠤᠷ᠎ᠠ ᠲᠡᠶ ᠪᠣᠯ ᠭᠤᠷᠢ ᠦᠭᠡᠶ᠂ ᠦᠷᠭᠦᠯᠵᠢᠯᠡᠵᠤ ᠭᠠᠮᠰᠢᠭ ᠭᠠᠷᠬᠤ ᠡᠴᠠ ᠠᠶᠤᠳᠠᠭ᠃ ᠮᠤᠩᠭ᠋ᠤᠯ ᠭᠦᠮᠤᠨ ᠯᠤᠤ ᠡᠳᠦᠷ ᠣᠭᠢᠯᠠᠳᠠᠭ ᠦᠭᠡᠶ᠂ ᠠᠬᠠᠮᠠᠤᠨ ᠨᠢ ᠬᠡᠦᠬᠡᠳ ᠨᠢᠯᠬ᠎ᠠ ᠪᠠᠨ ᠡᠨᠡ ᠡᠳᠦᠷ ᠣᠭᠢᠯᠠᠬᠤ ᠶᠢ ᠴᠢᠩᠭ᠎ᠠ ᠠᠩᠬᠠᠷᠳᠠᠭ᠃ ᠭᠠᠯ ᠵᠤᠤᠬ᠎ᠠ ᠪᠠᠨ ᠵᠠᠰᠠᠬᠤ ᠦᠭᠡᠶ ᠪᠣᠶᠤ ᠣᠳᠤᠭ᠎ᠠ ᠳᠤᠭᠤᠰᠤ ᠭᠦᠳᠡᠯᠭᠡᠭᠦ ᠦᠭᠡᠶ᠂ ᠭᠡᠷ ᠰᠠᠭᠤᠴᠠ ᠨᠡᠭᠦᠵᠤ ᠰᠢᠯᠵᠢᠭᠦ ᠦᠭᠡᠶ᠂ ᠦᠰᠦ ᠭᠡᠵᠢᠭᠡ ᠪᠠᠨ ᠵᠠᠰᠠᠭᠤᠯᠳᠠᠭ ᠦᠭᠡᠶ ᠶᠤᠮ᠃ ᠮᠠᠭᠤ ᠢᠷᠸ᠎ᠠ ᠢᠷᠠᠵᠤ ᠭᠡᠢ᠌ᠮᠦᠷᠢ ᠰᠦᠯᠳᠡ ᠪᠠᠭᠤᠷᠠᠨ᠎ᠠ ᠭᠡᠳᠡᠭ᠌᠃ ᠭᠡᠪᠠᠴᠤ ᠰᠢᠨ᠎ᠡ ᠪᠠᠷᠢ ᠪᠠᠭᠤᠯᠭᠠᠬᠤ ᠪᠣᠶᠤ ᠭᠦᠤ ᠲᠡᠶ ᠪᠣᠯᠪᠠᠯ ᠶᠡᠭᠡ ᠪᠠᠶᠠᠷᠯᠠᠳᠠᠭ᠃

(6) ᠮᠤᠭᠠᠢ ᠡᠳᠦᠷ ᠊᠊᠊᠊᠊᠊᠊᠊᠊᠊᠊᠊᠊᠊᠊ ᠡᠨᠡ ᠡᠳᠦᠷ ᠠᠵᠢᠯ ᠣᠢ᠌ᠯᠠᠰ ᠡᠭᠢᠯᠡᠭᠦ ᠪᠣᠶᠤ ᠠᠶᠠᠨ ᠳᠤ ᠮᠤᠷᠳᠠᠳᠠᠭ ᠦᠭᠡᠶ᠂ ᠨᠤᠤᠵᠢᠷᠠᠵᠤ ᠣᠳᠠᠭᠠᠰᠢᠷᠠᠬᠤ ᠪᠣᠶᠤ ᠪᠠᠷᠰ ᠤᠨ ᠳᠤᠯᠤᠭᠠᠢ ᠪᠠᠷ ᠡᠭᠢᠯᠡᠵᠤ᠂ ᠮᠤᠭᠠᠢ ᠶᠢᠨ ᠰᠡᠭᠦᠯ ᠶᠢᠡᠷ ᠰᠢᠪᠳᠤᠷᠬᠤ ᠡᠴᠡ ᠵᠠᠢ᠌ᠯᠠᠨ᠎ᠠ᠃ ᠭᠡᠪᠠᠴᠤ ᠵᠠᠷᠢᠮ ᠨᠢ ᠮᠤᠭᠠᠢ ᠣᠷᠳᠤ ᠪᠠᠶ᠎ᠠ ᠲᠡᠶ ᠠᠮᠢᠳᠠᠨ ᠳᠤᠯᠠ ᠮᠤᠭᠠᠢ ᠰᠠᠷ᠎ᠠ᠂ ᠮᠤᠭᠠᠢ ᠡᠳᠦᠷ᠂ ᠮᠤᠭᠠᠢ ᠴᠠᠭ ᠢ ᠰᠤᠩᠭ᠋ᠤᠵᠤ ᠭᠡᠷ᠂ ᠣᠳᠤᠷ ᠲᠤ ᠨᠡᠭᠦᠭᠦ᠂ ᠪᠠᠷᠢ ᠪᠠᠭᠤᠯᠭᠠᠪᠠᠯ ᠣᠷᠳᠤ ᠣᠳᠠᠭᠠᠨ ᠵᠢᠷᠭᠠᠬᠤ ᠶᠢ ᠪᠠᠯᠭᠡᠳᠡᠳᠡᠭ᠌᠃ ᠮᠤᠭᠠᠢ ᠶᠢ ᠣᠷᠳᠤ ᠬᠤᠷᠤᠬᠠᠢ ᠭᠡᠳᠡᠭ᠌᠃ ᠮᠤᠩᠭ᠋ᠤᠯ ᠭᠦᠮᠤᠨ ᠮᠤᠭᠠᠢ ᠶᠢ ᠠᠯᠠᠳᠠᠭ ᠦᠭᠡᠶ᠂ ᠮᠤᠭᠠᠢ ᠳᠠᠭᠠᠷᠠᠯᠳᠤᠪᠠᠯ 《ᠠᠯᠠ ︕》 ᠭᠡᠵᠤ ᠬᠠᠰᠭᠢᠷᠤᠭᠠᠤᠨ ᠵᠠᠢ᠌ᠯᠠᠵᠤ ᠶᠠᠪᠣᠳᠠᠭ ᠪᠠᠢ᠌ᠨ᠎ᠠ᠃ ᠣᠴᠢᠷ ᠨᠢ ᠮᠤᠩᠭ᠋ᠤᠯ ᠭᠦᠮᠤᠨ ᠮᠤᠭᠠᠢ ᠶᠢ ᠠᠭᠤᠯᠠ ᠣᠰᠤ᠂ ᠭᠠᠵᠠᠷ ᠨᠤᠳᠤᠭ ᠤᠨ ᠨᠠᠪᠳᠠᠭ᠂ ᠡᠵᠡᠯᠡᠭ᠍ᠴᠢ ᠭᠡᠵᠤ ᠭᠦᠡᠳᠦᠳᠭᠡᠨ ᠦᠵᠡᠵᠤ᠂ ᠮᠤᠭᠠᠢ ᠭᠡᠷ ᠦᠷᠦᠭᠡᠨ ᠳᠤ ᠣᠷᠤᠵᠤ ᠢᠷᠠᠪᠠᠯ 《ᠰᠠᠢ᠌ᠨ ᠢᠷᠸ᠎ᠠ ᠲᠤᠬᠢᠶᠠᠯᠳᠤᠵᠤ᠂ ᠪᠠᠶᠠᠵᠢᠨ᠎ᠠ》 ᠭᠡᠵᠤ ᠮᠤᠭᠠᠢ ᠶᠢᠨ ᠳᠤᠯᠤᠭᠠᠢ ᠳᠡᠭᠡᠷ᠎ᠡ ᠦᠷᠤᠮ᠎ᠠ ᠰᠦ᠋ ᠶᠢᠨ ᠵᠣᠢ᠌ᠯ ᠢ ᠳᠤᠰᠤᠯᠭᠠᠵᠤ ᠭᠠᠳᠠᠭᠰᠢ ᠪᠠᠨ 《ᠵᠠᠯᠠᠵᠤ》 ᠶᠠᠪᠣᠭᠤᠯᠳᠠᠭ ᠪᠠᠢ᠌ᠨ᠎ᠠ᠃ ᠭᠡᠪᠠᠴᠤ ᠮᠤᠭᠠᠢ ᠡᠳᠦᠷ ᠡᠮᠴᠢ ᠵᠠᠯᠠᠵᠤ ᠡᠪᠡᠳᠴᠢᠨ ᠥᠵᠡᠭᠦᠯᠳᠡᠭ᠌ ᠦᠭᠡᠶ᠂ ᠡᠮ ᠣᠤᠭᠤᠵᠤ ᠡᠭᠢᠯᠡᠭᠦ ᠶᠢ ᠴᠡᠭᠡᠷᠯᠡᠨ᠎ᠡ᠃

(7) ᠮᠤᠷᠢ ᠡᠳᠦᠷ ᠊᠊᠊᠊᠊᠊᠊᠊᠊᠊᠊᠊᠊᠊᠊ ᠮᠤᠷᠢ ᠪᠣᠯ ᠮᠠᠨ ᠤ ᠮᠤᠩᠭ᠋ᠤᠯ ᠦᠨᠳᠦᠰᠦᠳᠠᠨ ᠤ ᠭᠡᠢ᠌ᠮᠦᠷᠢ ᠴᠤᠭ ᠵᠢᠪᠬᠤᠭ᠎ᠠ ᠶᠢᠨ ᠪᠠᠯᠡᠭ᠌ ᠰᠦᠯᠳᠡ᠂ ᠮᠤᠷᠢ ᠪᠣᠯ ᠮᠠᠨ ᠤ ᠮᠤᠩᠭ᠋ᠤᠯ ᠦᠨᠳᠦᠰᠦᠳᠠᠨ ᠤ ᠳᠠᠢ᠌ᠴᠢᠨ ᠬᠠᠨᠢ ᠪᠣᠯᠤᠭᠰᠠᠭᠠᠷ ᠢᠷᠡᠭ᠍ᠰᠡᠨ ᠰᠠᠢ᠌ᠨ ᠠᠮᠢᠳᠠᠨ ᠪᠣᠯᠬᠤᠷ ᠮᠤᠷᠢ ᠡᠳᠦᠷ ᠢ ᠥᠩᠭᠡ ᠶᠢ ᠨᠢ ᠶᠡᠭᠡ ᠢᠯᠭᠠᠬᠤ ᠦᠭᠡᠶ᠂ ᠪᠦᠷ ᠰᠠᠢ᠌ᠨ ᠡᠳᠦᠷ ᠪᠣᠯᠭᠠᠵᠤ᠂ ᠮᠤᠷᠢ ᠡᠳᠦᠷ ᠤᠨ ᠮᠤᠷᠢ ᠴᠠᠭ ᠲᠤ ᠶᠠᠮᠠᠷ ᠴᠤ ᠠᠳᠠᠯ ᠣᠢ᠌ᠯᠠᠰ ᠢ ᠡᠭᠢᠯᠡᠵᠤ ᠪᠦᠷ ᠪᠣᠯᠬᠤ ᠮᠦᠷᠳᠡᠭᠡᠨ ᠬᠤᠷᠳᠤᠨ ᠠᠮᠵᠢᠯᠳᠠ ᠲᠡᠶ ᠪᠠᠶᠡᠯᠡᠭ᠍ᠳᠡᠵᠤ ᠴᠢᠳᠠᠨ᠎ᠠ ᠭᠡᠵᠤ ᠥᠵᠡᠳᠡᠭ᠌᠃ ᠭᠡᠪᠠᠴᠤ ᠮᠤᠷᠢ ᠡᠳᠦᠷ ᠮᠤᠩᠭ᠋ᠤᠯ ᠭᠦᠮᠤᠨ ᠮᠤᠷᠢ ᠪᠠᠨ ᠭᠡᠳᠦᠷᠭᠡᠢ ᠵᠥᠳᠡᠷᠡᠭᠡᠭᠦ ᠦᠭᠡᠶ᠂ ᠬᠤᠳᠠᠯᠳᠤᠬᠤ ᠦᠭᠡᠶ᠂ ᠪᠣᠰᠤᠳ ᠲᠤ ᠮᠤᠷᠢ ᠪᠠᠯᠭᠡᠯᠡᠭᠦ ᠦᠭᠡᠶ᠂ ᠠᠭᠳᠠᠯᠠᠬᠤ (ᠵᠠᠷᠢᠮ ᠳᠠᠭᠠᠨ ᠦᠷᠢᠶ᠎ᠠ ᠡᠰᠭᠡᠭᠦ᠂ ᠦᠷᠢᠶ᠎ᠠ ᠴᠠᠭᠠᠯᠠᠬᠤ᠂ ᠭᠦᠩᠯᠡᠭᠦ ᠭᠡᠳᠡᠭ᠌) ᠦᠭᠡᠶ ᠪᠠᠢ᠌ᠳᠠᠭ᠂ ᠣᠳᠤᠭ᠎ᠠ ᠳᠤᠭᠤᠰᠤ ᠭᠦᠪᠢᠭᠦ ᠦᠭᠡᠶ ᠪᠠᠢ᠌ᠳᠠᠭ᠃ ᠮᠤᠩᠭ᠋ᠤᠯ ᠭᠦᠮᠤᠨ ᠮᠤᠷᠢᠨ ᠮᠢᠬ᠎ᠠ ᠶᠢ ᠢᠳᠡᠳᠡᠭ᠌ ᠦᠭᠡᠶ᠃

(8) ᠬᠤᠨᠢ ᠡᠳᠦᠷ ᠊᠊᠊᠊᠊᠊᠊᠊᠊᠊᠊᠊᠊᠊᠊ ᠨᠤᠮᠤᠬᠠᠨ ᠡᠳᠦᠷ ᠭᠡᠳᠡᠭ᠌᠂ ᠬᠤᠨᠢ ᠪᠣᠯ ᠬᠠᠯᠠᠭᠤᠨ ᠬᠤᠰᠢᠭᠤ ᠲᠡᠶ ᠠᠮᠢᠳᠠᠨ ᠪᠣᠯᠬᠤᠷ ᠬᠤᠨᠢ ᠡᠳᠦᠷ ᠢ ᠮᠤᠩᠭ᠋ᠤᠯ ᠭᠦᠮᠤᠨ ᠮᠤᠷᠢ ᠥᠭᠡᠷ ᠲᠡᠶ ᠠᠳᠠᠯᠢᠬᠠᠨ ᠡᠷᠭᠢᠮᠯᠡᠵᠤ᠂ ᠬᠤᠨᠢ ᠡᠳᠦᠷ ᠣᠢ᠌ᠯᠠᠰ ᠡᠷᠭᠢᠯᠡᠳᠡᠭ᠌᠃ ᠭᠡᠪᠠᠴᠤ ᠬᠤᠨᠢ ᠡᠳᠦᠷ ᠬᠤᠨᠢ ᠪᠠᠨ ᠠᠯᠠᠬᠤ ᠦᠭᠡᠶ᠂ ᠬᠤᠳᠠᠯᠳᠠᠬᠤ ᠦᠭᠡᠶ᠂ ᠪᠣᠰᠤᠳ ᠲᠤ ᠪᠠᠯᠡᠭ᠌ ᠭᠦᠷᠭᠡᠳᠡᠭ᠌ ᠦᠭᠡᠶ ᠪᠣᠶᠤ ᠴᠤᠭᠢᠵᠤ ᠰᠢᠷᠬᠠᠳᠠᠭᠤᠯᠬᠤ ᠦᠭᠡᠶ᠂ ᠬᠤᠷᠠᠭ᠎ᠠ ᠢᠰᠢᠭᠡ ᠴᠢᠮᠭᠢᠭᠦ (ᠵᠠᠷᠢᠮ ᠭᠠᠵᠠᠷ ᠲᠤ ᠴᠠᠭᠠᠯᠠᠬᠤ᠂ ᠭᠦᠩᠭᠡᠯᠡᠭᠦ ᠭᠡᠳᠡᠭ᠌) ᠦᠭᠡᠶ᠃

(9) ᠪᠠᠴᠢᠨ ᠡᠳᠦᠷ ᠊᠊᠊᠊᠊᠊᠊᠊᠊᠊᠊᠊᠊᠊᠊ ᠭᠦᠮᠤᠨ ᠡᠳᠦᠷ ᠭᠡᠳᠡᠭ᠌᠂ ᠦᠰᠦ ᠠᠪᠬᠤ ᠦᠭᠡᠶ᠂ ᠣᠳᠤᠭ᠎ᠠ ᠳᠤᠭᠤᠰᠤ ᠭᠦᠳᠡᠯᠭᠡᠭᠦ ᠦᠭᠡᠶ᠂ ᠬᠤᠷᠢᠮ ᠨᠠᠢ᠌ᠷ ᠭᠢᠭᠦ ᠦᠭᠡᠶ᠂ ᠭᠦᠮᠤᠨ ᠥᠭᠦᠪᠠᠯ ᠶᠡᠭᠡ ᠮᠠᠭᠤ ᠭᠡᠳᠡᠭ᠌᠂ ᠭᠡᠪᠠᠴᠤ ᠥᠩᠭᠡ ᠶᠢ ᠨᠢ ᠦᠵᠡᠵᠤ ᠬᠠᠷᠰᠢᠯᠳᠤᠬᠤ ᠦᠭᠡᠶ ᠴᠠᠭ ᠢ ᠨᠢ ᠳᠤᠭᠢᠷᠠᠭᠤᠯᠵᠤ ᠣᠷᠤᠰᠢᠭᠤᠯᠤᠨ᠎ᠠ ᠭᠡᠳᠡᠭ᠌᠃ ᠪᠠᠴᠢ ᠡᠳᠦᠷ ᠢ ᠪᠠᠰᠠ ᠰᠠᠮᠵᠠ ᠡᠳᠦᠷ ᠭᠡᠳ ᠪᠠᠴᠢ ᠡᠳᠦᠷ ᠳᠠᠷᠢᠶ᠎ᠠ ᠳᠠᠷᠢᠵᠤ ᠪᠣᠯᠬᠤ ᠦᠭᠡᠶ ᠭᠡᠳᠡᠭ᠌᠂ ᠶᠠᠷᠤ ᠶᠢᠨ ᠶᠠᠷᠢᠶᠠᠨ ᠳᠤ 《ᠰᠠᠮᠵᠠ ᠬᠠᠮᠢᠭ᠎ᠠ ᠶᠠᠪᠣᠪᠠᠯ ᠳᠠᠠᠳᠠ ᠳᠠᠷᠢᠶ᠎ᠠ ᠠᠯᠳᠠᠨ᠎ᠠ ︕》 ᠭᠡᠳᠡᠭ᠌ ᠪᠢᠰᠢᠤ ᠳ᠋ᠠ ᠭᠦᠢ ︕

(10) ᠳᠠᠭᠢᠶ᠎ᠠ ᠡᠳᠦᠷ ᠊᠊᠊᠊᠊᠊᠊᠊᠊᠊᠊᠊᠊᠊᠊ ᠭᠠᠯ ᠡᠳᠦᠷ ᠭᠡᠳᠡᠭ᠌᠂ ᠣᠯᠠᠭᠠᠨ ᠪᠠ ᠰᠢᠷ᠎ᠠ ᠥᠩᠭᠡ ᠶᠢᠨ ᠳᠠᠭᠢᠶ᠎ᠠ ᠡᠳᠦᠷ ᠢ ᠴᠢᠩᠭ᠎ᠠ ᠭᠢᠴᠢᠶᠡᠳᠡᠭ᠌᠃ ᠡᠢ᠌ᠮᠤ ᠡᠳᠦᠷ ᠭᠠᠯ ᠭᠠᠷᠬᠤ ᠶᠢ ᠣᠠᠴᠠ ᠠᠩᠬᠠᠷᠴᠤ᠂ ᠬᠤᠤᠪᠠᠩ ᠵᠤᠤᠬ᠎ᠠ ᠪᠠᠨ ᠵᠠᠰᠠᠬᠤ ᠦᠭᠡᠶ᠂ ᠣᠳᠤᠭ᠎ᠠ ᠳᠤᠭᠤᠰᠤ ᠭᠦᠳᠡᠯᠭᠡᠭᠦ ᠦᠭᠡᠶ᠂ ᠠᠶᠠᠨ ᠳᠤ ᠶᠠᠪᠣᠬᠤ ᠪᠠ ᠣᠳᠤᠷ ᠮᠠᠯᠵᠢᠯ ᠶᠢᠡᠷ ᠨᠡᠭᠦᠭᠦ ᠦᠭᠡᠶ᠃ ᠪᠣᠰᠤᠳ ᠲᠤ ᠶᠠᠭᠤᠮ᠎ᠠ ᠦᠭ‍ᠭᠦ ᠦᠭᠡᠶ᠂ ᠬᠤᠷᠢᠮ ᠨᠠᠢ᠌ᠷ ᠭᠢᠭᠦ ᠦᠭᠡᠶ᠂ ᠦᠰᠦ ᠭᠡᠵᠢᠭᠡ ᠵᠠᠰᠠᠭᠤᠯᠳᠠᠭ ᠦᠭᠡᠶ᠃

(11) ᠨᠤᠬᠠᠢ ᠡᠳᠦᠷ ᠊᠊᠊᠊᠊᠊᠊᠊᠊᠊᠊᠊᠊᠊᠊ ᠨᠤᠬᠠᠢ ᠡᠳᠦᠷ ᠢ ᠰᠠᠢ᠌ᠨ ᠡᠳᠦᠷ ᠭᠡᠳᠡᠭ᠌᠃ ᠨᠤᠬᠠᠢ ᠪᠣᠯ ᠪᠠᠰᠠᠴᠤ ᠮᠠᠨ ᠤ ᠮᠤᠩᠭ᠋ᠤᠯ ᠭᠦᠮᠤᠨ ᠤ ᠰᠠᠢ᠌ᠨ ᠨᠠᠢ᠌ᠵᠠ ᠶᠤᠮ᠃ ᠨᠤᠬᠠᠢ ᠬᠤᠷᠳᠤᠨ ᠠᠮᠢᠳᠠᠨ ᠪᠦᠭᠡᠳ ᠬᠤᠳᠠ ᠪᠠᠨ ᠰᠠᠭᠢᠳᠠᠭ ᠰᠠᠢ᠌ᠨ ᠠᠮᠢᠳᠠᠨ ᠪᠣᠯᠬᠤᠷ ᠨᠤᠬᠠᠢ ᠡᠳᠦᠷ ᠣᠢ᠌ᠯᠠᠰ ᠡᠭᠢᠯᠡᠭᠦ ᠪᠣᠶᠤ ᠪᠦᠳᠦᠭᠡᠭᠦ᠂ ᠠᠶᠠᠨ ᠳᠤᠭᠤᠰᠤᠨ ᠳᠤ ᠶᠠᠪᠣᠬᠤ᠂ ᠣᠳᠤᠷ ᠮᠠᠯᠵᠢᠯ ᠶᠢᠡᠷ ᠨᠡᠭᠦᠵᠤ ᠪᠣᠯᠳᠠᠭ᠃ ᠭᠡᠪᠠᠴᠤ ᠨᠤᠬᠠᠢ ᠡᠳᠦᠷ ᠨᠤᠬᠠᠢ ᠳᠤ ᠬᠠᠵᠠᠭᠳᠠᠪᠠᠯ ᠰᠠᠷᠠᠢ᠌ᠨ ᠭᠤᠷᠪᠠᠨ ᠪᠠᠷᠴᠢᠳ ᠲᠡᠶ ᠭᠡᠳᠡᠭ᠌᠃ ᠣᠠᠴᠠ ᠭᠢᠴᠢᠶᠡᠳᠡᠭ᠌᠃ ᠨᠤᠬᠠᠢ ᠳᠤ ᠬᠠᠵᠠᠭᠳᠠᠪᠠᠯ ᠳᠤᠰ ᠨᠤᠬᠠᠢ ᠶᠢᠨ ᠰᠡᠭᠦᠯ ᠡᠴᠠ ᠬᠠᠢ᠌ᠴᠢᠯᠠᠨ ᠠᠪᠴᠤ ᠰᠢᠳᠠᠭᠠᠵᠤ ᠰᠢᠷᠪᠣᠰᠤ ᠶᠢ ᠨᠢ ᠰᠢᠷᠬᠠᠨ ᠳᠡᠭᠡᠷ᠎ᠡ ᠪᠠᠨ ᠳᠠᠯᠪᠢᠳᠠᠭ᠃ ᠨᠤᠬᠠᠢ ᠡᠴᠠ ᠠᠶᠤᠵᠤ ᠰᠤᠴᠢᠭᠰᠠᠨ ᠭᠦᠮᠤᠨ ᠢ ᠳᠠᠷᠠ ᠨᠤᠬᠠᠢ ᠶᠢᠨ ᠵᠥᠭ᠌ ᠲᠤ ᠬᠠᠠᠳᠤᠭᠤᠯᠵᠤ ᠰᠢᠭᠡᠭᠡᠯᠭᠡᠳᠡᠭ᠌᠃ ᠢᠩᠭᠢᠭᠦ ᠨᠢ ᠭᠠᠢ ᠪᠠᠷᠠᠴᠢᠳ ᠢ ᠨᠢ ᠵᠠᠢ᠌ᠯᠠᠭᠤᠯᠵᠤ ᠪᠠᠢ᠌ᠬᠤ ᠪᠠ ᠰᠤᠴᠢᠭ᠎ᠠ ᠶᠢ ᠨᠢ ᠭᠠᠷᠭᠠᠵᠤ ᠪᠠᠢ᠌ᠨ᠎ᠠ ᠭᠡᠳᠡᠭ᠌᠃ ᠮᠤᠩᠭ᠋ᠤᠯ ᠭᠦᠮᠤᠨ ᠨᠤᠬᠠᠢ ᠪᠠᠨ ᠦᠷᠦᠭᠡᠯ ᠪᠣᠰᠤᠳ ᠤᠨ ᠳᠤ ᠣᠷᠪᠠᠬᠤ ᠶᠢ ᠶᠡᠭᠡ ᠰᠡᠵᠢᠭᠯᠡᠳᠡᠭ᠌᠃ ᠭᠦᠷᠦᠩᠭᠡ ᠪᠣᠶᠠᠨ ᠰᠢᠯᠵᠢᠨ᠎ᠡ ᠭᠡᠳᠡᠭ᠌᠃ ᠰᠥ᠋ ᠰᠠᠭᠠᠯᠢ ᠶᠢᠨ ᠪᠦᠳᠦᠭᠡᠭ᠍ᠳᠡᠭᠦᠨ ᠮᠠᠭᠤᠳᠠᠬᠤ᠂ ᠳᠠᠷᠤᠢ ᠦᠷᠤᠮ᠎ᠠ ᠰᠠᠭᠤᠬᠤ ᠨᠢ ᠪᠠᠭᠠᠰᠠᠬᠤ᠂ ᠬᠤᠷᠤᠳ ᠣᠷᠤᠰᠵᠤ ᠰᠢᠷᠪᠤᠰᠦᠯᠡᠭᠦ ᠵᠡᠷᠭᠡ ᠥᠵᠡᠭ᠍ᠳᠡᠯ ᠭᠠᠷᠪᠠᠯ ᠨᠤᠬᠠᠢ ᠪᠠᠷ ᠰᠥ᠋ ᠰᠠᠭᠠᠯᠢ ᠶᠢᠨ ᠰᠠᠪᠠ ᠰᠠᠭᠤᠯᠠᠭ᠎ᠠ ᠪᠠᠨ ᠳᠤᠯᠢᠶᠠᠯᠭᠠᠳᠠᠭ ᠵᠠᠩᠰᠢᠯ ᠲᠡᠶ ᠪᠠᠢ᠌ᠳᠠᠭ᠃ ᠮᠤᠩᠭ᠋ᠤᠯ ᠭᠦᠮᠤᠨ ᠨᠤᠬᠠᠢ ᠪᠠᠨ ᠥᠳᠡᠯᠡᠭᠡᠵᠤ ᠮᠤᠨᠤᠯᠭᠠᠳᠠᠭ᠃ ᠨᠤᠬᠠᠢ ᠨᠢ ᠦᠳᠡᠯᠦᠵᠤ ᠥᠭᠦᠪᠠᠯ ᠰᠠᠢ᠌ᠨ᠎ᠠ ᠭᠡᠳᠡᠭ᠌᠃ ᠠᠢ᠌ᠯ ᠡᠷᠦᠭᠡ ᠪᠠᠶᠠᠵᠢᠨ᠎ᠠ ᠭᠡᠳᠡᠭ᠌.᠃ ᠨᠤᠬᠠᠢ ᠡᠵᠡᠨ ᠤ ᠪᠠᠨ ᠣᠷᠤᠨ ᠳᠤ ᠥᠭᠦᠳᠡᠭ᠌ ᠭᠡᠳᠡᠭ᠌᠃ ᠮᠤᠩᠭ᠋ᠤᠯ ᠭᠦᠮᠤᠨ ᠨᠤᠬᠠᠢ ᠨᠢ ᠭᠡᠮᠨᠡᠪᠠᠯ ᠡᠮᠨᠡᠵᠤ ᠵᠠᠰᠠᠭᠤᠯᠳᠠᠭ ᠦᠭᠡᠶ᠂ ᠨᠤᠬᠠᠢ ᠨᠢ ᠥᠭᠦᠪᠠᠯ ᠭᠡᠭᠦᠷ ᠢ ᠨᠢ ᠥᠡᠳᠦᠷᠯᠢᠭ᠌ ᠭᠠᠵᠠᠷ ᠢ ᠰᠤᠩᠭ᠋ᠤᠵᠤ ᠳᠤᠯᠤᠭᠠᠢ ᠢ ᠨᠢ ᠬᠣᠢ᠌ᠰᠢ ᠬᠠᠠᠳᠤᠭᠤᠯᠵᠤ ᠳᠠᠯᠪᠢᠳᠠᠭ ᠣᠴᠢᠷ ᠲᠡᠶ᠃ ᠠᠪᠠ ᠳᠤ ᠰᠠᠢ᠌ᠨ ᠨᠤᠬᠠᠢ ᠶᠢ ᠠᠢ᠌ᠯ ᠠᠢ᠌ᠮᠠᠭ ᠶᠢᠡᠷ ᠶᠢᠡᠨ ᠪᠠᠬᠠᠷᠬᠠᠵᠤ ᠬᠠᠢ᠌ᠷᠠᠯᠠᠳᠠᠭ ᠶᠤᠮ᠃ ᠮᠤᠩᠭ᠋ᠤᠯ ᠭᠦᠮᠤᠨ ᠨᠤᠬᠠᠢ ᠶᠢᠨ ᠮᠢᠬ᠎ᠠ ᠢᠳᠡᠳᠡᠭ᠌ ᠦᠭᠡᠶ᠃

(12) ᠭᠠᠬᠠᠢ ᠡᠳᠦᠷ ᠊᠊᠊᠊᠊᠊᠊᠊᠊᠊᠊᠊᠊᠊᠊ ᠮᠤᠩᠭ᠋ᠤᠯ ᠭᠦᠮᠤᠨ ᠳᠤᠰ ᠡᠳᠦᠷ ᠴᠠᠪᠠᠷ ᠠᠷᠢᠭᠤᠨ ᠰᠠᠢ᠌ᠬᠠᠨ ᠰᠠᠭᠤᠬᠤ ᠶᠢ ᠣᠠᠴᠠ ᠠᠩᠬᠠᠷᠴᠤ ᠬᠤᠭ ᠨᠤᠪᠰᠢ ᠣᠳᠤᠭ᠎ᠠ ᠳᠤᠭᠤᠰᠤ ᠪᠠᠨ ᠰᠠᠢ᠌ᠳᠤᠷ ᠴᠡᠪᠠᠷᠯᠡᠳᠡᠭ᠌᠃ ᠭᠠᠬᠠᠢ ᠶᠢ ᠶ‍ᠣᠢ᠌ᠯᠠᠳᠠᠭ ᠠᠮᠢᠳᠠᠨ᠂ ᠭᠠᠵᠠᠷ ᠰᠡᠨᠳᠡᠯᠳᠡᠭ᠌ ᠭᠡᠵᠤ ᠮᠤᠩᠭ᠋ᠤᠯ ᠭᠦᠮᠤᠨ ᠶᠠᠷᠤ ᠡᠴᠠ ᠪᠢᠰᠢᠷᠡᠳᠡᠭ᠌ ᠦᠭᠡᠶ᠃ ᠭᠠᠬᠠᠢ ᠡᠳᠦᠷ ᠪᠠᠶᠠᠷ ᠭᠦᠷ ᠲᠡᠶ ᠪᠠᠢ᠌ᠬᠤ ᠶᠢ ᠣᠠᠴᠠ ᠠᠩᠬᠠᠷᠳᠠᠭ᠃ ᠭᠠᠬᠠᠢ ᠡᠳᠦᠷ ᠢ ᠪᠠᠰᠠ ᠪᠦᠭᠡ ᠡᠳᠦᠷ ᠭᠡᠳᠡᠭ᠌᠃ ᠣᠴᠢᠷ ᠨᠢ ᠭᠠᠬᠠᠢ ᠰᠢᠷᠬᠠᠨ ᠳᠠᠭᠠᠨ ᠪᠦᠭᠡ ᠳᠤᠯᠠ ᠬᠤᠷᠠᠭ᠎ᠠ ᠢᠰᠢᠭᠡ᠂ ᠪᠢᠷᠠᠭᠤ ᠶᠢᠨ ᠪᠦᠭᠡᠷ᠎ᠡ ᠶᠢ ᠴᠢᠮᠭᠢᠵᠤ ᠴᠠᠭᠠᠯᠬᠤ ᠪᠠ ᠦᠷᠢᠶ᠎ᠠ ᠡᠰᠭᠡᠵᠤ ᠭᠦᠩᠭᠡᠯᠡᠭᠦ ᠰᠠᠢ᠌ᠨ ᠡᠳᠦᠷ ᠭᠡᠳᠡᠭ᠌᠃ ᠭᠠᠬᠠᠢ ᠡᠳᠦᠷ ᠠᠵᠢᠯ ᠣᠢ᠌ᠯᠠᠰ ᠡᠭᠢᠯᠡᠵᠤ ᠡᠷᠭᠢᠯᠡᠵᠤ ᠬᠤᠷᠢᠮ ᠨᠠᠢ᠌ᠷ ᠭᠢᠭᠦ᠂ ᠦᠰᠦ ᠭᠡᠵᠢᠭᠡ ᠵᠠᠰᠠᠭᠤᠯᠠᠪᠠᠯ ᠰᠠᠢ᠌ᠨ ᠭᠡᠳᠡᠭ᠌᠃

ᠡᠭᠦᠨ ᠡᠴᠠ ᠪᠣᠰᠤᠳ ᠰᠠᠷ᠎ᠠ ᠪᠣᠯᠭᠠᠨ ᠤ ᠰᠢᠨ᠎ᠡ ᠶᠢᠨ ᠨᠢ᠋ᠮᠠᠨ᠂ ᠠᠷᠪᠠᠨ᠂ ᠠᠷᠪᠠᠨ ᠭᠤᠷᠪᠠᠨ ᠵᠡᠷᠭᠡ ᠶᠢᠨ ᠡᠳᠦᠷ ᠢ ᠣᠠᠴᠠ ᠭᠢᠴᠢᠶᠠᠵᠤ ᠭᠠᠳᠠᠭᠰᠢ ᠭᠠᠷᠬᠤ ᠪᠠ ᠠᠵᠢᠯ ᠣᠢ᠌ᠯᠠᠰ ᠡᠭᠦᠰᠭᠡᠭᠦ ᠦᠭᠡᠶ᠃ ᠣᠴᠢᠷ ᠨᠢ ᠡᠳᠡᠭᠡᠷ ᠡᠳᠦᠷ ᠢ ᠠᠩᠭ᠋ᠠᠷᠬᠠᠢ ᠡᠳᠦᠷ ᠭᠡᠵᠤ ᠶᠠᠮᠠᠷ ᠴᠤ ᠶᠠᠪᠣᠳᠠᠯ ᠣᠢ᠌ᠯᠠᠰ ᠪᠦᠳᠦᠳᠡᠭ᠌ ᠦᠭᠡᠶ ᠲᠤᠢ᠌ᠯ ᠤᠨ ᠮᠠᠭᠤ ᠡᠳᠦᠷ ᠭᠡᠵᠤ ᠥᠵᠡᠳᠡᠭ᠌᠃ ᠶᠠᠭ ᠳᠡᠭᠡᠷᠡᠭᠢ ᠲᠡᠶ ᠠᠳᠠᠯᠢ ᠪᠠᠷ ᠯᠠ ᠰᠠᠷ᠎ᠠ ᠶᠢᠨ ᠬᠤᠷᠢᠨ ᠭᠤᠷᠪᠠᠨ ᠤ ᠡᠳᠦᠷ ᠣᠯᠠᠭᠠᠨ᠂ ᠰᠢᠷ᠎ᠠ ᠥᠩᠭᠡ ᠶᠢᠨ ᠪᠣᠶᠤ ᠭᠡᠷᠪᠡ ᠪᠠᠷᠰ᠂ ᠯᠤᠤ᠂ ᠮᠤᠷᠢ᠂ ᠪᠡᠴᠢ᠂ ᠳᠠᠭᠢᠶ᠎ᠠ ᠵᠡᠷᠭᠡ ᠶᠢᠨ ᠡᠳᠦᠷ ᠲᠤᠬᠢᠶᠠᠯᠳᠤᠪᠠᠯ ᠬᠤᠭ ᠳᠤᠭᠤᠰᠤ ᠪᠠᠨ ᠣᠷᠢᠳᠴᠢᠯᠠᠨ ᠡᠳᠦᠷ ᠦᠵᠡᠵᠤ ᠭᠦᠪᠢᠳᠡᠭ᠌ ᠶᠤᠰᠤᠳᠠᠢ᠃

ᠦᠷᠭᠡᠨ ᠣᠯᠠᠨ ᠣᠩᠰᠢᠭᠴᠢᠳ ᠨᠡᠷ ᠲᠠᠭᠠᠨ ᠰᠠᠨᠠᠭᠤᠯᠬᠤ ᠨᠢ᠄ ᠪᠢ ᠪᠣᠯ ᠮᠠᠨ ᠤ ᠮᠤᠩᠭ᠋ᠤᠯ ᠦᠨᠳᠦᠰᠦᠳᠠᠨ ᠤ ᠣᠯᠠᠨ ᠠᠢ᠌ᠮᠠᠭ ᠪᠦᠯᠦᠭ᠌ ᠤᠨ ᠨᠢᠭᠡᠨ ᠪᠣᠯᠬᠤ᠂ 《ᠪᠠᠯᠴᠢᠷᠤᠳ》 ᠠᠢ᠌ᠮᠠᠭ ᠤᠨ ᠵᠢᠭᠡ ᠪᠣᠯᠤᠨ᠎ᠠ᠃ ᠮᠢᠨᠤ ᠠᠪᠣ᠂ ᠨᠠᠳᠠ ᠲᠡᠶ ᠬᠤᠶᠠᠷ ᠦᠶ᠎ᠡ ᠪᠠᠯᠴᠢᠷᠤᠳ ᠠᠢ᠌ᠮᠠᠭ ᠤᠨ ᠵᠢᠭᠡ ᠪᠣᠯᠤᠨ᠎ᠠ᠃ ᠮᠢᠨᠤ ᠡᠮᠡᠭᠡ ᠡᠵᠢ᠂ ᠮᠢᠨᠤ ᠡᠵᠢ ᠪᠦᠷ ᠪᠠᠯᠴᠢᠷᠤᠳ ᠠᠢ᠌ᠮᠠᠭ ᠤᠨ 《ᠭᠡᠦᠭᠡᠨ》 ᠶᠤᠮ᠃ ᠮᠢᠨᠤ ᠦᠰᠴᠦ ᠳᠦᠷᠦᠭ᠍ᠰᠡᠨ ᠨᠤᠳᠤᠭ ᠪᠣᠯ ᠮᠦᠨᠴᠤ ᠣᠤᠯ ᠤᠨ ᠪᠠᠯᠴᠢᠷᠤᠳ ᠨᠤᠳᠤᠭ ᠪᠢᠯᠠ᠃ ᠪᠢ ᠬᠠᠷᠬᠠᠨ ᠪᠠᠭ᠎ᠠ ᠡᠴᠠ ᠪᠠᠨ ᠪᠠᠯᠴᠢᠷᠤᠳ ᠠᠢ᠌ᠮᠠᠭ ᠤᠨ ᠭᠦᠮᠦᠰ ᠤᠨ ᠲᠦᠪᠯᠡᠷᠠᠵᠤ ᠰᠠᠭᠤᠷᠢᠰᠢᠭᠰᠠᠨ ᠠᠷᠤ ᠬᠤᠷᠴᠢᠨ ᠬᠤᠰᠢᠭᠤᠨ ᠤ ᠴᠠᠭᠠᠠᠨᠠᠭᠤᠷ (ᠣᠳᠤ ᠶᠢᠨ ᠪᠠᠶᠠᠠᠨᠠᠭᠤᠷ ᠰᠤᠮᠤ) ᠰᠤᠮᠤ ᠶᠢᠨ ᠲᠦᠩᠰᠢ ᠭᠠᠴᠠᠭ᠎ᠠ ᠶᠢᠨ ᠱᠤᠤᠵᠢ ᠳᠤᠭᠣᠢ᠌ᠯᠠᠩ ᠳᠤ ᠦᠰᠴᠤ ᠪᠣᠢ᠌ᠵᠢᠭᠰᠠᠨ ᠪᠣᠯᠬᠤᠷ 《ᠪᠠᠯᠴᠢᠷᠤᠳ ᠠᠢ᠌ᠮᠠᠭ》 ᠊ᠤᠨ ᠵᠠᠩ ᠵᠠᠩᠰᠢᠯ ᠳᠤ ᠶᠡᠭᠡᠪᠠᠷ ᠨᠥᠯᠦᠭᠡᠯᠡᠭ᠍ᠳᠡᠵᠡᠢ᠃ ᠪᠠᠯᠴᠢᠷᠤᠳ ᠠᠢ᠌ᠮᠠᠭ ᠤᠨ ᠡᠪᠦᠭᠡᠳ ᠡᠮᠡᠭᠡᠳ ᠡᠴᠠ ᠪᠠᠨ ᠰᠤᠷᠴᠤ ᠰᠤᠪᠢᠵᠤ ᠢᠷᠡᠭ᠍ᠰᠡᠨ ᠵᠣᠢ᠌ᠯ ᠡᠴᠠ ᠪᠠᠨ ᠳᠠ ᠪᠦᠭᠦᠨ ᠳᠡᠭᠡᠨ ᠳᠠᠨᠢᠯᠴᠠᠭᠤᠯᠵᠤ᠂ ᠡᠭᠦᠨ ᠶᠢᠡᠷ ᠳᠠᠮᠵᠢᠭᠤᠯᠤᠨ ᠮᠠᠨ ᠤ ᠮᠤᠩᠭ᠋ᠤᠯ ᠦᠨᠳᠦᠰᠦᠳᠠᠨ ᠳᠤ ᠣᠯᠠᠨ ᠠᠷᠪᠢᠨ ᠰᠠᠢ᠌ᠨ ᠰᠠᠢ᠌ᠬᠠᠨ 《ᠵᠠᠩ ᠵᠠᠩᠰᠢᠯ》 ᠪᠠᠢ᠌ᠳᠠᠭ ᠭᠡᠳᠡᠭ᠌ ᠢ ᠬᠣᠢ᠌ᠴᠢ ᠦᠶ᠎ᠡ ᠶᠢᠨ ᠭᠦᠮᠦᠰ ᠲᠡᠭᠡᠨ ᠣᠢ᠌ᠯᠭᠠᠨ ᠮᠡᠳᠡᠭᠦᠯᠭᠦ ᠶᠢᠨ ᠳᠤᠰᠠᠳᠠ ᠣᠠᠴᠠᠭᠠᠢ᠌ᠯᠠᠨ ᠡ᠊ᠨᠳᠡ ᠳᠡᠮᠳᠡᠭᠯᠡᠪᠠᠢ᠃


ᠬᠤᠶᠠᠷ᠂ ᠪᠠᠯᠴᠢᠷᠤᠳ ᠠᠢ᠌ᠮᠠᠭ ᠤᠨ ᠵᠠᠩ ᠵᠠᠩᠰᠢᠯ ᠤᠨ ᠳᠤᠬᠠᠢ


1. ᠮᠢᠬ᠎ᠠ ᠢᠳᠡᠭᠦ ᠶᠤᠰᠤᠨ

ᠪᠠᠯᠴᠢᠷᠤᠳ ᠠᠢ᠌ᠮᠠᠭ ᠤᠨ ᠭᠢᠨ ᠵᠤᠨ ᠨᠠᠮᠤᠷ ᠲᠠᠭᠠᠨ ᠬᠤᠨᠢ ᠮᠠᠯ ᠠᠯᠠᠵᠤ᠂ ᠱᠦᠯᠦ ᠣᠤᠭᠤᠬᠤ ᠡᠴᠠ ᠭᠠᠳᠠᠨ᠎ᠠ᠂ ᠡᠪᠦᠯ ᠤᠢ᠌ᠷᠠᠳᠤᠪᠠᠯ ᠡᠪᠦᠯ ᠤᠨ ᠢᠳᠠᠰᠢ ᠢᠳᠠᠨ᠎ᠡ ᠠᠷᠠᠯᠵᠢᠶ᠎ᠠ ᠭᠠᠷᠭᠠᠨ᠎ᠠ ᠭᠡᠵᠤ ᠥᠭᠡᠷ ᠬᠤᠨᠢ ᠢᠮᠠᠭ᠎ᠠ ᠠᠯᠠᠵᠤ᠂ ᠮᠢᠬ᠎ᠠ ᠱᠦᠯᠦ ᠶᠢᠨ ᠶᠠᠭᠤᠮ᠎ᠠ ᠶᠢ ᠶᠡᠭᠡ ᠪᠠᠷ ᠨᠥᠭᠡᠴᠡᠯᠡᠨ ᠬᠠᠳᠠᠭᠠᠯᠠᠵᠤ᠂ ᠡᠪᠦᠯ ᠡᠴᠠ ᠳᠠᠷᠠᠭ᠎ᠠ ᠵᠢᠯ ᠤᠨ ᠵᠤᠨ ᠪᠣᠯᠳᠠᠯ᠎ᠠ᠂ ᠢᠳᠡᠭᠦ ᠮᠢᠬ᠎ᠠ ᠪᠠᠨ ᠪᠡᠯᠡᠳᠭᠡᠵᠤ ᠠᠪᠳᠠᠭ᠃

ᠮᠢᠬ᠎ᠠ ᠢᠳᠡᠭᠦ ᠳᠡᠭᠡᠨ ᠡᠪᠦᠯ ᠤᠨ ᠣᠯᠠᠷᠢᠯ ᠣᠷᠤᠯ᠎ᠠ ᠶ‍ᠢᠰᠤ ᠣᠷᠤᠯ᠎ᠠ ᠭᠠᠯ ᠳᠠᠭᠢᠬᠤ ᠶᠢᠨ ᠬᠤᠷᠢᠨ ᠭᠤᠷᠪᠠᠨ ᠪᠣᠯᠤᠯ᠎ᠠ ᠪᠢᠳᠡᠭᠦᠨ ᠪᠣᠯᠤᠯ᠎ᠠ᠂ ᠴᠠᠭᠠᠨ ᠰᠠᠷ᠎ᠠ ᠶᠢᠨ ᠰᠢᠨ᠎ᠠ ᠶᠢᠨ ᠨᠢ᠋ᠮᠠᠨ ᠤ ᠬᠡᠦᠬᠡᠳ ᠤᠨ ᠪᠠᠶᠠᠷ ᠪᠣᠯᠤᠯ᠎ᠠ᠂ ᠬᠠᠪᠣᠷ ᠤᠨ ᠠᠭᠤᠷ ᠣᠷᠤᠯ᠎ᠠ᠂ ᠬᠤᠶᠠᠷ ᠰᠠᠷ᠎ᠠ ᠶᠢᠨ ᠰᠢᠨ᠎ᠠ ᠶᠢᠨ ᠬᠤᠶᠠᠷ ᠪᠣᠯᠤᠯ᠎ᠠ᠂ ᠭᠠᠵᠠᠷ ᠣᠰᠤ ᠭᠡᠰᠦᠯ᠎ᠡ (ᠡᠨᠡ ᠡᠳᠦᠷ ᠰᠢᠭᠢᠷ᠎ᠠ ᠳᠤᠯᠤᠭᠠᠢ ᠬᠣᠢ᠌ᠬᠠᠯᠠᠵᠤ ᠢᠳᠡᠳᠡᠭ᠌)᠂ ᠬᠠᠩᠰᠢ ᠪᠣᠯᠤᠯ᠎ᠠ᠂ ᠳᠦᠷᠪᠠᠨ ᠰᠠᠷ᠎ᠠ ᠶᠢᠨ ᠠᠷᠪᠠᠨ ᠵᠢᠷᠭᠤᠭᠠᠨ ᠪᠣᠯᠤᠯ᠎ᠠ᠂ ᠳᠠᠪᠤᠨ ᠰᠠᠷ᠎ᠠ ᠶᠢᠨ ᠰᠢᠨ᠎ᠠ ᠶᠢᠨ ᠳᠠᠪᠤᠨ ᠪᠣᠯᠤᠯ᠎ᠠ᠁ ᠭᠡᠭᠦ ᠵᠡᠷᠭᠡ ᠶᠢᠡᠷ ᠡᠳᠦᠷ ᠴᠠᠭ ᠢ ᠰᠤᠩᠭ᠋ᠤᠵᠤ᠂ 《ᠪᠠᠶᠠᠷ ᠳᠤᠷᠠᠰᠬᠠᠯ ᠤᠨ ᠡᠳᠦᠷ》 ᠶ᠋ᠢᠡᠨ ᠪᠠᠯᠡᠭᠯᠡᠵᠤ᠂ ᠮᠢᠬ᠎ᠠ ᠴᠢᠨᠠᠵᠤ ᠢᠳᠡᠳᠡᠭ᠌ ᠵᠠᠩᠰᠢᠯ ᠲᠡᠶ᠃ ᠡᠭᠦᠨ ᠡᠴᠠ ᠭᠠᠳᠠᠨ᠎ᠠ ᠪᠠᠰᠠ ᠬᠤᠯᠠ ᠤᠢ᠌ᠷ᠎ᠡ ᠶᠢᠨ ᠰᠠᠳᠤᠨ ᠳᠦᠷᠤᠯ ᠢᠷᠡᠭᠦ᠂ ᠬᠡᠦᠬᠡᠳ ᠤᠨ ᠣᠢ ᠰᠠᠷ᠎ᠠ ᠪᠣᠯᠬᠤ᠂ ᠪᠣᠷᠬᠠᠨ ᠤ ᠮᠡᠡᠳᠦᠯᠡᠭ᠍ᠰᠡᠨ ᠡᠳᠦᠷ (ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠠᠷᠪᠠᠨ ᠰᠠᠷ᠎ᠠ ᠶᠢᠨ ᠬᠤᠷᠢᠨ ᠳᠠᠪᠤᠨ ᠤ ᠣᠷᠤᠢ)᠂ ᠴᠠᠰᠤ ᠵᠤᠳ ᠭᠠᠷᠬᠤ᠂ ᠭᠦᠢᠳᠡᠨ ᠡᠳᠦᠷ ᠪᠣᠯᠬᠤ ᠳᠤ ᠪᠦᠷ ᠮᠢᠬ᠎ᠠ ᠴᠢᠨᠠᠵᠤ ᠢᠳᠡᠳᠡᠭ᠌ ᠴᠤ ᠪᠠᠢ᠌ᠨ᠎ᠠ᠃ ᠡᠪᠦᠯ ᠤᠨ ᠢᠳᠠᠰᠢᠨ ᠮᠢᠬ᠎ᠠ ᠪᠠᠨ ᠳᠠᠳᠠ ᠬᠤᠨᠢ ᠥᠭᠡᠷ ᠠᠯᠠᠭᠰᠠᠨ ᠤ ᠳᠠᠷᠠᠭ᠎ᠠ᠂ ᠦᠶ᠎ᠡ ᠭᠡᠰᠢᠭᠦᠤ ᠪᠠᠷ ᠨᠢ ᠦᠶᠡᠯᠠᠵᠤ ᠰᠠᠯᠭᠠᠨ ᠭᠦᠵᠡᠭᠡᠯᠡᠵᠤ ᠳᠠᠯᠪᠢᠳᠠᠭ ᠪᠣᠶᠤ ᠵᠠᠷᠢᠮ ᠢ ᠨᠢ ᠪᠦᠭᠦᠯᠢ ᠪᠠᠷ ᠨᠢ ᠬᠠᠪᠰᠤᠷᠴᠤ ᠬᠠᠳᠠᠭᠠᠯᠠᠵᠤ ᠳᠠᠯᠪᠢᠳᠠᠭ᠃ ᠭᠡᠳᠡᠰᠤ ᠶᠢ ᠨᠢ ᠴᠢᠳᠬᠤᠵᠤ᠂ ᠭᠦᠵᠡᠭᠡ ᠪᠣᠶᠤ ᠰᠠᠢ᠌ᠨ ᠰᠠᠷᠭᠢᠨᠠᠭ ᠳ᠋ᠤᠨᠢ ᠵᠠᠢ᠌ᠳᠠᠰᠤᠯᠠᠵᠤ᠂ ᠬᠤᠵᠢᠮ ᠢᠳᠡᠭᠦ ᠪᠠᠷ ᠬᠠᠳᠠᠭᠠᠯᠠᠵᠤ ᠳᠠᠯᠪᠢᠳᠠᠭ᠃ ᠮᠢᠬ᠎ᠠ ᠴᠢᠨᠠᠵᠤ ᠢᠳᠡᠭᠦ ᠳᠡᠭᠡᠨ ᠭᠡᠷ ᠤᠨ ᠡᠵᠡᠨ ᠶᠠᠭᠤᠨ ᠤ ᠡᠮᠤᠨ᠎ᠡ ᠴᠢᠨᠠᠵᠤ ᠪᠣᠯᠭᠠᠭᠰᠠᠨ ᠮᠢᠬ᠎ᠠ ᠡᠴᠠ ᠳᠡᠭᠡᠵᠢᠯᠡᠵᠤ ᠳᠡᠭ᠍ᠷᠢ ᠪᠣᠷᠬᠠᠨ᠂ ᠭᠠᠯ ᠭᠤᠯᠤᠮᠳᠠ᠂ ᠠᠭᠤᠯᠠ ᠣᠰᠤ᠂ ᠭᠠᠵᠠᠷ ᠨᠤᠳᠤᠭ ᠤᠨ (ᠡᠵᠡᠯᠡᠭ᠍ᠴᠢ) ᠨᠠᠪᠳᠠᠭ ᠰᠠᠪᠳᠠᠭ ᠰᠠᠭᠢᠭᠤᠯᠰᠤᠨ ᠭᠢᠭᠡᠳ ᠡᠪᠦᠭᠡ ᠳᠡᠭᠡᠳᠦᠰ ᠲᠡᠭᠡᠨ ᠡᠷᠭᠦᠯᠳᠡ ᠡᠷᠭᠦᠵᠤ ᠳᠠᠭᠤᠰᠤᠭᠰᠠᠨ ᠤ ᠳᠠᠷᠠᠭ᠎ᠠ ᠪᠦᠭᠦ ᠭᠡᠷ ᠤᠨ ᠭᠦᠮᠦᠰ ᠲᠡᠭᠡᠨ ᠳᠡᠭᠡᠷ᠎ᠡ ᠦᠶ᠎ᠡ ᠡᠴᠠ ᠳᠤᠤᠷ᠎ᠠ ᠦᠶ᠎ᠡ ᠶᠢᠨ ᠬᠡᠦᠬᠡᠳ ᠭᠦᠷᠳᠡᠯ᠎ᠡ ᠳᠠᠰ ᠳᠠᠷᠠᠭ᠎ᠠ ᠲᠡᠶ ᠪᠠᠷ ᠠᠰ ᠠᠰ ᠳᠤᠨᠢ ᠬᠤᠪᠢ ᠳᠦᠭᠡᠭᠡᠳᠡᠭ᠌᠃ ᠭᠡᠭᠦ ᠳᠡᠭᠡᠨ ᠶᠠᠮᠠᠷ ᠶᠠᠰᠤ ᠮᠢᠬ᠎ᠠ ᠶᠢ ᠨᠢ ᠶᠠᠮᠠᠷ ᠦᠶ᠎ᠡ ᠶᠢᠨ ᠭᠦᠮᠦᠰ ᠲᠤ ᠬᠤᠪᠢ ᠳᠦᠭᠡᠭᠡᠭᠦ ᠨᠢ ᠪᠠᠰᠠ ᠠᠳᠠᠯᠢ ᠦᠭᠡᠶ ᠪᠠᠢ᠌ᠳᠠᠭ᠂ ᠡᠨᠡᠭᠦ ᠶᠤᠰᠤ ᠨᠢ ᠳᠠᠷᠤᠢ ᠬᠡᠦᠬᠡᠳ ᠲᠤ ᠬᠤᠪᠢ ᠳᠦᠭᠡᠭᠡᠵᠤ ᠦᠭ‍ᠭᠦ ᠳᠡᠭᠡᠨ ᠪᠣᠭᠤᠨᠢ ᠬᠠᠪᠢᠷᠭ᠎ᠠ ᠶᠢ ᠨᠢ ᠦᠭ‍ᠭᠦ ᠦᠭᠡᠶ᠂ ᠪᠠᠶ᠎ᠠ ᠨᠢ ᠥᠰᠭᠦ ᠦᠭᠡᠶ ᠪᠣᠯᠤᠨ᠎ᠠ ᠭᠡᠳᠡᠭ᠌᠂ ᠦᠨᠦᠴᠢᠨ ᠡᠯᠢᠭᠡ ᠶᠢ ᠨᠢ ᠬᠡᠦᠬᠡᠳ ᠲᠤ ᠥᠭ᠍ᠳᠡᠭ᠌ ᠦᠭᠡᠶ᠂ ᠪᠠᠯᠭᠡ ᠮᠠᠭᠤ᠂ ᠦᠨᠦᠴᠢᠨ ᠦᠷᠦᠭᠡᠰᠤᠨ ᠪᠣᠯᠤᠨ᠎ᠠ ᠭᠡᠳᠡᠭ᠌᠂ ᠪᠣᠷᠪᠢ ᠳᠤᠭᠢᠭ ᠲᠡᠶ ᠶᠠᠰᠤ ᠶᠢ ᠥᠭ᠍ᠳᠡᠭ᠌ ᠦᠭᠡᠶ ᠪᠠᠢ᠌ᠳᠠᠭ᠃ ᠡᠭᠦᠨ ᠡᠴᠠ ᠭᠠᠳᠠᠨ᠎ᠠ ᠶᠡᠭᠡ ᠪᠠᠭ᠎ᠠ ᠭᠦᠮᠤᠨ ᠭᠡᠰᠡᠨ ᠦᠭᠡᠶ᠂ ᠮᠠᠯ ᠤᠨ ᠮᠢᠬᠠᠨ ᠳᠤᠳᠤᠷ᠎ᠠ ᠡᠴᠠ ᠳᠤᠤᠷᠠᠭᠢ ᠮᠠᠳᠤ ᠵᠣᠢ᠌ᠯ ᠢ ᠢᠳᠡᠭᠦ ᠶᠢ ᠣᠠᠴᠠ ᠴᠡᠭᠡᠷᠯᠡᠳᠡᠭ᠌᠃ ᠵᠢᠰᠢᠶᠠᠯᠠᠪᠠᠯ᠄ ᠮᠠᠯ ᠤᠨ ᠦᠷᠦᠭᠡᠰᠤᠨ ᠴᠢᠭᠢ ᠶᠢ ᠨᠢ ᠢᠳᠡᠭᠦᠯᠳᠡᠭ᠌ ᠦᠭᠡᠶ᠂ ᠳᠠᠷᠠᠭ᠎ᠠ ᠳᠦᠷᠤᠯ ᠳᠡᠭᠡᠨ ᠦᠷᠦᠭᠡᠰᠤᠨ ᠴᠢᠭᠢ ᠲᠡᠶ ᠪᠣᠯᠤᠨ᠎ᠠ ᠭᠡᠳᠡᠭ᠌᠂ ᠮᠠᠯ ᠤᠨ ᠦᠷᠦᠭᠡᠰᠤᠨ ᠨᠢᠳᠤ ᠶᠢ ᠨᠢ ᠢᠳᠡᠭᠦᠯᠳᠡᠭ᠌ ᠦᠭᠡᠶ᠂ ᠳᠠᠷᠠᠭ᠎ᠠ ᠳᠦᠷᠤᠯ ᠳᠡᠭᠡᠨ ᠦᠷᠦᠭᠡᠰᠤᠨ ᠨᠢᠳᠤ ᠲᠡᠶ ᠪᠣᠯᠤᠨ᠎ᠠ ᠭᠡᠳᠡᠭ᠌᠂ ᠬᠡᠦᠬᠡᠳ ᠲᠤ ᠮᠠᠯ ᠤᠨ ᠨᠠᠢ᠌ᠯᠠᠵᠠᠭᠤᠷ ᠣᠯᠠᠭᠠᠨ ᠬᠤᠭᠤᠯᠠᠢ ᠶᠢ ᠢᠳᠡᠭᠦᠯᠳᠡᠭ᠌ ᠦᠭᠡᠶ᠂ ᠵᠠᠯᠭᠢᠳᠠᠭ ᠳᠠᠵᠢᠨ ᠪᠣᠯᠤᠨ᠎ᠠ ᠭᠡᠳᠡᠭ᠌᠂ ᠡᠪᠴᠢᠭᠦᠤ ᠶᠢᠨ ᠪᠦᠳᠦᠷᠭᠡᠢ ᠶᠢ ᠢᠳᠡᠭᠦᠯᠳᠡᠭ᠌ ᠦᠭᠡᠶ᠂ ᠪᠦᠳᠦᠷᠭᠡᠢ ᠪᠣᠯᠳᠠᠭ ᠭᠡᠳᠡᠭ᠌᠂ ᠠᠶᠤᠮᠳᠠᠭᠠᠢ ᠶᠢ ᠨᠢ ᠢᠳᠡᠭᠦᠯᠳᠡᠭ᠌ ᠦᠭᠡᠶ᠂ ᠵᠤᠷᠢᠭ ᠰᠦᠰᠦ ᠦᠭᠡᠶ᠂ ᠠᠶᠤᠮᠳᠠᠭᠠᠢ ᠪᠣᠯᠳᠠᠭ ᠭᠡᠳᠡᠭ᠌᠂ ᠶᠡᠭᠡ ᠪᠠᠭ᠎ᠠ ᠭᠦᠮᠤᠨ ᠭᠡᠰᠡᠨ ᠦᠭᠡᠶ ᠭᠦᠵᠡᠭᠡ ᠶᠢ ᠱᠠᠭᠠᠯᠠᠵᠤ ᠢᠳᠡᠭᠦ ᠶᠢ ᠴᠡᠭᠡᠷᠯᠡᠳᠡᠭ᠌᠂ ᠳᠠᠷᠠᠭ᠎ᠠ ᠳᠦᠷᠤᠯ ᠳᠡᠭᠡᠨ ᠬᠤᠵᠢᠭᠢᠷ ᠪᠣᠯᠵᠤ ᠳᠦᠷᠤᠨ᠎ᠠ ᠭᠡᠳᠡᠭ᠌᠂ ᠬᠡᠦᠬᠡᠳ ᠢ ᠭᠦᠵᠡᠭᠡ ᠶᠢ ᠱᠠᠭᠠᠯᠠᠵᠤ ᠢᠳᠠᠪᠠᠯ ᠬᠤᠵᠢᠭᠢᠷ ᠭᠦᠷᠭᠡᠨ ᠪᠠ ᠬᠤᠵᠢᠭᠢᠷ ᠪᠠᠷᠢ ᠲᠡᠶ ᠪᠣᠯᠤᠨ᠎ᠠ ᠭᠡᠳᠡᠭ᠌᠃ ᠮᠤᠬᠤᠷ ᠣᠯᠤᠭᠠᠢ ᠪᠣᠯᠤᠨ ᠬᠤᠳᠤᠭᠤᠳᠤ ᠶᠢᠨ ᠥᠵᠦᠭᠦᠷ ᠢ ᠬᠡᠦᠬᠡᠳ ᠲᠤ ᠢᠳᠡᠭᠦᠯᠳᠡᠭ᠌ ᠦᠭᠡᠶ᠂ ᠣᠢ ᠪᠢᠯᠢᠭ᠌ ᠣᠬᠠᠭᠠᠨ ᠰᠠᠨᠠᠭ᠎ᠠ ᠳᠤᠳᠠᠮᠠᠭ ᠪᠣᠯᠤᠨ᠎ᠠ ᠭᠡᠳᠡᠭ᠌᠂ ᠬᠡᠦᠬᠡᠳ ᠲᠤ ᠬᠤᠳᠤᠭᠤᠳᠤ ᠶᠢᠨ ᠠᠮᠠᠰᠠᠷ ᠢ ᠢᠳᠡᠭᠦᠯᠳᠡᠭ᠌ ᠦᠭᠡᠶ᠂ ᠠᠮᠠ ᠵᠠᠳᠠᠭᠠᠢ ᠪᠣᠯᠤᠨ᠎ᠠ ᠭᠡᠳᠡᠭ᠌᠂ ᠬᠡᠦᠬᠡᠳ ᠲᠤ ᠬᠤᠳᠤᠭᠤᠳᠤ ᠶᠢᠨ ᠠᠮᠠᠰᠠᠷ ᠤᠨ ᠰᠡᠯᠪᠠᠭᠡᠰᠤ᠂ ᠭᠡᠳᠡᠰᠤᠨ ᠵᠠᠩᠭᠢᠯᠠᠭᠠᠰᠤ ᠶᠢ ᠢᠳᠡᠭᠦᠯᠳᠡᠭ᠌ ᠦᠭᠡᠶ᠃ ᠪᠢᠳᠠᠭᠤ ᠮᠤᠩᠬᠠᠭ ᠪᠣᠯᠤᠨ᠎ᠠ ᠭᠡᠳᠡᠭ᠌᠃ (ᠡᠭᠦᠨ ᠳᠤ ᠣᠠᠴᠠᠭᠠᠢ᠌ᠯᠠᠨ ᠳᠠᠭᠠᠯᠳᠤᠭᠤᠯᠬᠤ ᠨᠢ᠄ ᠵᠠᠷᠢᠮ ᠠᠢ᠌ᠮᠠᠭ ᠊᠊᠊᠊᠊᠊᠊᠊᠊᠊᠊᠊᠊᠊᠊ ᠪᠠᠶᠠᠤᠨ ᠠᠢ᠌ᠮᠠᠭ ᠤᠨ ᠭᠢᠨ ᠮᠠᠯ ᠤᠨ ᠣᠯᠤᠭᠠᠢ᠂ ᠬᠤᠳᠤᠭᠤᠳᠤ ᠶᠢ ᠶᠠᠭ ᠢᠳᠡᠳᠡᠭ᠌ ᠦᠭᠡᠶ᠃ ᠬᠤᠳᠤᠭᠤᠳᠤ ᠢᠳᠠᠪᠠᠯ ᠬᠤᠳᠤᠭᠣᠢ᠌ᠵᠤ ᠥᠭᠦᠨ᠎ᠡ᠂ ᠣᠯᠤᠭᠠᠢ ᠢᠳᠠᠪᠠᠯ ᠣᠩᠬᠤᠯᠵᠤ ᠥᠭᠦᠨ᠎ᠡ ᠭᠡᠳᠡᠭ᠌᠃) ᠭᠦᠤ ᠭᠦᠮᠤᠨ ᠳᠤ ᠣᠭᠤᠷᠠᠭ ᠰᠡᠭᠦᠯ ᠢ ᠢᠳᠡᠭᠦᠯᠳᠡᠭ᠌ ᠦᠭᠡᠶ᠂ ᠬᠤᠵᠢᠮ ᠪᠠᠷᠢ ᠠᠪᠬᠤ ᠪᠠᠷ ᠶᠠᠪᠣᠪᠠᠯ ᠮᠤᠷᠢᠨ ᠨᠢ ᠲᠤᠢ᠌ᠯᠠᠨ᠎ᠠ ᠭᠡᠳᠡᠭ᠌᠃ ᠭᠦᠮᠤᠨ ᠤ ᠭᠠᠭᠴᠠ ᠭᠦᠤ ᠳᠤ ᠪᠣᠭᠳᠤᠭᠤᠰᠤ ᠢᠳᠡᠭᠦᠯᠳᠡᠭ᠌ ᠦᠭᠡᠶ᠂ ᠪᠣᠭᠳᠤᠭᠤᠰᠤ ᠶᠢᠨ ᠶᠠᠰᠤ ᠶᠢ ᠨᠢ ᠬᠤᠭᠤᠯᠳᠠᠭ ᠦᠭᠡᠶ (ᠳᠤᠰᠬᠠᠢ ᠳᠤᠮᠤᠭ ᠥᠯᠢᠭᠡᠷ ᠲᠡᠶ ᠪᠠᠢ᠌ᠳᠠᠭ)᠂ ᠪᠣᠭᠳᠤᠭᠤᠰᠤ ᠶᠢᠨ ᠴᠢᠮᠦᠭᠡ ᠢᠳᠠᠪᠠᠯ ᠰᠦᠨᠢ ᠣᠷᠤᠢ ᠭᠡᠭᠡᠷ᠎ᠡ ᠭᠠᠳᠠᠨ᠎ᠠ ᠶᠠᠪᠣᠪᠠᠯ ᠠᠷᠤ ᠡᠴᠠ ᠨᠢ ᠱᠤᠷᠴᠢᠭᠢᠨᠠᠬᠤ ᠴᠢᠮᠡᠭᠡ ᠭᠠᠷᠤᠨ᠎ᠠ ᠭᠡᠳᠡᠭ᠌᠃ ᠰᠡᠭᠦᠵᠢᠨ ᠶᠠᠰᠤ ᠶᠢ ᠢᠳᠡᠭᠦ ᠳᠡᠭᠡᠨ ᠨᠥᠭᠡ ᠶᠢ ᠨᠢ ᠰᠠᠳᠠᠯᠵᠤ ᠬᠠᠶᠠᠳᠠᠭ᠃ ᠦᠭᠡᠶ ᠪᠣᠯᠪᠠᠯ ᠪᠣᠭ ᠴᠢᠳᠭᠦᠷ ᠪᠣᠯᠬᠤ᠂ ᠢᠯᠢᠪ ᠤᠨ ᠭᠠᠯ ᠭᠠᠷᠤᠨ᠎ᠠ ᠭᠡᠳᠡᠭ᠌᠃ ᠨᠢᠷᠤᠭᠤᠨ ᠶᠠᠰᠤᠨ ᠤ ᠨᠤᠭᠤᠰᠤ ᠪᠠ ᠳᠠᠷᠢᠭᠢ ᠶᠢ ᠬᠡᠦᠬᠡᠳ ᠲᠤ ᠢᠳᠡᠭᠦᠯᠳᠡᠭ᠌ ᠦᠭᠡᠶ᠂ ᠨᠢᠰᠤᠩᠬᠠᠢ ᠪᠣᠯᠤᠨ᠎ᠠ ᠭᠡᠳᠡᠭ᠌ ᠬᠡᠦᠬᠡᠳ ᠲᠤ ᠮᠠᠯ ᠤᠨ ᠨᠢᠷᠤᠭᠤ ᠶᠢᠨ ᠶᠠᠰᠤ ᠶᠢᠨ ᠠᠭᠤᠯᠵᠠᠭᠤᠷ ᠮᠥᠭᠡᠷᠦᠰᠤ ᠶᠢ ᠢᠳᠡᠭᠦᠯᠳᠡᠭ᠌ ᠦᠭᠡᠶ᠂ ᠪᠦᠭ᠍ᠰᠡ ᠨᠢ ᠵᠠᠳᠤᠭᠠᠨ᠎ᠠ ᠭᠡᠳᠡᠭ᠌᠃ ᠮᠠᠯ ᠤᠨ ᠪᠠᠶᠠᠨ ᠳᠦᠷᠦᠭᠦᠤ ᠶᠢ ᠬᠡᠦᠬᠡᠳ ᠲᠤ ᠢᠳᠡᠭᠦᠯᠭᠦ ᠦᠭᠡᠶ᠂ ᠬᠠᠷᠢᠨ ᠮᠠᠯ ᠤᠨ ᠳᠠᠪᠣᠰᠠᠩ ᠢ ᠬᠡᠦᠬᠡᠳ ᠲᠤ ᠰᠢᠷᠠᠵᠤ ᠢᠳᠡᠭᠦᠯᠳᠡᠭ᠌᠂ ᠳᠠᠪᠣᠰᠠᠩ ᠨᠢ ᠴᠢᠩᠭ᠎ᠠ ᠪᠣᠯᠤᠨ᠎ᠠ ᠭᠡᠳᠡᠭ᠌᠃ ᠳᠡᠯᠢᠭᠦᠤ ᠶᠢ ᠬᠡᠦᠬᠡᠳ ᠳᠤ ᠢᠳᠡᠭᠦᠯᠳᠡᠭ᠌ ᠦᠭᠡᠶ᠂ ᠴᠢᠷᠠᠢ ᠵᠢᠰᠤ ᠨᠢ ᠮᠠᠭᠤᠬᠠᠢ ᠪᠣᠯᠵᠤ᠂ ᠳᠡᠯᠢᠭᠦᠨ ᠴᠢᠷᠠᠢ ᠲᠡᠶ ᠪᠣᠯᠤᠨ᠎ᠠ ᠭᠡᠳᠡᠭ᠌᠃ ᠭᠡᠦᠭᠡᠨ ᠭᠦᠮᠤᠨ ᠳᠤ ᠮᠠᠯ ᠤᠨ ᠣᠷᠠᠨ ᠳᠠᠩᠨᠠᠢ ᠶᠢ ᠨᠢ ᠢᠳᠡᠭᠦᠯᠵᠤ᠂ ᠭᠠᠷ ᠣᠷᠠᠨ ᠪᠣᠯᠵᠤ᠂ ᠣᠢ᠌ᠯᠠ ᠣᠳᠠᠰᠤᠨ ᠳᠠᠭᠠᠨ ᠣᠷᠠᠨ ᠭᠦᠮᠤᠨ ᠪᠣᠯᠤᠨ᠎ᠠ ᠭᠡᠳᠡᠭ᠌᠃ ᠭᠡᠦᠭᠡᠨ ᠭᠦᠮᠤᠨ ᠳᠤ ᠬᠤᠨᠢ ᠮᠠᠯ ᠤᠨ ᠰᠢᠯᠢ ᠰᠢᠷᠪᠣᠰᠤ ᠶᠢ ᠢᠳᠡᠭᠦᠯᠳᠡᠭ᠌᠂ ᠭᠡᠵᠢᠭᠡ ᠨᠢ ᠣᠷᠳᠤ ᠪᠣᠯᠤᠨ᠎ᠠ ᠭᠡᠳᠡᠭ᠌᠃ ᠭᠡᠯᠡᠨ ᠤ ᠥᠵᠦᠭᠦᠷ ᠢ ᠬᠡᠦᠬᠡᠳ ᠲᠤ ᠢᠳᠡᠭᠦᠯᠪᠠᠯ ᠭᠡᠯᠡ ᠬᠤᠩᠰᠢᠶᠠᠷ ᠲᠠᠭᠠᠨ ᠬᠤᠷᠴᠠᠯᠢᠭ ᠭᠦᠮᠤᠨ ᠪᠣᠯᠤᠨ᠎ᠠ ᠭᠡᠳᠡᠭ᠌᠃ ᠭᠦᠷᠰᠢ ᠵᠡᠷᠭᠡᠯᠳᠡᠭᠡ ᠳᠡᠭᠡᠨ ᠮᠢᠬᠠᠨ ᠤ ᠬᠤᠪᠢ ᠳᠤ ᠳᠦᠭᠡᠭᠡᠭᠦ ᠴᠢᠬᠤᠯᠠ ᠲᠡᠶ ᠪᠣᠯᠪᠠᠯ ᠮᠠᠯ ᠤᠨ ᠳᠠᠯᠤ ᠪᠠ ᠱᠠᠭᠠᠠᠳᠤ ᠶᠢᠨ ᠶᠠᠰᠤ ᠶᠢ ᠥᠭ᠍ᠳᠡᠭ᠌ ᠦᠭᠡᠶ᠂ ᠳᠠᠯᠤ ᠶᠢ ᠥᠭ᠍ᠪᠠᠯ ᠪᠣᠰᠤᠳ ᠲᠤ ᠮᠠᠭᠤ ᠪᠠᠨ ᠮᠡᠳᠡᠭ᠍ᠳᠡᠨ᠎ᠡ ᠭᠡᠳᠡᠭ᠌ (ᠳᠠᠯᠤ ᠳᠠᠯᠠᠨ ᠥᠵᠡᠯᠭᠡ ᠲᠡᠶ ᠭᠡᠳᠡᠭ᠌)᠂ ᠳᠠᠯᠤ ᠶᠢᠨ ᠶᠠᠰᠤ ᠶᠢ ᠮᠦᠯᠵᠢᠵᠤ ᠢᠳᠡᠳᠡᠭ᠌ ᠦᠭᠡᠶ᠂ ᠭᠠᠷ ᠪᠣᠶᠤ ᠭᠢᠳᠤᠭ᠎ᠠ ᠪᠠᠷ ᠣᠭᠳᠤᠯᠠᠵᠤ ᠢᠳᠡᠳᠡᠭ᠌ ᠣᠴᠢᠷ ᠲᠡᠶ᠂ ᠢᠳᠡᠭ᠍ᠰᠡᠨ ᠤ ᠳᠠᠷᠠᠭ᠎ᠠ ᠳᠠᠯᠤ ᠶᠢᠨ ᠶᠠᠰᠤ ᠶᠢ ᠰᠢᠠᠵᠢᠵᠤ ᠥᠵᠡᠳᠡᠭ᠌ ᠪᠠᠢ᠌ᠨ᠎ᠠ᠂ ᠳᠠᠯᠤ ᠶᠢᠨ ᠶᠠᠰᠤᠨ ᠤ ᠭᠡᠯᠪᠠᠷ ᠳᠦᠷᠰᠤ ᠪᠠᠷ ᠨᠢ ᠳᠤᠭᠤᠭ᠎ᠠ᠂ ᠭᠦᠮᠤᠨ ᠮᠠᠯ ᠤᠨ ᠣᠮᠤᠭ᠂ ᠮᠠᠯ ᠤᠨ ᠴᠤᠪᠣᠭ᠎ᠠ᠂ ᠬᠡᠦᠬᠡᠳ ᠤᠨ ᠣᠯᠠ᠂ ᠭᠡᠷ ᠬᠤᠳᠠ ᠵᠡᠷᠭᠡ ᠶᠢᠨ ᠣᠯᠠᠨ ᠠᠷᠪᠢᠨ ᠥᠵᠡᠯᠭᠡ ᠪᠠᠢ᠌ᠳᠠᠭ ᠭᠡᠵᠤ ᠳᠠᠯᠤ ᠶᠢᠨ ᠶᠠᠰᠤ ᠶᠢ ᠨᠠᠠᠳᠢᠩᠨᠠᠵᠤ ᠬᠠᠨ᠎ᠠ ᠶᠢᠨ ᠵᠠᠪᠰᠠᠷ ᠲᠠᠭᠠᠨ ᠬᠠᠪᠴᠢᠭᠤᠯᠠᠵᠤ ᠳᠠᠯᠪᠢᠳᠠᠭ᠃ ᠴᠢᠬᠤᠯᠳᠠᠢ ᠦᠶ᠎ᠡ ᠳᠤ ᠳᠠᠯᠤ ᠶᠢᠨ ᠶᠠᠰᠤ ᠪᠠᠨ ᠰᠢᠳᠠᠭᠠᠭᠠᠤᠨ ᠠᠯᠳᠠᠵᠤ ᠠᠰᠠᠭᠰᠠᠨ ᠮᠠᠯ ᠣᠨᠤᠭ᠎ᠠ ᠳᠠᠭᠠᠨ 《ᠲᠦᠯᠭᠡ》 ᠳᠠᠳᠠᠳᠠᠭ ᠪᠠᠢ᠌ᠨ᠎ᠠ᠃ ᠱᠠᠭᠠᠠᠳᠤ ᠶᠢ ᠥᠭ᠍ᠪᠠᠯ ᠮᠠᠯ ᠤᠨ ᠭᠡᠰᠢᠭ᠌ ᠪᠣᠶᠠᠨ ᠶᠢᠡᠨ ᠦᠭ‍ᠭᠦᠨ᠎ᠡ ᠭᠡᠳᠡᠭ᠌᠃ ᠶᠠᠰᠤ ᠶᠢ ᠰᠠᠢ᠌ᠬᠠᠨ ᠮᠦᠯᠵᠢᠪᠠᠯ ᠳᠠᠷᠠᠭ᠎ᠠ ᠳᠦᠷᠤᠯ ᠳᠡᠭᠡᠨ ᠰᠠᠢ᠌ᠬᠠᠨ ᠵᠢᠰᠤ ᠲᠡᠶ ᠭᠦᠮᠤᠨ ᠪᠣᠯᠵᠤ ᠳᠦᠷᠤᠨ᠎ᠡ ᠭᠡᠳᠡᠭ᠌᠃ ᠮᠠᠯ ᠤᠨ ᠵᠢᠷᠦᠭᠡ ᠶᠢ ᠴᠢᠨᠠᠵᠤ ᠪᠣᠯᠭᠠᠭᠰᠠᠨ ᠤ ᠳᠠᠷᠠᠭ᠎ᠠ ᠳᠠᠪᠠᠭᠯᠠᠵᠤ ᠪᠣᠷᠬᠠᠨ ᠤ ᠪᠠᠨ ᠡᠮᠤᠨ᠎ᠡ ᠳᠠᠯᠪᠢᠵᠤ (ᠳᠠᠭᠢᠭᠠᠤᠨ) ᠳᠠᠷᠠᠭ᠎ᠠ ᠨᠢ ᠭᠡᠷ ᠤᠨ ᠡᠵᠡᠨ ᠡᠴᠠ ᠭᠡᠰᠡᠭᠯᠡᠵᠤ ᠬᠤᠪᠢᠶᠠᠭᠠᠤᠨ 《ᠪᠣᠷᠬᠠᠨ ᠤ ᠭᠡᠰᠢᠭ᠌》 ᠭᠡᠵᠤ ᠪᠦᠭᠦ ᠭᠡᠷ ᠤᠨ ᠭᠦᠮᠦᠰ ᠲᠡᠭᠡᠨ ᠳᠦᠭᠡᠭᠡᠵᠤ ᠢᠳᠡᠭᠦᠯᠳᠡᠭ᠌ ᠪᠠᠢ᠌ᠨ᠎ᠠ᠃

2. ᠪᠠᠯᠴᠢᠷᠤᠳ ᠠᠢ᠌ᠮᠠᠭ ᠤᠨ ᠠᠬᠠᠰ ᠵᠠᠬᠠᠰ ᠲᠡᠶ ᠪᠠᠨ ᠮᠡᠡᠳᠦᠴᠢᠯᠡᠭᠦ ᠶᠤᠰᠤᠨ

ᠪᠠᠯᠴᠢᠷᠤᠳ ᠠᠢ᠌ᠮᠠᠭ ᠤᠨ ᠭᠦᠮᠦᠰ ᠬᠤᠯᠠ ᠶᠢᠨ ᠤᠢ᠌ᠷ᠎ᠡ ᠰᠠᠳᠤᠨ ᠪᠠ ᠠᠬᠠᠰ ᠵᠠᠬᠠᠰ ᠲᠡᠶ ᠪᠠᠨ ᠮᠡᠡᠳᠦᠴᠢᠯᠡᠭᠦ ᠳᠡᠭᠡᠨ ᠡᠷᠡᠭ᠍ᠳᠡᠢ᠌ᠴᠦᠳ ᠨᠢ ᠪᠠᠷᠠᠭᠤᠨ ᠡᠪᠦᠳᠦᠭ᠌ ᠳᠡᠭᠡᠷ᠎ᠡ ᠶᠢᠡᠨ ᠪᠠᠷᠠᠭᠤᠨ ᠭᠠᠷ ᠤᠨ ᠠᠯᠠᠭ᠎ᠠ ᠪᠠᠨ ᠳᠠᠯᠪᠢᠵᠤ᠂ ᠳᠤᠯᠤᠭᠠᠢ ᠪᠠᠨ ᠣᠷᠤᠭᠰᠢ ᠮᠡᠭᠦᠢᠨ ᠳᠡᠭ᠍ᠰᠢ ᠰᠥᠭᠦᠷᠡᠵᠤ ᠮᠡᠡᠳᠦᠯᠴᠢᠳᠡᠭ᠌᠃ ᠡᠮᠡᠭ᠍ᠳᠡᠢ᠌ᠴᠦᠳ ᠨᠢ (ᠣᠷᠤᠭᠯᠠᠭᠠᠳᠤᠢ ᠭᠡᠦᠭᠡᠨ ᠪᠠᠭᠳᠠᠬᠤ ᠦᠭᠡᠶ) ᠵᠡᠭᠦᠨ ᠭᠦᠯ ᠤᠨ ᠡᠪᠦᠳᠦᠭ᠌ ᠶᠢᠡᠨ ᠭᠠᠵᠠᠷ ᠳᠤᠯᠭᠠᠵᠤ᠂ ᠪᠠᠷᠠᠭᠤᠨ ᠡᠪᠦᠳᠦᠭ᠌ ᠤᠨ ᠶᠢᠡᠨ ᠳᠡᠭᠡᠷ᠎ᠡ ᠳᠠᠯ᠎ᠠ ᠳᠤ ᠵᠡᠭᠦᠨ ᠪᠠᠷᠠᠭᠤᠨ ᠭᠠᠷ ᠤᠨ ᠠᠯᠠᠭ᠎ᠠ ᠪᠠᠨ ᠳᠠᠪᠬᠤᠯᠠᠵᠤ᠂ ᠠᠬᠠᠮᠠᠤᠨ ᠤᠨ ᠶᠢᠡᠨ ᠡᠰᠡᠷᠭᠦ ᠳᠡᠭ᠍ᠰᠢ ᠬᠠᠷᠠᠨ᠂ ᠴᠤᠮᠴᠣᠢ᠌ᠵᠤ ᠰᠠᠭᠤᠨ ᠮᠡᠡᠳᠦᠯᠡᠳᠡᠭ᠌᠃ ᠡᠨᠡ ᠦᠶ᠎ᠡ ᠳᠤ ᠠᠬᠠᠰ ᠵᠠᠬᠠᠰ ᠪᠣᠯᠬᠤ ᠭᠦᠮᠦᠰ ᠨᠢ (ᠠᠮᠤᠷ ᠪᠠᠢ᠌ᠨ᠎ᠠ᠂ ᠮᠠᠠᠳᠤ ᠪᠠᠢ᠌ᠨ᠎ᠠ) ᠭᠡᠵᠤ ᠠᠮᠠᠨ ᠳᠠᠭᠠᠨ ᠭᠡᠯᠡᠭᠡᠳ ᠢᠷᠡᠭ᠍ᠰᠡᠨ ᠵᠤᠴᠢᠨ ᠲᠡᠶ ᠪᠠᠨ ᠠᠪᠣ ᠡᠵᠢ᠂ ᠠᠬᠠᠰ ᠵᠠᠬᠠᠰ᠂ ᠬᠡᠦᠬᠡᠳ ᠰᠢᠪᠠᠭᠤ᠂ ᠭᠠᠵᠠᠷ ᠣᠰᠤ᠂ ᠮᠠᠯ ᠣᠨᠤᠭ᠎ᠠ ᠶᠢᠨ ᠰᠠᠢ᠌ᠨ ᠰᠠᠢ᠌ᠬᠠᠨ ᠪᠠᠢ᠌ᠳᠠᠭ ᠢ ᠠᠰᠠᠭᠤᠯᠴᠠᠳᠠᠭ ᠪᠠᠢ᠌ᠨ᠎ᠠ᠃

3. ᠪᠠᠯᠴᠢᠷᠤᠳ ᠠᠢ᠌ᠮᠠᠭ ᠤᠨ ᠮᠦᠷᠭᠦᠭᠦ ᠶᠤᠰᠤᠨ

ᠳᠤᠰ ᠠᠢ᠌ᠮᠠᠭ ᠤᠨ ᠭᠦᠮᠦᠰ ᠭᠠᠯ ᠪᠣᠷᠬᠠᠨ᠂ ᠳᠡᠭ᠍ᠷᠢ ᠭᠠᠵᠠᠷ᠂ ᠣᠪᠣᠭ᠎ᠠ ᠱᠠᠪᠳᠠᠭ᠂ ᠠᠬᠠᠰ ᠵᠠᠬᠠᠰ ᠲᠠᠭᠠᠨ ᠮᠦᠷᠭᠦᠭᠦ ᠶᠤᠰᠤ ᠨᠢ ᠪᠣᠰᠤᠳ ᠠᠢ᠌ᠮᠠᠭ ᠳᠦᠷᠤᠯ ᠤᠨ ᠪᠣᠶᠤ ᠣᠷᠤᠨ ᠭᠠᠵᠠᠷ ᠤᠨ ᠭᠦᠮᠦᠰ ᠡᠴᠠ ᠢᠯᠭᠠᠭᠳᠠᠬᠤ ᠵᠣᠢ᠌ᠯ ᠭᠡᠪᠠᠯ᠂ ᠡᠷᠡᠭ᠍ᠳᠡᠢ᠌ᠴᠦᠳ ᠨᠢ ᠭᠠᠯ ᠭᠤᠯᠤᠮᠳᠠ᠂ ᠪᠣᠷᠬᠠᠨ ᠳᠡᠭ᠍ᠷᠢ᠂ ᠭᠠᠵᠠᠷ ᠣᠰᠤᠨ ᠤ ᠰᠠᠭᠢᠭᠤᠯᠰᠤᠨ᠂ ᠨᠠᠪᠳᠠᠭ ᠱᠠᠪᠳᠠᠭ᠂ ᠠᠢ᠌ᠯ ᠠᠢ᠌ᠮᠠᠭ ᠤᠨ ᠠᠬᠠᠰ ᠵᠠᠬᠠᠰ ᠶᠢᠡᠨ ᠭᠦᠡᠳᠦᠳᠭᠡᠨ ᠮᠦᠷᠭᠦᠭᠦ ᠳᠡᠭᠡᠨ ᠬᠤᠶᠠᠷ ᠡᠪᠦᠳᠦᠭ᠌ ᠶᠢᠡᠨ ᠭᠠᠵᠠᠷ ᠰᠥᠭᠦᠳᠴᠤ᠂ ᠬᠤᠶᠠᠷ ᠭᠠᠷ ᠤᠨ ᠠᠯᠠᠭ᠎ᠠ ᠪᠠᠨ ᠭᠠᠵᠠᠷ ᠳᠤᠯᠭᠠᠨ᠂ ᠡᠰᠡᠷᠭᠦ ᠳᠠᠯ᠎ᠠ ᠡᠴᠠ ᠨᠢ ᠳᠤᠯᠤᠭᠠᠢ ᠪᠠᠨ ᠳᠡᠭᠡᠭ᠍ᠰᠢ ᠳᠤᠷᠤᠭᠰᠢ ᠡᠷᠭᠦᠵᠤ ᠮᠡᠭᠦᠢᠨ᠂ ᠠᠬᠠᠮᠠᠤᠨ ᠤᠨ ᠢᠷᠦᠭᠡᠯ ᠳᠠᠭᠤᠰᠳᠠᠯ᠎ᠠ ᠮᠦᠷᠭᠦᠵᠤ 《ᠵᠠ᠂ ᠢᠷᠦᠭᠡᠯ ᠴᠢᠨᠢ ᠰᠢᠩᠭᠡᠭᠡᠷᠡᠢ ᠳ᠋ᠠ ︕》ᠭᠡᠵᠤ ᠭᠡᠯᠡᠭᠡᠳ ᠪᠣᠰᠴᠤ᠂ ᠬᠤᠶᠠᠷ ᠭᠠᠷ ᠶᠢᠡᠨ ᠰᠤᠯᠠ ᠳᠠᠯᠪᠢᠨ ᠵᠤᠭᠰᠤᠳᠠᠭ᠃ ᠡᠮᠡᠭ᠍ᠳᠡᠢ᠌ᠴᠦᠳ ᠨᠢ (ᠣᠷᠤᠭᠯᠠᠭᠠᠳᠤᠢ ᠭᠡᠦᠭᠡᠨ ᠪᠠᠭᠳᠠᠬᠤ ᠦᠭᠡᠶ) ᠠᠬᠠᠰ ᠵᠠᠬᠠᠰ ᠳᠠᠭᠠᠨ ᠭᠦᠡᠳᠦᠳᠭᠡᠨ ᠮᠦᠷᠭᠦᠭᠦ ᠳᠡᠭᠡᠨ᠂ ᠵᠡᠭᠦᠨ ᠡᠪᠦᠳᠦᠭ᠌ ᠶᠢᠡᠨ ᠭᠠᠵᠠᠷ ᠳᠤᠯᠭᠠᠨ ᠴᠤᠮᠴᠣᠢ᠌ᠨ ᠰᠠᠭᠤᠵᠤ᠂ ᠪᠠᠷᠠᠭᠤᠨ ᠡᠪᠦᠳᠦᠭ᠌ ᠳᠡᠭᠡᠷ᠎ᠡ ᠪᠠᠨ ᠵᠡᠭᠦᠨ ᠭᠠᠷ ᠤᠨ ᠠᠯᠠᠭ᠎ᠠ ᠪᠠᠨ ᠳᠠᠯᠪᠢᠵᠤ᠂ ᠳᠤᠯᠤᠭᠠᠢ ᠪᠠᠨ ᠮᠡᠭᠦᠢᠨ ᠬᠠᠭᠠᠰ ᠳᠠᠯᠵᠢ᠌ᠯᠭᠠᠨ᠂ ᠪᠠᠷᠠᠭᠤᠨ ᠭᠠᠷ ᠤᠨ ᠳᠠᠪᠤᠨ ᠬᠤᠷᠤᠭᠤ ᠪᠠᠨ ᠨᠡᠢ᠌ᠯᠡᠭᠦᠯᠤᠨ ᠠᠯᠠᠭ᠎ᠠ ᠪᠠᠨ ᠳᠡᠯᠭᠡᠵᠤ᠂ ᠡᠪᠦᠳᠦᠭ᠌ ᠡᠴᠠ ᠪᠠᠨ ᠳᠤᠷᠤᠭᠰᠢ ᠳᠤᠯᠤᠭᠤᠢ ᠲᠡᠶ ᠪᠠᠨ ᠰᠠᠴᠤᠭᠤ᠂ ᠳᠡᠭᠡᠭ᠍ᠰᠢ ᠳᠤᠷᠤᠭᠰᠢ ᠭᠠᠷ ᠶᠢᠡᠨ ᠰᠠᠵᠢᠵᠤ᠂ ᠠᠬᠠᠰ ᠵᠠᠬᠠᠰ ᠤᠨ ᠶᠢᠡᠨ ᠢᠷᠦᠭᠡᠯ ᠳᠠᠭᠤᠰᠳᠠᠯ᠎ᠠ ᠮᠦᠷᠭᠦᠭᠡᠳ 《ᠵᠠ᠂ ᠢᠷᠦᠭᠡᠯ ᠴᠢᠨᠢ ᠰᠢᠩᠭᠡᠭᠡᠷᠡᠢ ᠳ᠋ᠠ ︕》 ᠭᠡᠵᠤ ᠨᠠᠮ ᠳᠠᠭᠤᠨ ᠶᠢᠡᠷ ᠭᠡᠯᠡᠵᠤ᠂ ᠪᠣᠰᠴᠤ ᠵᠤᠭᠰᠤᠨ ᠬᠤᠶᠠᠷ ᠭᠠᠷ ᠶᠢᠡᠨ ᠡᠮᠤᠨ᠎ᠡ ᠪᠠᠨ ᠳᠠᠪᠬᠤᠴᠢᠯᠠᠨ ᠳᠠᠯᠪᠢᠵᠤ ᠵᠤᠭᠰᠤᠨ᠎ᠠ᠃

4. ᠪᠠᠯᠴᠢᠷᠤᠳ ᠠᠢ᠌ᠮᠠᠭ ᠤᠨ ᠴᠡᠭᠡᠷᠯᠡᠭᠦ ᠶᠤᠰᠤᠨ

(1) ᠳᠤᠰ ᠠᠢ᠌ᠮᠠᠭ ᠤᠨ ᠳᠤᠤᠷ᠎ᠠ ᠨᠢᠭᠡᠨ ᠦᠶ᠎ᠡ ᠶᠢᠨ ᠪᠠᠷᠢᠶᠠᠤᠨ ᠬᠡᠦᠬᠡᠳ ᠨᠢ ᠠᠬᠠᠮᠠᠤᠨ ᠨᠢᠭᠡ ᠦᠶ᠎ᠡ ᠶᠢᠨ ᠭᠦᠮᠦᠰ ᠪᠣᠶᠤ ᠬᠠᠳᠠᠮ ᠡᠵᠢ ᠠᠪᠣ᠂ ᠡᠪᠦᠭᠡ ᠡᠮᠡᠭᠡ ᠶᠢᠨ ᠭᠢᠨᠢ ᠠᠳᠠᠯᠢ ᠨᠠᠷ᠎ᠠ ᠲᠡᠶ ᠭᠦᠮᠦᠰ ᠤᠨ ᠨᠠᠷ᠎ᠠ ᠶᠢ ᠳᠤᠷᠠᠳᠬᠤ ᠪᠠᠨ ᠣᠠᠴᠠᠭᠠᠢ᠌ᠯᠠᠨ ᠴᠡᠭᠡᠷᠯᠡᠳᠡᠭ᠌ ᠳᠠᠳᠠ 《ᠭᠡᠴᠡᠭᠦᠤ ᠨᠠᠷᠠᠳᠠᠨ》 ᠭᠡᠳᠡᠭ᠌᠂ ᠪᠠᠰᠠ ᠠᠬᠠᠮᠠᠤᠨ ᠤᠨ ᠭᠢᠨᠢ ᠨᠠᠷ᠎ᠠ ᠶᠢᠨ ᠡᠭᠢᠨ ᠤ ᠥᠰᠦᠭ᠌ ᠨᠢ 《ᠬᠨ ᠥᠰᠦᠭ᠌ ᠣᠷᠤᠭᠰᠠᠨ ᠪᠠᠢ᠌ᠪᠠᠯ ᠬᠠᠷ᠎ᠠ ᠥᠩᠭᠡ ᠶᠢ 《ᠪᠠᠷᠠᠭᠠᠨ》 ᠭᠡᠵᠤ᠂ 《ᠱᠨ》 ᠥᠰᠦᠭ᠌ ᠲᠡᠶ ᠨᠠᠷ᠎ᠠ ᠣᠷᠤᠭᠰᠠᠨ ᠪᠠᠢ᠌ᠪᠠᠯ ᠰᠢᠷ᠎ᠠ ᠥᠩᠭᠡ ᠶᠢ 《ᠠᠩᠭᠢᠷ》 ᠭᠡᠵᠤ᠂ 《ᠪᠠ》 ᠥᠰᠦᠭ᠌ ᠣᠷᠤᠭᠰᠠᠨ ᠪᠠᠢ᠌ᠪᠠᠯ ᠪᠣᠳᠠᠭ᠎ᠠ ᠶᠢ 《ᠵᠠᠷᠠᠮ》᠂ ᠪᠠᠭᠠᠰᠤ ᠶᠢ 《ᠨᠤᠷᠭᠤᠰᠤ》᠁ ᠭᠡᠭᠦ ᠮᠠᠳᠤ ᠪᠠᠷ ᠠᠬᠠᠰ ᠵᠠᠬᠠᠰ ᠤᠨ ᠶᠢᠡᠨ ᠨᠠᠷ᠎ᠠ ᠶᠢ ᠭᠦᠡᠳᠦᠳᠭᠡᠨ ᠴᠡᠭᠡᠷᠯᠡᠳᠡᠭ᠌ ᠪᠠᠢ᠌ᠨ᠎ᠠ᠃

(2) ᠦᠳᠡᠰᠢ ᠣᠷᠤᠢ ᠭᠡᠷ᠂ ᠬᠤᠷᠢᠶ᠎ᠠ ᠬᠠᠰᠢᠶ᠎ᠠ ᠪᠠᠨ ᠴᠡᠪᠠᠷᠯᠡᠭᠦ ᠶᠢ ᠣᠠᠴᠠ ᠴᠡᠭᠡᠷᠯᠡᠨ᠎ᠡ᠂ ᠪᠣᠶᠠᠨ ᠶᠢᠡᠨ ᠱᠥᠭᠦᠷᠳᠡᠵᠤ ᠠᠷᠢᠯᠭᠠᠵᠤ ᠪᠠᠢ᠌ᠨ᠎ᠠ ᠭᠡᠵᠤ ᠰᠡᠵᠢᠭᠯᠡᠳᠡᠭ᠌᠃

(3) ᠬᠤᠭ ᠦᠨᠡᠰᠤ ᠶᠢ ᠬᠠᠮᠳᠤ ᠳᠤᠨᠢ ᠬᠠᠶᠠᠬᠤ ᠶᠢ ᠴᠡᠭᠡᠷᠯᠡᠳᠡᠭ᠌᠂ ᠮᠠᠭᠤ ᠢᠷᠸ᠎ᠠ ᠪᠣᠯᠤᠨ᠎ᠠ ᠭᠡᠳᠡᠭ᠌᠃ ᠣᠴᠢᠷ ᠨᠢ ᠬᠤᠭ ᠤᠨ ᠳᠤᠳᠤᠷ᠎ᠠ ᠠᠮᠠᠷᠬᠠᠨ ᠨᠤᠴᠤᠬᠤ ᠶᠠᠭᠤᠮ᠎ᠠ ᠪᠠᠢ᠌ᠵᠤ᠂ ᠦᠨᠡᠰᠤᠨ ᠤ ᠳᠤᠳᠤᠷ᠎ᠠ ᠭᠠᠯ ᠤ ᠴᠤᠭ ᠪᠠᠢ᠌ᠵᠤ ᠮᠠᠳᠠᠨ᠎ᠠ᠂ ᠬᠠᠮᠳᠤ ᠨᠢ ᠬᠠᠶᠠᠪᠠᠯ᠂ ᠭᠠᠯ ᠭᠠᠷᠴᠤ ᠮᠠᠳᠠᠨ᠎ᠠ᠂ ᠭᠡᠳᠡᠯ᠎ᠡ ᠳᠠᠳᠠ ᠢᠩᠭᠢᠵᠤ ᠳᠠᠢ᠌ᠯᠪᠣᠷᠢᠯᠠᠭᠰᠠᠨ ᠦᠭᠡᠶ ᠪᠠᠷ ᠬᠠᠷᠢᠨ 《ᠮᠠᠭᠤ ᠢᠷᠸ᠎ᠠ》 ᠪᠣᠯᠤᠨ᠎ᠠ᠂ ᠬᠤᠵᠢᠮ ᠥᠭᠦᠭᠦ ᠦᠶ᠎ᠡ ᠳᠡᠭᠡᠨ ᠵᠤᠪᠠᠵᠤ ᠥᠭᠦᠨ᠎ᠡ ᠭᠡᠵᠤ ᠬᠡᠦᠬᠡᠳ ᠪᠠᠭᠠᠴᠤᠳ ᠶᠢᠡᠨ ᠰᠤᠷᠭᠠᠳᠠᠭ᠃ ᠡᠭᠦᠨ ᠤ ᠣᠯᠠᠮ ᠡᠴᠠ ᠬᠡᠦᠬᠡᠳ ᠢ ᠭᠠᠯ ᠶᠢᠡᠷ ᠨᠠᠭᠠᠳᠬᠤ ᠶᠢ ᠣᠠᠴᠠ ᠭᠢᠴᠢᠶᠡᠳᠡᠭ᠌᠂ ᠬᠡᠦᠬᠡᠳ ᠭᠠᠯ ᠶᠢᠡᠷ ᠨᠠᠭᠠᠳᠤᠪᠠᠯ ᠣᠷᠤᠨ ᠳᠡᠭᠡᠷ᠎ᠡ ᠪᠡᠨ ᠰᠢᠭᠡᠨ᠎ᠡ ᠭᠡᠵᠤ ᠰᠤᠷᠭᠠᠳᠠᠭ᠃

(4) ᠨᠠᠭᠤᠷ ᠴᠥᠭᠦᠷᠦᠮ ᠬᠤᠳᠳᠤᠭ ᠣᠰᠤ ᠭᠤᠤᠯ ᠭᠤᠷᠤᠬ᠎ᠠ ᠳᠤ ᠡᠯᠳᠡᠪ ᠮᠠᠭᠤᠬᠠᠢ ᠶᠠᠭᠤᠮ᠎ᠠ ᠭᠢᠭᠦ ᠶᠢ ᠴᠡᠭᠡᠷᠯᠡᠳᠡᠭ᠌᠃ ᠨᠠᠩ ᠴᠤ ᠬᠤᠳᠳᠤᠭ ᠤᠨ ᠳᠡᠷᠭᠡᠳᠡ ᠪᠣᠶᠤ ᠨᠠᠭᠤᠷ ᠴᠥᠭᠦᠷᠦᠮ ᠳᠤ ᠬᠤᠪᠴᠠᠰᠤ ᠬᠤᠨᠠᠷ ᠶᠢᠡᠨ ᠣᠭᠢᠶᠠᠬᠤ ᠶᠢ ᠴᠡᠭᠡᠷᠯᠡᠨ᠎ᠡ᠃ ᠡᠮᠡᠭ᠍ᠳᠡᠢ ᠭᠦᠮᠤᠨ ᠬᠤᠳᠳᠤᠭ ᠮᠠᠯᠳᠠᠬᠤ ᠪᠠ ᠬᠤᠳᠳᠤᠭ ᠲᠤ ᠣᠷᠤᠬᠤ ᠶᠢ ᠴᠡᠭᠡᠷᠯᠡᠳᠡᠭ᠌᠃

(5) ᠡᠮᠡᠭ᠍ᠳᠡᠢ ᠭᠦᠮᠤᠨ ᠡᠮᠡᠭᠡᠯ ᠬᠠᠵᠠᠭᠠᠷ ᠣᠷᠭ᠎ᠠ ᠨᠤᠭᠳᠤ᠂ ᠪᠢᠯᠠᠭᠤ ᠳᠠᠰᠢᠭᠤᠷ ᠳᠡᠭᠡᠭᠦᠷ ᠠᠯᠬᠤᠵᠤ ᠭᠠᠷᠬᠤ ᠶᠢ ᠴᠡᠭᠡᠷᠯᠡᠳᠡᠭ᠌ ᠶᠤᠰᠤᠨ ᠪᠠᠢ᠌ᠨ᠎ᠠ᠃ ᠡᠮᠡᠭ᠍ᠳᠡᠢ ᠭᠦᠮᠤᠨ ᠦᠳᠡᠰᠢ ᠣᠷᠤᠢ ᠠᠢ᠌ᠯ ᠳᠤᠭᠤᠷᠢᠬᠤ ᠶᠢ ᠴᠡᠭᠡᠷᠯᠡᠳᠡᠭ᠌᠂ ᠬᠠᠷᠢᠨ ᠦᠷᠯᠦᠭᠡ ᠡᠷᠳᠡ ᠡᠮᠡᠭ᠍ᠳᠡᠢ ᠭᠦᠮᠤᠨ ᠢᠷᠠᠪᠠᠯ ᠶᠡᠭᠡ ᠰᠠᠢ᠌ᠨ ᠭᠡᠵᠤ᠂ ᠶᠠᠭᠤᠮ᠎ᠠ ᠣᠯᠬᠤ ᠪᠠ ᠠᠷᠪᠢᠨ ᠵᠤᠴᠢᠨ ᠢᠷᠠᠨ᠎ᠡ ᠭᠡᠳᠡᠭ᠌᠃ ᠭᠡᠳᠡᠯ᠎ᠡ ᠪᠠᠰᠠ ᠭᠤᠷᠪᠠᠨ ᠡᠮᠡᠭ᠍ᠳᠡᠢ ᠭᠦᠮᠤᠨ ᠴᠤᠭ ᠬᠠᠮᠳᠤᠪᠠᠷ ᠨᠢᠭᠡ ᠠᠢ᠌ᠯ ᠳᠤ ᠣᠴᠢᠵᠤ ᠪᠣᠯᠬᠤ ᠦᠭᠡᠶ᠂ ᠰᠤᠪᠣᠷᠠᠵᠤ ᠣᠴᠢᠳᠠᠭ᠃ ᠳᠠᠪᠬᠤᠷ (ᠪᠠᠶ᠎ᠠ ᠪᠠᠶᠠᠷᠳᠠᠢ) ᠬᠤᠶᠠᠷ ᠡᠮᠡᠭ᠍ᠳᠡᠢ ᠬᠠᠪᠳᠠᠰᠤ ᠵᠦᠷᠢᠵᠤ ᠭᠠᠷᠴᠤ ᠪᠣᠯᠬᠤ ᠦᠭᠡᠶ᠂ ᠬᠡᠦᠬᠡᠳ ᠶᠢᠡᠨ ᠰᠤᠯᠢᠴᠢᠬᠠᠨ᠎ᠠ ᠭᠡᠳᠡᠭ᠌᠃ ᠱᠤᠭ ᠪᠣᠯᠠᠢ ︕

(6) ᠭᠠᠯ ᠭᠤᠯᠤᠮᠳᠠ ᠳᠠᠭᠠᠨ ᠣᠰᠤ ᠴᠢᠳᠬᠤᠬᠤ ᠪᠣᠶᠤ ᠬᠠᠢ᠌ᠴᠢ ᠭᠢᠳᠤᠭ᠎ᠠ ᠵᠡᠷᠭᠡ ᠢᠷ ᠱᠤᠷᠤ ᠲᠡᠶ ᠶᠠᠭᠤᠮ᠎ᠠ ᠶᠢ ᠭᠠᠯ ᠳᠤ ᠭᠢᠭᠦ ᠡᠴᠠ ᠴᠡᠭᠡᠷᠯᠡᠨ᠎ᠡ᠂ ᠮᠠᠭᠤ ᠢᠷᠸ᠎ᠠ ᠪᠣᠯᠤᠨ᠎ᠠ ᠭᠡᠳᠡᠭ᠌᠃ ᠭᠠᠯ ᠳᠠᠭᠢᠬᠤ ᠳᠠᠭᠠᠨ ᠭᠡᠷ ᠤᠨ ᠵᠢᠭᠡ ᠪᠠᠨ ᠣᠷᠤᠯᠴᠠᠭᠤᠯᠳᠠᠭ ᠦᠭᠡᠶ᠂ ᠡᠮᠡᠭ᠍ᠳᠡᠢ ᠭᠦᠮᠤᠨ ᠪᠠ ᠦᠬᠢᠨ ᠭᠦᠮᠤᠨ ᠭᠠᠯ ᠳᠠᠭᠢᠬᠤ ᠳᠤ ᠣᠷᠤᠯᠴᠠᠬᠤ ᠶᠢ ᠴᠡᠭᠡᠷᠯᠡᠨ᠎ᠡ᠃

(7) ᠬᠡᠦᠬᠡᠳ ᠲᠤ ᠳᠤᠭᠤᠭ᠎ᠠ ᠶᠢᠨ ᠬᠤᠰᠤᠮ ᠢ ᠢᠳᠡᠭᠦᠯᠳᠡᠭ᠌ ᠦᠭᠡᠶ᠂ ᠬᠤᠵᠢᠮ ᠬᠤᠷᠢᠮᠯᠠᠪᠠᠯ᠂ ᠪᠣᠷᠤᠭᠠᠨ ᠰᠠᠯᠭᠢᠨ ᠵᠤᠳ ᠰᠢᠭᠤᠷᠭᠠᠨ ᠭᠠᠷᠤᠨ᠎ᠠ ᠭᠡᠵᠤ ᠠᠶᠤᠯᠭᠠᠳᠠᠭ᠃

(8) ᠵᠤᠴᠢᠨ ᠪᠣᠶᠤ ᠮᠠᠯ ᠰᠦᠷᠦᠭ᠌ ᠤᠨ ᠥᠭᠡᠳᠡ ᠡᠴᠠ ᠬᠤᠭᠤᠰᠤᠨ ᠰᠠᠪᠠ ᠰᠠᠭᠤᠯᠭ᠎ᠠ ᠠᠪᠴᠤ ᠭᠠᠷᠬᠤ ᠪᠠ ᠬᠤᠭ ᠦᠨᠡᠰᠤ ᠬᠠᠶᠠᠬᠤ ᠶᠢ ᠴᠡᠭᠡᠷᠯᠡᠳᠡᠭ᠌᠃ ᠳᠦᠭᠦᠷᠡᠩ ᠰᠠᠭᠤᠯᠠᠭ᠎ᠠ ᠲᠡᠶ ᠣᠰᠤ ᠪᠠ ᠦᠶᠡᠷ ᠣᠰᠤᠨ ᠤ ᠥᠵᠦᠭᠦᠷ ᠳᠠᠭᠠᠷᠠᠯᠳᠠᠪᠠᠯ ᠪᠠᠶᠠᠷᠯᠠᠵᠤ᠂ ᠬᠤᠭᠤᠰᠤᠨ ᠰᠠᠭᠤᠯᠭ᠎ᠠ ᠳᠠᠭᠠᠷᠠᠯᠳᠠᠪᠠᠯ ᠮᠠᠭᠤ ᠢᠷᠸ᠎ᠠ ᠲᠡᠶ ᠭᠡᠳᠡᠭ᠌ ᠪᠠᠢ᠌ᠨ᠎ᠠ᠃

(9) ᠭᠢᠳᠤᠭ᠎ᠠ ᠰᠢᠪᠦᠭᠡ ᠬᠠᠢ᠌ᠴᠢ ᠵᠡᠷᠭᠡ ᠢᠷ ᠱᠤᠷᠤ ᠲᠡᠶ ᠶᠠᠭᠤᠮ᠎ᠠ ᠶᠢ ᠪᠣᠰᠤᠳ ᠲᠤ ᠢᠷ ᠱᠤᠷᠤ ᠪᠠᠷ ᠨᠢ ᠭᠠᠷᠳᠠᠭᠤᠯᠬᠤ ᠶᠢ ᠴᠡᠭᠡᠷᠯᠡᠳᠡᠭ᠌᠃

(10) ᠵᠤᠭᠰᠤᠭ᠎ᠠ ᠪᠠᠷ ᠶᠢᠡᠨ ᠢᠳᠡᠭᠦ ᠶᠢ ᠴᠡᠭᠡᠷᠯᠡᠳᠡᠭ᠌᠂ ᠦᠨᠢᠶ᠎ᠡ ᠨᠢ ᠵᠤᠭᠰᠤᠭ᠎ᠠ ᠪᠠᠷ ᠶᠢᠡᠨ ᠳᠦᠷᠤᠨ᠎ᠡ ᠭᠡᠳᠡᠭ᠌᠃

(11) ᠨᠤᠬᠠᠢ ᠶᠢ ᠢᠰᠭᠦᠯᠳᠡᠭ᠌ ᠦᠭᠡᠶ᠂ ᠭᠠᠷᠤᠵᠠ ᠭᠠᠷᠤᠨ᠎ᠠ ᠭᠡᠳᠡᠭ᠌᠃ ᠨᠤᠬᠠᠢ ᠶᠢᠨ ᠭᠦᠯᠦᠭᠡ ᠪᠠᠨ ᠵᠢᠭᠡ ᠨᠡᠷ ᠪᠠ ᠣᠷᠤᠭ ᠰᠠᠳᠤᠨ ᠳᠠᠭᠠᠨ ᠥᠭ᠍ᠳᠡᠭ᠌ ᠦᠭᠡᠶ᠂ ᠪᠣᠶᠠᠨ ᠶᠢᠡᠨ ᠦᠭ‍ᠭᠦᠨ᠎ᠡ ᠭᠡᠳᠡᠭ᠌᠃ ᠨᠤᠬᠠᠢ ᠶᠢᠨ ᠬᠤᠭᠤᠯᠠᠨ ᠳᠤ ᠡᠪᠠᠰᠤ ᠣᠷᠤᠬᠤ ᠶᠢ ᠭᠢᠴᠢᠶᠡᠳᠡᠭ᠌ ᠮᠦᠷᠳᠡᠭᠡᠨ ᠳᠠᠷᠠᠴᠢᠯᠠᠨ ᠬᠡᠦᠬᠡᠳ ᠢ ᠨᠤᠬᠠᠢ ᠶᠢ ᠣᠨᠤᠵᠤ ᠪᠣᠯᠬᠤ ᠦᠭᠡᠶ ᠭᠡᠳᠡᠭ᠌᠂ ᠨᠤᠬᠠᠢ ᠣᠨᠤᠪᠠᠯ ᠬᠤᠵᠢᠮ ᠭᠦᠮᠤᠨ ᠤ ᠳᠤᠮᠳᠠ ᠦᠮᠦᠳᠦ ᠪᠠᠨ ᠭᠡᠭᠡᠨ᠎ᠡ ᠭᠡᠳᠡᠭ᠌᠃ ᠬᠠᠷᠢᠨ ᠬᠡᠦᠬᠡᠳ ᠤᠨ ᠰᠢᠳᠤ ᠣᠨᠠᠪᠠᠯ ᠨᠤᠬᠠᠢ ᠳᠤ 《ᠰᠠᠢ᠌ᠨ ᠰᠢᠳᠤ ᠪᠠᠨ ᠦᠭ‍ᠭᠦᠭᠡᠷᠡᠢ ︕》 ᠭᠡᠳ ᠬᠠᠶᠠᠵᠤ ᠥᠭ᠍ᠳᠡᠭ᠌᠃

(12) ᠰᠦᠨᠢ ᠣᠷᠤᠢ ᠭᠠᠳᠠᠨ᠎ᠠ ᠶᠠᠭᠤᠮ᠎ᠠ ᠢᠳᠠᠵᠤ ᠪᠣᠯᠬᠤ ᠦᠭᠡᠶ ᠠᠮᠠ ᠣᠷᠤᠭᠤᠯ ᠳᠡᠭᠡᠷ᠎ᠡ ᠨᠢ ᠶᠠᠭᠤᠮ᠎ᠠ ᠭᠠᠷᠤᠨ᠎ᠠ ᠭᠡᠳᠡᠭ᠌᠃

(13) ᠡᠭᠦᠳᠡ ᠬᠠᠭᠠᠯᠠᠭ᠎ᠠ ᠪᠠᠨ ᠭᠠᠯ ᠤᠨ ᠬᠠᠪᠴᠢᠭᠤᠷ ᠪᠠ ᠰᠢᠯᠡᠭᠡᠪᠦᠷ᠂ ᠳᠤᠤᠵᠤ ᠪᠠᠷ ᠳᠤᠭᠰᠢᠵᠤ᠂ ᠴᠤᠭᠢᠵᠤ ᠪᠣᠯᠬᠤ ᠦᠭᠡᠶ ᠮᠠᠯ ᠭᠦᠷᠦᠩᠭᠡ ᠪᠠᠨ ᠪᠠᠷᠠᠨ᠎ᠠ ᠭᠡᠳᠡᠭ᠌᠃

(14) ᠭᠡᠪᠳᠡᠵᠤ ᠣᠠᠳᠠᠵᠤ ᠪᠠᠢ᠌ᠬᠤ ᠦᠶ᠎ᠡ ᠳᠤ ᠪᠠᠨ ᠶᠠᠭᠤᠮ᠎ᠠ ᠢᠳᠠᠵᠤ ᠪᠣᠯᠬᠤ ᠦᠭᠡᠶ ᠮᠠᠭᠤᠬᠠᠢ ᠵᠡᠭᠦᠳᠤ ᠵᠡᠭᠦᠳᠡᠯᠡᠨ᠎ᠡ ᠭᠡᠳᠡᠭ᠌᠃

(15) ᠦᠨᠡᠰᠤ ᠬᠤᠭ ᠢ ᠬᠠᠶᠠᠬᠤ ᠳᠠᠭᠠᠨ ᠠᠮᠠᠷᠠᠵᠤ ᠪᠣᠯᠬᠤ ᠦᠭᠡᠶ ᠵᠤᠪᠠᠵᠤ ᠵᠦᠳᠡᠷᠡᠵᠤ ᠥᠭᠦᠨ᠎ᠡ ᠭᠡᠳᠡᠭ᠌᠂ ᠬᠤᠭ ᠦᠨᠡᠰᠤ ᠶᠢ ᠠᠰ ᠠᠰ ᠳᠤᠨᠢ ᠣᠪᠣᠭᠠᠯᠠᠵᠤ ᠳᠠᠯᠪᠢᠳᠠᠭ᠃

(16) ᠭᠠᠯ ᠭᠤᠯᠤᠮᠳᠠ ᠪᠠᠨ ᠢᠰᠭᠦᠯᠭᠦ ᠶᠢ ᠴᠡᠭᠡᠷᠯᠡᠳᠡᠭ᠌ ᠮᠦᠨᠴᠤ ᠭᠠᠯ ᠳᠤ ᠨᠤᠬᠠᠢ᠂ ᠭᠠᠬᠠᠢ ᠶᠢᠨ ᠪᠠᠭᠠᠰᠤ ᠪᠠ ᠪᠣᠰᠤᠳ ᠪᠣᠵᠠᠷ ᠶᠠᠭᠤᠮ᠎ᠠ ᠣᠷᠤᠬᠤ ᠶᠢ ᠭᠢᠴᠢᠶᠡᠳᠡᠭ᠌ ᠪᠠᠢ᠌ᠨ᠎ᠠ᠃ ᠭᠠᠯ ᠳᠤ ᠮᠠᠭᠤᠬᠠᠢ ᠶᠠᠭᠤᠮ᠎ᠠ ᠣᠷᠤᠪᠠᠯ ᠨᠤᠬᠠᠢ ᠳᠤ ᠬᠠᠵᠢᠭᠳᠠᠵᠤ ᠪᠠᠢ᠌ᠨ᠎ᠠ ᠭᠡᠵᠤ ᠵᠡᠭᠦᠳᠡᠯᠡᠨ᠎ᠡ ᠭᠡᠳᠡᠭ᠌᠃ ᠬᠤᠤᠪᠠᠩ ᠵᠤᠤᠬ᠎ᠠ ᠪᠠᠨ ᠦᠷᠭᠦᠯᠵᠢ ᠵᠠᠰᠠᠵᠤ ᠴᠡᠪᠠᠷᠯᠡᠳᠡᠭ᠌ ᠵᠠᠩᠰᠢᠯ ᠲᠡᠶ᠂ ᠦᠭᠡᠶ ᠪᠣᠯ ᠭᠡᠷ ᠤᠨ ᠡᠵᠡᠨ ᠤ ᠰᠡᠳᠭᠢᠯ ᠰᠠᠨᠠᠭ᠎ᠠ ᠭᠡᠵᠢᠶᠡᠳᠡ ᠠᠮᠤᠷ ᠦᠭᠡᠶ ᠪᠣᠯᠤᠨ᠎ᠠ ᠭᠡᠳᠡᠭ᠌᠃

(17) ᠡᠭᠡ ᠮᠠᠯ ᠢ ᠠᠯᠠᠵᠤ ᠨᠢᠳᠤᠯᠠᠬᠤ ᠳᠠᠭᠠᠨ ᠭᠡᠪᠳᠡᠰᠢᠨ ᠳᠡᠭᠡᠷ᠎ᠡ ᠨᠢ ᠦᠯᠦᠨ ᠴᠠᠭᠠᠨ ᠡᠪᠠᠰᠤ ᠳᠠᠯᠪᠢᠵᠤ ᠣᠭᠳᠤᠯᠵᠤ ᠬᠠᠶᠠᠳᠠᠭ᠂ ᠭᠡᠷᠪᠡ ᠭᠡᠪᠳᠡᠰᠢ ᠳᠤᠳᠤᠷ᠎ᠠ ᠨᠢ ᠢᠰᠢᠭᠡ᠂ ᠬᠤᠷᠠᠭ᠎ᠠ᠂ ᠳᠤᠭᠤᠯ ᠵᠡᠷᠭᠡ ᠪᠠᠢ᠌ᠪᠠᠯ ᠭᠠᠷᠭᠠᠵᠤ ᠠᠪᠣᠭᠰᠠᠨ ᠤ ᠳᠠᠷᠠᠭ᠎ᠠ ᠰᠠᠢ᠌ᠨ ᠵᠥᠭ᠌ ᠲᠤ ᠬᠠᠶᠠᠳᠠᠭ ᠪᠠᠢ᠌ᠨ᠎ᠠ᠃ ᠭᠡᠷᠪᠡ ᠮᠠᠯ ᠣᠨᠠᠭ᠎ᠠ ᠨᠠᠭᠤᠷ ᠴᠥᠭᠦᠷᠦᠮ᠂ ᠬᠤᠳᠳᠤᠭ ᠣᠰᠤᠨ ᠳᠤ ᠣᠨᠠᠭᠰᠠᠨ ᠪᠠ ᠣᠨᠠᠵᠤ ᠥᠭᠦᠭ᠍ᠰᠡᠨ ᠪᠠᠢ᠌ᠪᠠᠯ᠂ ᠣᠷᠤᠨ ᠳᠤ ᠨᠢ (ᠯᠤᠤᠰ ᠤᠨ ᠡᠵᠡᠨ ᠳᠤ) ᠭᠢᠯ᠎ᠠ ᠭᠡᠵᠤ ᠬᠤᠷᠤᠳ ᠪᠣᠶᠤ ᠮᠤᠳᠤ᠂ ᠴᠢᠯᠠᠭᠤ ᠵᠡᠷᠭᠡ ᠶᠢ ᠨᠠᠭᠤᠷ ᠴᠥᠭᠦᠷᠦᠮ᠂ ᠬᠤᠳᠳᠤᠭ ᠣᠰᠤᠨ ᠳᠤ ᠬᠠᠶᠠᠵᠤ ᠣᠷᠤᠭᠤᠯᠳᠠᠭ ᠪᠠᠢ᠌ᠨ᠎ᠠ᠃ ᠣᠰᠤᠨ ᠳᠤ ᠣᠨᠠᠵᠤ ᠥᠭᠦᠭ᠍ᠰᠡᠨ ᠮᠠᠯ ᠤᠨ ᠮᠢᠬ᠎ᠠ ᠪᠠ ᠪᠣᠰᠤᠳ ᠡᠪᠡᠳᠴᠡᠨ ᠭᠡᠮ ᠶᠢᠡᠷ ᠥᠭᠦᠭ᠍ᠰᠡᠨ ᠮᠠᠯ ᠤᠨ ᠮᠢᠬ᠎ᠠ ᠶᠢ ᠪᠣᠵᠠᠷ ᠭᠡᠳ ᠢᠳᠡᠳᠡᠭ᠌ ᠦᠭᠡᠶ᠃

(18) ᠵᠤᠴᠢᠨ ᠤ ᠬᠣᠢ᠌ᠨ᠎ᠠ ᠡᠴᠡ ᠦᠨᠡᠰᠤ ᠬᠤᠭ᠂ ᠣᠰᠤ ᠬᠠᠶᠠᠵᠤ ᠪᠣᠯᠬᠤ ᠦᠭᠡᠶ᠃

(19) ᠭᠡᠭᠡᠷ᠎ᠡ ᠭᠠᠳᠠᠨ᠎ᠠ ᠶᠠᠪᠣᠬᠤ ᠳᠠᠭᠠᠨ ᠮᠤᠳᠤ᠂ ᠴᠢᠯᠠᠭᠤ᠂ ᠳᠠᠮᠤᠷ ᠤᠨ ᠵᠣᠢ᠌ᠯᠠᠰ ᠢ ᠭᠦᠳᠡᠯᠭᠡᠳᠡᠭ᠌ ᠦᠭᠡᠶ᠃ ᠨᠢᠳᠤᠨ ᠳᠤ ᠮᠠᠭᠤ (ᠰᠤᠬᠤᠷᠠᠨ᠎ᠠ) ᠭᠡᠳᠡᠭ᠌᠃

(20) ᠭᠡᠭᠡᠷ᠎ᠡ ᠭᠠᠳᠠᠨ᠎ᠠ ᠵᠤᠭᠤᠰ ᠳᠠᠭᠠᠷᠠᠪᠠᠯ ᠠᠪᠳᠠᠭ ᠦᠭᠡᠶ᠂ ᠵᠤᠪᠠᠯᠠᠩ ᠳᠤ ᠳᠠᠭᠠᠷᠢᠭᠳᠠᠨ᠎ᠠ ᠭᠡᠳᠡᠭ᠌᠃

(21) ᠭᠡᠭᠡᠷ᠎ᠡ ᠭᠠᠳᠠᠨ᠎ᠠ᠂ ᠠᠭᠤᠯᠠ ᠬᠠᠢ᠌ᠷᠬᠠᠨ ᠶᠢᠡᠷ ᠳᠤᠭᠤᠷᠢᠵᠤ ᠶᠠᠪᠣᠬᠤ ᠳᠠᠭᠠᠨ ᠡᠪᠠᠰᠤ ᠶᠢᠨ ᠣᠷᠤᠢ᠂ ᠮᠤᠳᠤᠨ ᠤ ᠨᠠᠪᠴᠢ ᠨᠠᠮᠠᠭ᠎ᠠ ᠶᠢ ᠬᠠᠮᠢᠶ᠎ᠠ ᠨᠠᠮᠢᠶ᠎ᠠ ᠦᠭᠡᠶ ᠳᠠᠰᠤᠯᠵᠤ᠂ ᠭᠦᠡᠳᠡᠭᠡᠳ ᠵᠠᠭᠤᠬᠤ ᠪᠣᠶᠤ ᠰᠢᠳᠤ ᠪᠠᠨ ᠰᠢᠭ᠍ᠰᠢᠯᠡᠵᠤ ᠪᠣᠯᠬᠤ ᠦᠭᠡᠶ᠃ ᠮᠠᠭᠤ ᠪᠣᠯᠤᠨ᠎ᠠ ᠭᠡᠳᠡᠭ᠌᠃

(22) ᠭᠡᠷ ᠦᠷᠦᠭᠡᠨ ᠳᠤ ᠪᠠᠨ ᠰᠢᠭᠡᠭᠦ᠂ ᠮᠠᠯ ᠤᠨ ᠭᠦᠷᠢᠶ᠎ᠡ ᠬᠠᠰᠢᠶᠠᠨ ᠳᠠᠭᠠᠨ ᠰᠢᠭᠡᠵᠤ ᠪᠠᠭᠠᠬᠤ ᠶᠢ ᠴᠡᠭᠡᠷᠯᠡᠳᠡᠭ᠌᠃ ᠭᠡᠷᠪᠡ ᠢᠷᠡᠭ᠍ᠰᠡᠨ ᠵᠤᠴᠢᠨ ᠭᠡᠷ ᠦᠷᠦᠭᠡᠨ ᠳᠤ ᠨᠢ ᠰᠢᠭᠡᠪᠠᠯ ᠰᠢᠭᠡᠰᠤ ᠶᠢ ᠨᠢ ᠰᠢᠭᠡᠭ᠍ᠰᠡᠨ ᠭᠠᠵᠠᠷ ᠡᠴᠡ ᠨᠢ ᠪᠠᠭ᠎ᠠ ᠠᠪᠴᠤ ᠴᠠᠢ ᠳᠤᠳᠤᠷ᠎ᠠ ᠨᠢ ᠭᠢᠵᠤ ᠣᠤᠭᠤᠯᠭᠠᠳᠠᠭ ᠪᠦᠭᠡᠳ ᠬᠠᠷ᠎ᠠ ᠵᠢᠰᠤᠮ ᠤᠨ ᠬᠤᠨᠢ ᠢᠮᠠᠭ᠎ᠠ ᠠᠯᠠᠭᠤᠯᠵᠤ ᠭᠠᠯ ᠭᠤᠯᠤᠮᠳᠠ ᠪᠠᠨ ᠳᠠᠭᠢᠭᠤᠯᠳᠠᠭ ᠪᠠᠢ᠌ᠨ᠎ᠠ᠃ ᠬᠠᠷᠢᠨ ᠢᠷᠡᠭ᠍ᠰᠡᠨ ᠵᠤᠴᠢᠨ ᠨᠢ ᠭᠡᠷ ᠦᠷᠦᠭᠡᠨ ᠳᠤ ᠨᠢ ᠪᠠᠭᠠᠪᠠᠯ ᠶᠡᠭᠡ ᠰᠠᠢ᠌ᠨ ᠭᠡᠵᠤ ᠪᠠᠶᠠᠷᠯᠠᠭᠠᠤᠨ ᠬᠤᠵᠢᠮ ᠪᠠᠶᠠᠵᠢᠨ᠎ᠠ ᠭᠡᠳᠡᠭ᠌᠃

(23) ᠮᠤᠤᠷ ᠠᠯᠠᠬᠤ ᠶᠢ ᠴᠡᠭᠡᠷᠯᠡᠳᠡᠭ᠌᠂ ᠨᠢᠭᠦᠯ ᠭᠢᠵᠤ ᠪᠠᠢ᠌ᠨ᠎ᠠ ᠭᠡᠳᠡᠭ᠌᠃ ᠨᠢᠭᠡ ᠮᠤᠤᠷ ᠢ ᠠᠯᠠᠪᠠᠯ ᠳᠤᠯᠤᠭᠠᠨ ᠴᠢᠪᠠᠭᠠᠠᠴᠠ ᠶᠢ ᠠᠯᠠᠭᠰᠠᠨ ᠲᠡᠶ ᠳᠠᠩᠴᠠᠨ᠎ᠡ ᠭᠡᠳᠡᠭ᠌᠃

(24) ᠴᠠᠭᠠᠨ ᠢᠳᠡᠭᠡᠨ ᠤ ᠵᠣᠢ᠌ᠯ ᠢ ᠬᠠᠶᠠᠵᠤ ᠪᠣᠯᠬᠤ ᠦᠭᠡᠶ᠂ ᠭᠡᠷᠪᠡ ᠰᠠᠨᠠᠭᠠᠨ ᠳᠤ ᠦᠭᠡᠶ ᠪᠠᠷ ᠰᠥ᠋ ᠴᠠᠭ᠎ᠠ ᠶᠢᠨ ᠵᠣᠢ᠌ᠯ ᠢ ᠭᠠᠵᠠᠷ ᠲᠤ ᠠᠰᠠᠬᠠᠭᠰᠠᠨ ᠪᠠᠢ᠌ᠪᠠᠯ ᠳᠠᠷᠠ ᠳᠤᠤᠷ᠎ᠠ ᠨᠢ ᠳᠤᠯᠤᠪᠣᠷ ᠬᠤᠷᠤᠭᠤ ᠪᠠᠷ ᠶᠢᠡᠨ ᠪᠠᠭ᠎ᠠ ᠠᠪᠠᠴᠤ ᠮᠠᠩᠨᠠᠢ ᠳᠡᠭᠡᠷ᠎ᠡ ᠪᠠᠨ ᠳᠦᠷᠭᠢᠳᠡᠭ᠌ ᠪᠠᠢ᠌ᠨ᠎ᠠ᠃ ᠢᠳᠡᠭᠡᠨ ᠤ ᠵᠣᠢ᠌ᠯ ᠶᠢᠡᠷ ᠨᠠᠭᠠᠳᠵᠤ ᠪᠣᠯᠬᠤ ᠦᠭᠡᠶ᠂ ᠭᠦᠨᠦᠰᠤ ᠪᠣᠶᠠᠨ ᠶᠢᠡᠨ ᠪᠠᠷᠠᠨ᠎ᠠ ᠭᠡᠳᠡᠭ᠌᠃

(25) ᠳᠠᠪᠣᠷ᠎ᠠ ᠳᠤᠭᠤᠭ᠎ᠠ ᠪᠠᠨ ᠭᠡᠯᠳᠡᠭᠡᠢ ᠳᠠᠯᠪᠢᠵᠤ ᠴᠠᠢ ᠪᠣᠳᠠᠭ᠎ᠠ ᠴᠢᠨᠠᠬᠤ ᠶᠢ ᠴᠡᠭᠡᠷᠯᠡᠳᠡᠭ᠌᠂ ᠭᠦᠨᠡᠰᠤ ᠪᠣᠶᠠᠨ ᠶᠢᠡᠨ ᠬᠠᠵᠠᠢ᠌ᠯᠭᠠᠵᠤ ᠪᠠᠢ᠌ᠨ᠎ᠠ ᠭᠡᠳᠡᠭ᠌᠃ ᠡᠭᠦᠨ ᠤ ᠣᠯᠠᠮ ᠡᠴᠠ ᠠᠶᠠᠭ᠎ᠠ ᠰᠠᠪᠠᠬ᠎ᠠ᠂ ᠳᠤᠭᠤᠭ᠎ᠠ ᠰᠢᠨᠠᠭ᠎ᠠ ᠪᠠᠨ ᠴᠤᠭᠢᠵᠤ ᠳᠤᠭᠰᠢᠵᠤ ᠪᠣᠯᠳᠠᠭ ᠦᠭᠡᠶ᠃ ᠢᠳᠡᠭᠦ ᠣᠤᠭᠤᠬᠤ ᠳᠠᠭᠠᠨ ᠭᠡᠯᠡᠵᠤ ᠶᠠᠷᠢᠬᠤ ᠪᠠ ᠰᠠᠪᠠᠬ᠎ᠠ ᠪᠠᠷ ᠶᠢᠡᠨ ᠭᠦᠮᠤᠨ ᠢ ᠵᠢᠭᠠᠵᠤ ᠪᠣᠯᠬᠤ ᠦᠭᠡᠶ᠃ ᠪᠣᠵᠠᠷ ᠮᠠᠭᠤᠬᠠᠢ ᠵᠣᠢ᠌ᠯᠠᠰ ᠢ ᠳᠤᠷᠠᠳᠬᠤ ᠶᠢ ᠴᠡᠭᠡᠷᠯᠡᠳᠡᠭ᠌᠃

(26) ᠡᠪᠡᠳᠴᠢᠨ ᠵᠡᠮᠳᠡᠭ᠌ ᠲᠡᠶ ᠭᠦᠮᠤᠨ ᠢ ᠳᠠᠭᠤᠷᠢᠶᠠᠨ ᠳᠤᠭᠤᠭᠢᠯᠠᠬᠤ ᠶᠢ ᠴᠡᠭᠡᠷᠯᠡᠨ᠎ᠡ᠂ ᠭᠡᠷᠪᠡ ᠳᠠᠭᠤᠷᠢᠶᠠᠨ ᠳᠤᠭᠤᠭᠢᠯᠠᠵᠤ ᠭᠤᠳᠠᠭᠠᠨ ᠳᠤᠷᠤᠮᠵᠢᠯᠠᠠᠪᠠᠯ ᠣᠷᠢᠳᠠᠪᠠᠯ ᠳᠤᠰ ᠪᠠᠶ᠎ᠠ ᠳᠤᠨᠢ᠂ ᠬᠤᠵᠢᠮᠳᠠᠪᠠᠯ ᠦᠷ᠎ᠡ ᠬᠡᠦᠬᠡᠳ ᠳᠤᠨᠢ ᠳᠤᠰᠤᠨ᠎ᠠ ᠭᠡᠳᠡᠭ᠌᠃ ᠪᠣᠰᠤᠳ ᠤᠨ ᠮᠠᠭᠤ ᠮᠠᠭᠤᠬᠠᠢ ᠶᠢ ᠭᠡᠯᠡᠭᠦ ᠦᠭᠡᠶ ᠪᠠᠢ᠌ᠳᠠᠭ᠃

(27) ᠡᠪᠡᠳᠴᠢᠨ ᠲᠡᠶ ᠭᠦᠮᠤᠨ ᠢ ᠪᠣᠯᠭᠤᠭᠠᠵᠤ ᠥᠵᠡᠭᠦ ᠳᠡᠭᠡᠨ ᠬᠠᠷᠰᠢ ᠦᠭᠡᠶ ᠡᠳᠦᠷ ᠢ ᠰᠤᠩᠭ᠋ᠤᠵᠤ᠂ ᠵᠠᠪᠠᠯ ᠦᠳᠡ ᠶᠢᠨ ᠡᠮᠤᠨ᠎ᠡ ᠪᠠᠢ᠌ᠬᠤ ᠭᠡᠷᠡᠭ᠍ᠳᠡᠢ ᠪᠠᠢ᠌ᠳᠠᠭ᠂ ᠦᠳᠡ ᠶᠢᠨ ᠬᠣᠢ᠌ᠨ᠎ᠠ ᠪᠣᠶᠤ ᠬᠠᠷᠰᠢ ᠡᠳᠦᠷ ᠪᠣᠯᠪᠠᠯ ᠡᠪᠡᠳᠴᠢᠨ ᠨᠢ ᠭᠦᠡᠳᠦᠷᠡᠨ᠎ᠡ ᠭᠡᠳᠡᠭ᠌᠃

(28) ᠮᠠᠯ ᠣᠨᠤᠭ᠎ᠠ ᠶᠢᠨ ᠥᠭᠦᠳᠡᠯ ᠢ ᠬᠠᠶᠠᠬᠤ ᠳᠠᠭᠠᠨ ᠴᠠᠭ᠂ ᠵᠥᠭ᠌ ᠥᠵᠡᠳᠡᠭ᠌ ᠪᠦᠭᠡᠳ 《ᠬᠠᠷ᠎ᠠ ᠨᠤᠬᠠᠢ ᠶᠢᠨ ᠠᠮᠠ》 ᠵᠥᠭ᠌ ᠬᠠᠶᠠᠳᠠᠭ ᠦᠭᠡᠶ᠃ ᠬᠠᠶᠠᠬᠤ ᠳᠠᠭᠠᠨ ᠳᠤᠯᠤᠭᠠᠢ ᠶᠢ ᠨᠢ ᠵᠠᠪᠠᠯ ᠬᠣᠢ᠌ᠰᠢ ᠬᠠᠠᠳᠤᠭᠤᠯᠵᠤ ᠳᠠᠯᠪᠢᠳᠠᠭ ᠶᠤᠰᠤᠳᠠᠢ᠃

(29) ᠪᠣᠰᠤᠳ ᠤᠨ ᠠᠷᠤ ᠳᠤ ᠰᠠᠭᠤᠵᠤ ᠢᠳᠠᠵᠤ ᠣᠤᠭᠤᠵᠤ ᠪᠣᠯᠬᠤ ᠦᠭᠡᠶ᠂ ᠣᠬᠠᠭᠠᠨ ᠰᠠᠨᠠᠭ᠎ᠠ ᠶᠢ ᠨᠢ ᠠᠪᠣᠴᠢᠬᠠᠨ᠎ᠠ ᠭᠡᠳᠡᠭ᠌᠃

(30) ᠵᠠᠮ ᠶᠠᠪᠣᠬᠤ᠂ ᠣᠷᠤᠢ ᠪᠦᠷᠦᠢ ᠳᠠᠭᠤᠤ ᠭᠢᠩᠰᠢᠭᠦ ᠶᠢ ᠴᠡᠭᠡᠷᠯᠡᠳᠡᠭ᠌᠃ ᠬᠤᠵᠢᠮ ᠵᠤᠪᠠᠯᠠᠩ ᠳᠤ ᠣᠴᠠᠷᠠᠨ᠎ᠠ ᠭᠡᠳᠡᠭ᠌᠃ 《ᠭᠡᠢ᠌ᠷᠡᠨ ᠭᠡᠢ᠌ᠷᠡᠨ ᠣᠷᠤᠬᠤ ᠪᠣᠷᠤᠭᠠᠨ ᠠᠷᠢᠯᠠᠬᠤᠢ ᠲᠤᠷ ᠭᠦᠴᠢᠷ᠂ ᠭᠡᠩ ᠭᠠᠩ ᠭᠡᠰᠡᠨ ᠳᠡᠪᠢᠯᠡᠭᠦᠢ ᠲᠤᠷ ᠪᠠᠷᠭᠡ》 ᠭᠡᠳᠡᠭ᠌᠃ ᠦᠳᠡᠰᠢ ᠣᠷᠤᠢ ᠬᠢᠮᠤᠰᠤ ᠪᠠᠨ ᠠᠪᠬᠤ ᠦᠭᠡᠶ᠃ ᠳᠦᠭᠡᠷᠡᠨ᠎ᠡ ᠭᠡᠳᠡᠭ᠌᠃ ᠢᠳᠠᠵᠤ ᠣᠤᠭᠤᠵᠤ ᠴᠠᠳᠤᠭᠠᠤᠨ ᠶᠤᠤᠯᠠᠵᠤ ᠪᠣᠯᠬᠤ ᠦᠭᠡᠶ᠃ ᠢᠳᠠᠵᠤ ᠣᠤᠭᠤᠬᠤ ᠶᠢᠨ ᠵᠣᠢ᠌ᠯ᠂ ᠨᠠᠩ ᠴᠤ ᠴᠠᠭᠠᠨ ᠢᠳᠡᠭᠡᠨ ᠤ ᠵᠣᠢ᠌ᠯ ᠢ ᠠᠮᠳᠠ ᠦᠭᠡᠶ ᠭᠡᠵᠤ ᠭᠡᠯᠡᠵᠤ ᠪᠣᠯᠬᠤ ᠦᠭᠡᠶ᠃ ᠪᠣᠶᠠᠨ ᠶᠢᠡᠨ ᠪᠠᠷᠠᠨ᠎ᠠ᠃

(31) ᠴᠠᠭᠠᠨ ᠢᠳᠡᠭᠡᠨ ᠤ ᠵᠣᠢ᠌ᠯᠠᠰ ᠡᠴᠠ ᠪᠣᠰᠤᠳ ᠳᠤ ᠦᠭ‍ᠭᠦ ᠳᠡᠭᠡᠨ ᠣᠷᠢᠳᠠᠪᠠᠷ ᠳᠡᠭᠡᠵᠢ ᠶᠢ ᠨᠢ ᠠᠮᠰᠠᠳᠠᠭ᠂ ᠬᠤᠷᠤᠳ ᠢ ᠪᠣᠰᠤᠳ ᠳᠤ ᠪᠠᠯᠡᠭᠯᠡᠪᠠᠯ ᠥᠡᠴᠦᠭ᠌ ᠡᠴᠠ ᠨᠢ ᠭᠡᠯᠳᠦᠯᠡᠵᠤ ᠠᠪᠳᠠᠭ᠂ ᠪᠣᠰᠤᠳ ᠳᠤ ᠦᠷᠤᠮ᠎ᠠ ᠰᠦ᠋ ᠲᠡᠶ ᠬᠤᠭᠤᠯᠠ ᠬᠤᠳᠬᠤᠵᠤ ᠦᠭ‍ᠭᠦ ᠳᠡᠭᠡᠨ ᠥᠪᠠᠷᠳᠡᠭᠡᠨ ᠠᠮᠰᠠᠭᠠᠤᠨ ᠥᠭ᠍ᠳᠡᠭ᠌᠃ ᠡᠨᠡᠭᠦ ᠶᠤᠰᠤᠨ ᠨᠢ ᠳᠠᠷᠤᠢ ᠮᠠᠯ ᠤᠨ ᠭᠡᠰᠢᠭ᠌ ᠪᠣᠶᠠᠨ ᠶᠢᠡᠨ ᠥᠯᠡᠳᠡᠭᠡᠵᠤ ᠠᠪᠴᠤ ᠪᠠᠢ᠌ᠨ᠎ᠠ ᠭᠡᠳᠡᠭ᠌᠃

(32) ᠮᠠᠨ ᠤ ᠮᠤᠩᠭ᠋ᠤᠯ ᠦᠨᠳᠦᠰᠦᠳᠠᠨ ᠡᠪᠦᠭᠡ ᠳᠡᠭᠡᠳᠦᠰ ᠡᠴᠠ ᠪᠠᠨ ᠠᠪᠣᠭᠠᠤᠨ ᠡᠭᠡ ᠪᠠᠢ᠌ᠭᠠᠯᠢ ᠶᠢ ᠬᠠᠢ᠌ᠷᠠᠯᠠᠨ ᠬᠠᠮᠠᠭᠠᠯᠠᠵᠤ ᠢᠷᠡᠭ᠍ᠰᠡᠨ ᠢᠷᠠᠭᠤ ᠰᠠᠢ᠌ᠬᠠᠨ ᠳᠡᠦᠭᠡ ᠲᠡᠶ ᠨᠢᠭᠡᠨ ᠠᠭᠤᠤ ᠶᠡᠭᠡ ᠦᠨᠳᠦᠰᠦᠳᠠᠨ ᠶᠤᠮ᠃ ᠳᠠᠳᠠ ᠣᠩᠭ᠋ᠤᠨ ᠪᠠᠢ᠌ᠭᠠᠯᠢ ᠪᠠᠨ ᠬᠠᠢ᠌ᠷᠠᠯᠠᠨ ᠭᠢᠮᠭᠠᠳᠠᠵᠤ ᠶ‍ᠪᠣᠬᠤ ᠳᠠᠭᠠᠨ᠂ ᠶᠠᠭᠤᠨ ᠤ ᠣᠷᠢᠳ 《ᠣᠰᠤ》 ᠶ᠋ᠢ ᠠᠷᠪᠢᠯᠠᠳᠠᠭ ᠨᠠᠠᠳᠢᠨ ᠵᠠᠩᠰᠢᠯ ᠲᠡᠶ᠂ ᠣᠰᠤ ᠠᠷᠪᠢᠨ ᠭᠢᠵᠤ ᠨᠢᠭᠤᠷ ᠭᠠᠷ ᠶᠢᠡᠨ ᠣᠭᠢᠶᠠᠬᠤ ᠶᠢ ᠴᠡᠭᠡᠷᠯᠡᠳᠡᠭ᠌᠃ ᠥᠩᠭᠡᠷᠡᠭ᠍ᠰᠡᠨ ᠳᠤ ᠨᠢᠭᠤᠷ ᠭᠠᠷ ᠶᠢᠡᠨ ᠣᠭᠢᠶᠠᠬᠤ ᠳᠠᠭᠠᠨ ᠪᠦᠷ ᠣᠰᠤ ᠶᠢ ᠣᠭᠤᠴᠢᠭᠠᠤᠨ ᠪᠦᠭᠡᠯᠵᠢᠵᠤ ᠣᠭᠢᠶᠠᠳᠠᠭ᠂ ᠡᠮᠡᠭ᠍ᠳᠡᠢ᠌ᠴᠦᠳ ᠨᠢ ᠦᠰᠦ ᠭᠡᠵᠢᠭᠡ ᠪᠠᠨ ᠰᠠᠮᠠᠨᠠᠬᠤ ᠳᠠᠭᠠᠨ ᠰᠢᠯᠤᠰᠤ ᠪᠠᠷ ᠶᠢᠡᠨ ᠰᠠᠮ ᠶᠢᠡᠨ ᠨᠤᠷᠭᠠᠵᠤ ᠭᠡᠵᠢᠭᠡ ᠦᠰᠦ ᠪᠠᠨ ᠰᠠᠮᠨᠠᠳᠠᠭ ᠶᠤᠮ᠃ ᠣᠰᠤ ᠶᠢ ᠳᠤᠷ᠎ᠠ ᠪᠠᠷ ᠭᠡᠷᠡᠭᠯᠡᠪᠠᠯ ᠬᠤᠵᠢᠮ ᠡᠷᠯᠢᠭ᠌ ᠲᠤ ᠣᠴᠢᠪᠠᠯ ᠡᠨᠡ ᠪᠠᠶ᠎ᠠ ᠳᠡᠭᠡᠨ ᠭᠡᠷᠡᠭᠯᠡᠭ᠍ᠰᠡᠨ ᠣᠰᠤ ᠶᠢ ᠨᠢ ᠪᠦᠭᠦᠨ ᠢ ᠣᠤᠭᠤᠯᠭᠠᠵᠤ ᠪᠠᠷᠠᠭᠰᠠᠨ ᠰᠡᠭᠦᠯᠡᠷ ᠰᠠ‍‌ᠶᠢ ᠳᠦᠷᠤᠯ ᠣᠯᠭᠤᠳᠠᠭ ᠭᠡᠵᠤ ᠬᠡᠦᠬᠡᠳ ᠶᠢᠡᠨ ᠰᠤᠷᠭᠠᠳᠠᠭ (ᠠᠶᠤᠯᠭᠠᠳᠠᠭ) ᠪᠠᠢ᠌ᠨ᠎ᠠ᠃ ᠦᠳᠡᠰᠢ ᠣᠷᠤᠢ ᠬᠡᠦᠬᠡᠳ ᠤᠨ ᠨᠢᠭᠤᠷ ᠭᠠᠷ ᠶᠢᠡᠨ ᠣᠭᠢᠶᠠᠬᠤ ᠶᠢ ᠭᠦᠤ ᠪᠣᠯᠪᠠᠯ ᠭᠦᠭ᠍ᠰᠢᠨ ᠡᠮ᠎ᠡ ᠠᠪᠣᠨ᠎ᠠ ᠭᠡᠵᠤ᠂ ᠭᠡᠦᠭᠡᠨ ᠪᠣᠯᠪᠠᠯ ᠡᠪᠦᠭᠡᠨ ᠭᠦᠷᠭᠡᠨ ᠳᠤ ᠣᠴᠢᠨ᠎ᠠ ᠭᠡᠳᠡᠭ᠌᠃ ᠬᠤᠷᠢᠭᠯᠠᠳᠠᠭ ᠪᠠᠢ᠌ᠨ᠎ᠠ᠃

(33) ᠬᠠᠳᠠᠮ ᠠᠪᠣ ᠭᠦᠤ ᠪᠠᠷᠢ ᠭᠠᠷ ᠵᠤᠯᠭᠤᠵᠤ ᠪᠣᠯᠬᠤ ᠦᠭᠡᠶ᠂ ᠭᠦᠤ ᠪᠠᠷᠢ ᠨᠢ ᠬᠠᠳᠠᠮ ᠠᠪᠣ ᠳᠠᠭᠠᠨ ᠣᠰᠤ ᠴᠠᠢ ᠬᠤᠭᠤᠯᠠ ᠪᠣᠳᠠᠭ᠎ᠠ ᠠᠶᠠᠭᠠᠯᠠᠵᠤ ᠦᠭ‍ᠭᠦ ᠳᠡᠭᠡᠨ ᠵᠠᠪᠠᠯ ᠬᠠᠳᠠᠮ ᠡᠵᠢ ᠪᠠᠷ ᠶᠢᠡᠨ ᠳᠠᠮᠵᠢᠭᠤᠯᠵᠤ ᠥᠭ᠍ᠳᠡᠭ᠌᠃ ᠭᠡᠷᠪᠡ ᠬᠠᠳᠠᠮ ᠡᠵᠢ ᠨᠢ ᠭᠡᠷ ᠲᠡᠭᠡᠨ ᠦᠭᠡᠶ ᠪᠣᠯ ᠰᠢᠷᠡᠭᠡᠨ ᠳᠡᠭᠡᠷ᠎ᠡ ᠨᠢ ᠳᠠᠯᠪᠢᠵᠤ ᠥᠭ᠍ᠳᠡᠭ᠌᠃

(34) ᠬᠠᠷᠢ ᠳᠤ ᠮᠤᠷᠳᠠᠭᠰᠠᠨ ᠭᠡᠦᠭᠡᠨ ᠢ ᠭᠤᠮᠤᠳᠠᠭᠠᠵᠤ ᠪᠣᠯᠬᠤ ᠦᠭᠡᠶ᠂ ᠦᠬᠢᠨ ᠴᠠᠭᠠᠨ ᠳᠡᠭ᠍ᠷᠢ ᠶᠢ ᠭᠤᠮᠳᠠᠭᠠᠭᠰᠠᠨ ᠲᠡᠶ ᠠᠳᠠᠯᠢ ᠭᠡᠳᠡᠭ᠌᠃ ᠴᠢᠨᠠᠭᠰᠠᠨ (ᠪᠣᠯᠭᠠᠭᠰᠠᠨ) ᠮᠢᠬ᠎ᠠ ᠪᠣᠳᠠᠭ᠎ᠠ ᠡᠴᠠ ᠬᠤᠴᠤᠷᠴᠤ ᠪᠣᠯᠬᠤ ᠦᠭᠡᠶ᠂ ᠪᠣᠯᠵᠤ ᠪᠣᠯᠬᠤ ᠦᠭᠡᠶ ᠪᠠᠷ ᠭᠡᠯᠡᠭ᠍ᠳᠡᠨ᠎ᠡ ᠭᠡᠳᠡᠭ᠌᠃ ᠡᠷᠭᠡᠪᠰᠢ ᠠᠮᠰᠠᠬᠤ ᠴᠢᠬᠤᠯᠳᠠᠢ᠃

(35) ᠥᠭᠦᠭ᠍ᠰᠡᠨ ᠭᠦᠮᠤᠨ ᠤ ᠣᠷᠤᠰᠢᠭᠤᠯᠭ᠎ᠠ ᠶᠢᠨ ᠳᠡᠷᠭᠡ ᠳᠠᠭᠠᠷᠠᠯᠳᠠᠪᠠᠯ ᠰᠠᠢ᠌ᠨ ᠭᠡᠵᠤ᠂ ᠭᠡᠦᠭᠡᠨ ᠭᠦᠷᠭᠡᠭᠦ ᠳᠡᠷᠭᠡ ᠪᠠ ᠬᠤᠷᠢᠮ ᠤᠨ ᠳᠡᠷᠭᠡ ᠳᠠᠭᠠᠷᠠᠯᠳᠠᠪᠠᠯ ᠮᠠᠭᠤ ᠭᠡᠳᠡᠭ᠌᠂ ᠥᠭᠦᠭ᠍ᠰᠡᠨ ᠭᠦᠮᠤᠨ ᠢ ᠪᠣᠷᠬᠠᠨ ᠳᠠᠭᠠᠵᠤ᠂ ᠭᠦᠷᠭᠡᠯᠳᠡ ᠶᠢᠨ ᠳᠡᠷᠭᠡ ᠶᠢ ᠴᠢᠳᠭᠦᠷ ᠳᠠᠭᠠᠨ᠎ᠠ ᠭᠡᠳᠡᠭ᠌᠃ ᠭᠡᠷ ᠤᠨ ᠠᠬᠠᠮᠠᠤᠨ ᠨᠢ ᠨᠠᠰᠤ ᠪᠠᠷᠠᠭᠰᠠᠨ (ᠨᠠᠰᠤ ᠪᠣᠯᠤᠭᠰᠠᠨ᠂ ᠪᠠᠶ᠎ᠠ ᠪᠠᠷᠠᠭᠰᠠᠨ᠂ ᠪᠣᠷᠬᠠᠨ ᠪᠣᠯᠤᠭᠰᠠᠨ᠂ ᠪᠠᠶ᠎ᠠ ᠦᠷᠡᠭ᠍ᠳᠡᠭ᠍ᠰᠡᠨ᠂ ᠳᠠᠭᠠᠯᠠᠯ ᠪᠣᠯᠤᠭᠰᠠᠨ᠁) ᠠᠢ᠌ᠯ ᠡᠷᠦᠭᠡ ᠶᠢᠨ ᠦᠷ᠎ᠡ ᠬᠡᠦᠬᠡᠳ ᠲᠤ ᠤᠢ᠌ᠷ᠎ᠡ ᠰᠠᠳᠤᠨ ᠪᠠ ᠭᠦᠷᠰᠢ ᠵᠡᠷᠭᠡᠯᠳᠦᠭᠡ ᠶᠢ ᠨᠢ 《ᠳᠠᠮᠠᠭᠢ ᠭᠢᠵᠤ》 (ᠰᠡᠳᠭᠢᠯ ᠰᠡᠷᠭᠦᠭᠡᠨ᠎ᠡ ᠭᠡᠳᠡᠭ᠌) ᠥᠭ᠍ᠳᠡᠭ᠌ ᠶᠤᠰᠤᠳᠠᠢ᠃ ᠬᠠᠮᠳᠤᠪᠠᠷ ᠰᠢᠨᠠᠯᠠᠶ᠎ᠠ ︕ ᠭᠡᠵᠤ ᠵᠢᠯ ᠰᠢᠨ᠎ᠡ ᠭᠤᠶᠤᠳᠠᠭ ᠪᠠᠢ᠌ᠨ᠎ᠠ᠃

(36) ᠪᠣᠰᠤᠳ ᠤᠨ ᠡᠰᠡᠷᠭᠦ ᠡᠴᠠ ᠨᠢᠯᠪᠣᠵᠤ ᠪᠣᠯᠬᠤ ᠦᠭᠡᠶ᠃ ᠠᠮᠠᠨ ᠭᠦᠨᠡᠰᠤ ᠪᠠᠨ ᠦᠭ‍ᠭᠦᠨ᠎ᠡ ᠭᠡᠳᠡᠭ᠌᠃

(37) ᠠᠬᠠᠮᠠᠤᠨ ᠨᠠᠰᠤᠳᠠᠨ ᠤ ᠪᠠᠨ ᠦᠰᠦ ᠶᠢ ᠠᠪᠴᠤ (ᠵᠠᠰᠠᠵᠤ) ᠦᠭ‍ᠭᠦ ᠳᠡᠭᠡᠨ ᠣᠷᠢᠳᠠᠪᠠᠷ ᠰᠥᠭᠦᠳᠴᠤ ᠮᠦᠷᠭᠦᠭᠡᠳ ᠰᠠ‍‌ᠶᠢ ᠵᠠᠰᠠᠵᠤ ᠥᠭ᠍ᠳᠡᠭ᠌᠃

(38) ᠵᠡᠭᠦᠤ ᠰᠦᠪᠡᠯᠠᠵᠤ ᠦᠭ‍ᠭᠦ ᠳᠡᠭᠡᠨ ᠣᠳᠠᠰᠤᠨ ᠥᠵᠦᠭᠦᠷ ᠢ ᠵᠠᠩᠭᠢᠳᠴᠤ ᠪᠣᠯᠬᠤ ᠦᠭᠡᠶ᠂ ᠬᠤᠵᠢᠮ ᠥᠭᠦᠭᠦ ᠦᠶ᠎ᠡ ᠳᠡᠭᠡᠨ ᠠᠭᠤᠯᠵᠠᠬᠤ ᠦᠭᠡᠶ ᠪᠣᠯᠤᠨ᠎ᠠ ᠭᠡᠳᠡᠭ᠌᠃ ᠪᠣᠰᠤᠳ ᠤᠨ ᠰᠢᠨ᠎ᠠ ᠬᠤᠪᠴᠠᠰᠤ ᠶᠢ ᠣᠷᠢᠳᠠᠪᠠᠷ ᠳᠤᠷᠰᠢᠵᠤ ᠡᠮᠦᠰᠭᠦ ᠴᠢᠬᠤᠯᠳᠠᠢ ᠦᠶ᠎ᠡ ᠳᠤ ᠵᠠᠪᠠᠯ ᠪᠢᠯᠠᠭᠤ᠂ ᠳᠠᠰᠢᠭᠤᠷ ᠤᠨ ᠨᠢᠭᠡ ᠶᠢ ᠬᠠᠠᠴᠤᠢ ᠳᠤᠳᠤᠷ᠎ᠠ ᠨᠢ ᠳᠦᠷᠤᠵᠤ ᠠᠪᠣᠭᠠᠤᠨ ᠰᠠ‍‌ᠶᠢ ᠡᠮᠦᠰᠴᠤ ᠪᠣᠯᠳᠠᠭ᠃ ᠬᠤᠪᠴᠠᠰᠤ ᠡᠮᠦᠰᠭᠦ ᠳᠡᠭᠡᠨ ᠣᠷᠢᠳᠠᠪᠠᠷ ᠪᠠᠷᠠᠭᠤᠨ ᠭᠠᠷ (ᠭᠦᠯ) ᠶ᠋ᠢᠡᠨ ᠳᠦᠷᠦᠭᠦ ᠭᠡᠷᠡᠭ᠍ᠳᠡᠢ ᠪᠠᠢ᠌ᠳᠠᠭ᠃ ᠪᠣᠰᠤᠳ ᠤᠨ ᠣᠶᠤᠭᠰᠠᠨ ᠰᠢᠨ᠎ᠠ ᠭᠤᠳᠤᠯ ᠱᠠᠬᠠᠢ ᠶᠢ ᠪᠠᠬᠠᠷᠬᠠᠨ ᠰᠢᠡᠵᠢᠭᠦ ᠳᠡᠭᠡᠨ ᠣᠯᠠ ᠶᠢ ᠨᠢ ᠳᠡᠭᠡᠭ᠍ᠰᠢ ᠬᠠᠠᠳᠤᠭᠤᠯᠵᠤ 《ᠳᠤᠢ᠌ ︕》 ᠭᠡᠵᠤ ᠪᠠᠭ᠎ᠠ ᠨᠢᠯᠪᠣᠳᠠᠭ ᠪᠠᠢ᠌ᠨ᠎ᠠ᠃ ᠢᠩᠭᠢᠭᠦ ᠨᠢ ᠭᠠᠢ ᠶᠢ ᠨᠢ ᠠᠷᠢᠯᠭᠠᠵᠤ ᠪᠠᠢ᠌ᠨ᠎ᠠ ᠭᠡᠳᠡᠭ᠌᠂ ᠣᠴᠢᠷ ᠨᠢ ᠠᠮᠢᠳᠤ ᠭᠦᠮᠤᠨ ᠤ ᠣᠯᠠ ᠳᠡᠭᠡᠭ᠍ᠰᠢ ᠬᠠᠠᠳᠤᠳᠠᠭ ᠦᠭᠡᠶ᠃

(39) ᠳᠠᠪᠣᠰᠤ ᠶᠢ ᠪᠣᠰᠤᠳ ᠤᠨ ᠭᠠᠷ ᠡᠴᠠ ᠰᠢᠭᠤᠳ ᠭᠠᠷᠳᠠᠵᠤ ᠠᠪᠬᠤ ᠶᠢ ᠴᠡᠭᠡᠷᠯᠡᠨ᠎ᠡ᠂ ᠦᠰᠢᠶ᠎ᠡ ᠲᠡᠶ ᠪᠣᠯᠤᠨ᠎ᠠ ᠭᠡᠳᠡᠭ᠌᠃

(40) ᠠᠶᠠᠭ᠎ᠠ᠂ ᠯᠤᠩᠬᠤ᠂ ᠣᠭᠤᠳᠠ ᠱᠤᠤᠳᠠᠢ ᠵᠡᠷᠭᠡ ᠶᠢᠨ ᠶᠠᠭᠤᠮ᠎ᠠ ᠣᠯᠵᠤ ᠠᠪᠣᠪᠠᠯ ᠳᠡᠭᠡᠭ᠍ᠰᠢ ᠠᠮᠠᠰᠠᠷ ᠲᠡᠶ ᠶᠠᠭᠤᠮ᠎ᠠ ᠣᠯᠤᠯ᠎ᠠ ᠭᠡᠳ ᠪᠠᠶᠠᠷᠯᠠᠵᠤ᠂ ᠮᠠᠯᠠᠭᠠᠢ ᠳᠠᠭᠠᠷᠠᠪᠠᠯ ᠭᠤᠷᠪᠠ ᠢᠰᠭᠦᠯᠵᠤ ᠥᠵᠡᠭᠡᠳ ᠳᠤᠷᠤᠭᠰᠢ ᠬᠠᠠᠳᠤᠪᠠᠯ ᠠᠪᠳᠠᠭ ᠦᠭᠡᠶ᠃

5. ᠪᠠᠯᠴᠢᠷᠤᠳ ᠠᠢ᠌ᠮᠠᠭ ᠤᠨ ᠬᠡᠦᠬᠡᠳ ᠤᠨ ᠣᠢ ᠰᠠᠷ᠎ᠠ ᠶᠢ ᠭᠢᠭᠦ ᠶᠤᠰᠤᠨ

(1) ᠳᠤᠰ ᠠᠢ᠌ᠮᠠᠭ ᠤᠨ ᠭᠢᠨᠢ ᠰᠠᠶ‍ᠢᠬᠠᠨ ᠳᠦᠷᠦᠭ᠍ᠰᠡᠨ ᠬᠡᠦᠬᠡᠳ ᠰᠠᠷ᠎ᠠ ᠳᠦᠭᠦᠷᠡᠪᠠᠯ (ᠭᠡᠦᠭᠡᠨ ᠭᠦᠮᠤᠨ ᠭᠤᠴᠢᠨ ᠬᠤᠨᠤᠭ ᠤᠨ ᠳᠠᠷᠠᠭ᠎ᠠ᠂ ᠭᠦᠤ ᠭᠦᠮᠤᠨ ᠪᠣᠯ ᠬᠤᠷᠢ ᠶ‍ᠢᠰᠤᠨ ᠡᠳᠦᠷ ᠤᠨ ᠳᠠᠷᠠᠭ᠎ᠠ)᠂ ᠰᠠᠷ᠎ᠠ ᠶᠢᠨ ᠬᠤᠷᠢᠮ ᠭᠢᠳᠡᠭ᠌᠃ ᠰᠠᠷ᠎ᠠ ᠶᠢᠨ ᠬᠤᠷᠢᠮ ᠪᠣᠯᠬᠤ ᠳᠤ ᠬᠡᠦᠬᠡᠳ ᠤᠨ ᠨᠠᠭᠠᠴᠤ ᠶᠢᠨ ᠳᠠᠯ᠎ᠠ ᠡᠴᠠ ᠵᠠᠰᠠᠯ ᠴᠢᠮᠡᠭ᠌ ᠪᠦᠷᠢᠳᠦᠭ᠍ᠰᠡᠨ ᠥᠯᠦᠭᠡᠢ ᠶᠢ ᠭᠦᠷᠭᠡᠳᠡᠭ᠌ (ᠣᠤᠭᠠᠨ ᠬᠡᠦᠬᠡᠳ ᠳᠤᠨᠢ ᠯᠠ ᠭᠦᠷᠭᠡᠳᠡᠭ᠌)᠃ ᠥᠯᠦᠭᠡᠢ ᠶᠢ ᠭᠢᠭᠦ ᠳᠡᠭᠡᠨ ᠬᠡᠦᠬᠡᠳ ᠤᠨ ᠳᠦᠷᠦᠭ᠍ᠰᠡᠨ ᠡᠳᠦᠷ ᠡᠴᠠ ᠡᠭᠢᠯᠡᠨ ᠬᠡᠦᠬᠡᠳ ᠤᠨ ᠨᠠᠭᠠᠴᠤ ᠶᠢᠨ ᠳᠠᠯ᠎ᠠ ᠡᠴᠠ ᠨᠢ ᠰᠠᠢ᠌ᠨ ᠮᠤᠳᠤ ᠶᠢ ᠰᠤᠩᠭ᠋ᠤᠵᠤ ᠣᠷᠠᠨ ᠮᠤᠳᠤᠴᠢᠨ ᠵᠠᠯᠠᠵᠤ ᠭᠢᠯᠭᠡᠳᠡᠭ᠌᠃ ᠭᠡᠭᠦ ᠳᠡᠭᠡᠨ ᠥᠯᠦᠭᠡᠢ ᠶᠢ ᠭᠠᠭᠴᠠ ᠮᠤᠳᠤ ᠪᠠᠷ ᠭᠢᠳᠡᠭ᠌᠂ ᠡᠭᠦᠨ ᠳᠤ ᠦᠷᠠᠯ ᠮᠤᠳᠤ᠂ ᠬᠠᠢ᠌ᠯᠠᠰᠤᠨ ᠮᠤᠳᠤ ᠶᠢ ᠭᠤᠤᠯᠴᠢᠯᠠᠨ ᠰᠤᠩᠭ᠋ᠤᠵᠤ ᠭᠢᠳᠡᠭ᠌ (ᠡᠨᠡ ᠨᠢ ᠦᠷ᠎ᠡ ᠲᠡᠶ ᠮᠤᠳᠤ ᠪᠣᠯᠤᠨ᠎ᠠ᠂ ᠬᠤᠵᠢᠮ ᠦᠷ᠎ᠡ ᠦᠨᠳᠦᠰᠦ ᠵᠠᠯᠭᠠᠬᠤ ᠶᠢ ᠨᠢ ᠪᠠᠯᠭᠡᠳᠡᠭ᠍ᠰᠡᠨ ᠰᠠᠨᠠᠭ᠎ᠠ ᠲᠡᠶ)᠃ ᠮᠤᠳᠤᠴᠢᠨ ᠥᠯᠦᠭᠡᠢ ᠭᠢᠭᠦ ᠳᠡᠭᠡᠨ ᠨᠢᠭᠡ ᠯᠠ ᠡᠳᠦᠷ ᠲᠤ ᠱᠠᠭᠠᠵᠤ ᠪᠦᠳᠦᠭᠡᠳᠡᠭ᠌ ᠦᠭᠡᠶ᠂ ᠬᠠᠷᠢᠨ ᠥᠯᠦᠭᠡᠢ ᠶᠢᠨ ᠮᠤᠳᠤ ᠶᠢ ᠵᠥᠭᠯᠡᠭᠡᠳ ᠬᠤᠷᠢᠶᠠᠨ ᠳᠠᠯᠪᠢᠳᠠᠭ᠃ ᠰᠠᠷ᠎ᠠ ᠳᠦᠭᠦᠷᠡᠭᠦ ᠡᠳᠦᠷ ᠤᠨ ᠦᠷᠯᠦᠭᠡ ᠡᠷᠳᠡ ᠣᠭᠰᠠᠷᠠᠵᠤ ᠳᠠᠭᠠᠷᠠᠭᠤᠯᠤᠭᠠᠤᠨ᠂ ᠬᠡᠦᠬᠡᠳ ᠤᠨ ᠨᠠᠭᠠᠴᠤ ᠳᠤ ᠭᠦᠷᠭᠡᠨ ᠠᠪᠴᠢᠷᠠᠵᠤ ᠥᠭ᠍ᠳᠡᠭ᠌᠃ ᠰᠢᠨ᠎ᠠ ᠥᠯᠦᠭᠡᠢ ᠶᠢ ᠨᠠᠭᠠᠴᠤ ᠶᠢᠨ ᠳᠠᠯ᠎ᠠ ᠳᠤᠰᠴᠤ ᠠᠪᠣᠭᠰᠠᠨ ᠤ ᠳᠠᠷᠠᠭ᠎ᠠ᠂ ᠠᠷᠢᠭᠤᠳᠬᠠᠨ ᠮᠢᠯᠢᠶᠠᠵᠤ᠂ ᠥᠯᠦᠭᠡᠢ ᠶᠢᠨ ᠠᠷᠠᠯ ᠳᠡᠭᠡᠷ᠎ᠡ ᠭᠠᠯ ᠶᠢᠡᠷ ᠬᠠᠰ ᠳᠠᠮᠠᠭ᠎ᠠ ᠬᠠᠭᠠᠷᠢᠵᠤ ᠪᠣᠯᠤᠭᠠᠨ ᠪᠠᠯᠡᠭ᠌ ᠳᠠᠮᠪᠠᠷᠢᠯ ᠳᠠᠯᠪᠢᠭᠰᠠᠨ ᠤ ᠳᠠᠷᠠᠭ᠎ᠠ ᠰᠢᠨ᠎ᠠ ᠥᠯᠦᠭᠡᠢ ᠶᠢ ᠵᠠᠰᠠᠨ ᠴᠢᠮᠡᠭᠯᠡᠭᠡᠳ᠂ ᠬᠡᠦᠬᠡᠳ ᠤᠨ ᠰᠠᠷ᠎ᠠ ᠶᠢᠨ ᠬᠤᠷᠢᠮ ᠳᠤ ᠭᠦᠷᠭᠡᠳᠡᠭ᠌ ᠪᠠᠢ᠌ᠨ᠎ᠠ᠃ ᠬᠡᠦᠬᠡᠳ ᠤᠨ ᠭᠡᠷ ᠤᠨ ᠠᠬᠠᠮᠠᠤᠨ ᠥᠯᠦᠭᠡᠢ ᠳᠤᠰᠴᠤ ᠠᠪᠬᠤ ᠳᠠᠭᠠᠨ ᠬᠠᠯᠠᠭᠤᠨ ᠬᠤᠰᠢᠭᠤ ᠲᠡᠶ ᠬᠤᠨᠢ ᠨᠢᠭᠡ ᠪᠠᠯᠡᠭᠯᠡᠵᠤ ᠬᠠᠷᠢᠭᠤ ᠪᠠᠯᠡᠭ᠌ ᠪᠣᠯᠭᠠᠳᠠᠭ᠃ ᠳᠠᠷᠠᠭ᠎ᠠ ᠨᠢ ᠰᠠᠷ᠎ᠠ ᠶᠢᠨ ᠬᠤᠷᠢᠮ ᠡᠭᠢᠯᠡᠵᠤ᠂ ᠬᠡᠦᠬᠡᠳ ᠤᠨ ᠭᠡᠷ ᠤᠨ ᠠᠬᠠᠮᠠᠤᠨ ᠬᠡᠦᠬᠡᠳ ᠤᠨ ᠨᠠᠭᠠᠴᠤ ᠶᠢᠨ ᠳᠠᠯ᠎ᠠ ᠡᠴᠠ ᠨᠠᠷ᠎ᠠ ᠭᠤᠶᠤᠳᠠᠭ᠃ ᠨᠠᠭᠠᠴᠤ ᠶᠢᠨ ᠳᠠᠯ᠎ᠠ ᠡᠴᠠ ᠬᠡᠦᠬᠡᠳ ᠤᠨ ᠬᠤᠵᠢᠮ ᠤᠨ ᠢᠷᠡᠭᠡᠳᠦᠢ ᠳ᠋ᠤᠨᠢ ᠪᠠᠯᠭᠡ ᠳᠠᠮᠪᠠᠷᠢᠯ ᠲᠡᠶ᠂ ᠭᠤᠶᠤ ᠰᠠᠢ᠌ᠬᠠᠨ ᠨᠠᠷ᠎ᠠ ᠱᠠᠩᠨᠠᠳᠠᠭ ᠪᠠᠢ᠌ᠨ᠎ᠠ᠃ ᠬᠡᠦᠬᠡᠳ ᠤᠨ ᠥᠯᠦᠭᠡᠢ ᠶᠢ ᠬᠤᠭᠤᠰᠤᠨ ᠶᠢᠡᠷ ᠭᠦᠳᠡᠯᠭᠡᠵᠤ ᠪᠣᠯᠬᠤ ᠦᠭᠡᠶ᠃ ᠬᠡᠦᠬᠡᠳ ᠤᠨ ᠥᠯᠦᠭᠡᠢ ᠶᠢ ᠬᠠᠷᠠᠭ᠎ᠠ ᠡᠴᠠ ᠪᠠ ᠬᠤᠭᠤᠰᠤᠨ ᠭᠦᠳᠡᠯᠭᠡᠵᠤ ᠪᠣᠯᠬᠤ ᠦᠭᠡᠶ᠂ ᠬᠡᠦᠬᠡᠳ ᠣᠭᠢᠯᠠᠩᠬᠠᠢ ᠪᠣᠯᠤᠨ᠎ᠠ ᠭᠡᠳᠡᠭ᠌᠃ ᠥᠯᠦᠭᠡᠢ ᠶᠢᠨ ᠬᠠᠷᠠᠭ᠎ᠠ ᠶᠢᠨ ᠣᠭᠤᠰᠤᠷ ᠢ ᠰᠤᠷ ᠶᠢᠡᠷ ᠭᠢᠵᠤ ᠳᠤᠯᠤᠭ᠎ᠠ ᠵᠠᠩᠭᠢᠳᠴᠤ ᠳᠠᠯᠪᠢᠳᠠᠭ᠂ ᠡᠭᠦᠨ ᠶᠢᠡᠷ ᠳᠤᠭᠢᠭᠤᠷ ᠳᠤᠯᠤᠭᠠᠨ ᠣᠳᠤᠨ ᠢ ᠲᠦᠯᠦᠭᠡᠯᠡᠭᠦᠯᠳᠡᠭ᠌᠃ ᠬᠡᠦᠬᠡᠳ ᠶᠢᠡᠨ ᠥᠯᠦᠭᠡᠢ᠌ᠳᠡᠭᠦ ᠦᠭᠡᠶ ᠦᠶᠡᠰ ᠬᠡᠦᠬᠡᠳ ᠤᠨ ᠥᠯᠦᠭᠡᠢ ᠶᠢ ᠬᠤᠭᠤᠰᠤᠨ ᠳᠠᠯᠪᠢᠳᠠᠭ ᠦᠭᠡᠶ᠂ ᠡᠷᠭᠡᠪᠰᠢ ᠪᠢᠯᠠᠭᠤ ᠳᠠᠰᠢᠭᠤᠷ ᠤᠨ ᠨᠢᠭᠡ ᠶᠢ ᠨᠢ ᠭᠢᠵᠤ ᠳᠡᠭᠡᠷ᠎ᠡ ᠳᠠᠯᠪᠢᠨ᠎ᠠ᠃ ᠬᠤᠵᠢᠮ ᠥᠯᠦᠭᠡᠢ᠌ᠳᠡᠭᠦ ᠴᠢᠬᠤᠯᠠ ᠦᠭᠡᠶ ᠪᠣᠯᠪᠠᠯ᠂ ᠬᠡᠦᠬᠡᠳ ᠤᠨ ᠨᠠᠭᠠᠴᠤ ᠶᠢᠨ ᠳᠠᠯ᠎ᠠ ᠡᠴᠠ ᠵᠤᠴᠢᠨ ᠢᠷᠠᠪᠠᠯ᠂ ᠥᠯᠦᠭᠡᠢ ᠶᠢ ᠡᠪᠳᠡᠵᠤ ᠲᠦᠯᠠᠰᠢ ᠪᠣᠯᠭᠠᠵᠤ᠂ ᠴᠠᠢ ᠴᠢᠨᠠᠵᠤ ᠣᠤᠭᠤᠯᠭᠠᠳᠠᠭ ᠶᠤᠰᠤᠨ ᠪᠣᠢ᠃ ᠬᠡᠦᠬᠡᠳ ᠤᠨ ᠥᠯᠦᠭᠡᠢ ᠶᠢᠨ ᠰᠢᠷᠤᠢ ᠶᠢ ᠣᠯᠠᠨ ᠨᠠᠢ᠌ᠳᠠ ᠪᠠᠷ ᠶᠢᠡᠨ ᠨᠢᠭᠡ ᠯᠠ ᠭᠠᠵᠠᠷ ᠡᠴᠠ ᠠᠪᠳᠠᠭ᠃ ᠭᠡᠢ᠌ᠰᠪᠦᠷᠢ ᠰᠢᠷᠤᠢ ᠪᠠ ᠳᠤᠷ᠎ᠠ ᠪᠠᠷ ᠶᠢᠡᠨ ᠡ᠊ᠨᠳᠡ ᠳᠠᠠᠳᠠ ᠡᠴᠠ ᠰᠢᠷᠤᠢ ᠠᠪᠬᠤ ᠦᠭᠡᠶ ᠪᠠᠢ᠌ᠳᠠᠭ᠃ ᠰᠠ‍‌ᠶᠢ ᠳᠦᠷᠦᠭ᠍ᠰᠡᠨ ᠬᠡᠦᠬᠡᠳ ᠤᠨ ᠭᠦᠢᠰᠤ ᠶᠢᠨ ᠴᠢᠭᠯᠡᠭᠡᠰᠤ ᠶᠢ ᠬᠤᠷᠢᠶᠠᠨ ᠬᠠᠳᠠᠭᠠᠯᠠᠳᠠᠭ ᠪᠠᠢ᠌ᠨ᠎ᠠ᠂ ᠭᠡᠭᠡᠵᠤ ᠣᠷᠭᠢᠪᠠᠯ ᠬᠤᠵᠢᠮ ᠥᠭᠡᠯᠡᠢ ᠪᠣᠯᠪᠠᠯ ᠳᠤᠭᠤᠷᠢᠩᠬᠠᠢ ᠪᠣᠯᠤᠨ᠎ᠠ ᠭᠡᠳᠡᠭ᠌᠃ ᠭᠦᠮᠦᠰ ᠠᠢ᠌ᠯ ᠠᠷᠪᠢᠨ ᠳᠤᠭᠤᠷᠢᠳᠠᠭ ᠭᠦᠮᠤᠨ ᠢ 《ᠭᠦᠢᠰᠤ ᠪᠠᠨ ᠭᠡᠭᠡᠴᠢᠭ᠍ᠰᠡᠨ ᠪᠠᠢ᠌ᠨ᠎ᠠ ︕》 ᠭᠡᠵᠤ ᠱᠤᠭᠤᠯᠳᠠᠭ ᠪᠠᠢ᠌ᠨ᠎ᠠ᠃

(2) ᠪᠠᠯᠴᠢᠷᠤᠳ ᠠᠢ᠌ᠮᠠᠭ ᠤᠨ ᠬᠡᠦᠬᠡᠳ ᠤᠨ ᠣᠢ ᠭᠢᠭᠦ ᠶᠤᠰᠤᠨ

ᠬᠡᠦᠬᠡᠳ ᠤᠨ ᠣᠢ ᠶᠢ ᠶᠡᠭᠡᠪᠠᠷ ᠭᠢᠳᠡᠭ᠌ ᠦᠭᠡᠶ ᠪᠣᠯᠪᠠᠴᠤ ᠬᠡᠦᠬᠡᠳ ᠤᠨ ᠠᠪᠣ ᠡᠵᠢ ᠶᠢᠨ ᠬᠤᠶᠠᠷ ᠳᠠᠯ᠎ᠠ ᠶᠢᠨ ᠤᠢ᠌ᠷ᠎ᠡ ᠰᠠᠳᠤᠨ ᠴᠤᠭᠯᠠᠷᠠᠵᠤ᠂ ᠬᠡᠦᠬᠡᠳ ᠤᠨ ᠣᠢ ᠶᠢᠨ ᠡᠳᠦᠷ ᠢ ᠪᠠᠯᠡᠭᠯᠡᠳᠡᠭ᠌᠂ ᠡᠨᠡ ᠡᠳᠦᠷ ᠨᠢ ᠬᠡᠦᠬᠡᠳ ᠤᠨ ᠳᠦᠷᠦᠭ᠍ᠰᠡᠨ ᠡᠳᠦᠷ ᠤᠨ ᠬᠠᠮᠤᠭ ᠠᠩᠬᠠᠨ ᠤ ᠣᠢ ᠶᠢᠨ ᠡᠳᠦᠷ ᠪᠣᠯᠬᠤ ᠪᠣᠯᠬᠤᠷ ᠭᠡᠷ ᠤᠨ ᠠᠬᠠᠮᠠᠤᠨ ᠡᠴᠠ ᠨᠢ ᠣᠢ ᠳᠤ ᠭᠦᠷᠦᠭ᠍ᠰᠡᠨ ᠬᠡᠦᠬᠡᠳ ᠢ ᠳᠠᠪᠣᠰᠤ ᠦᠭᠡᠶ ᠭᠦᠭᠡ ᠴᠠᠢ ᠪᠠᠷ ᠨᠢᠭᠤᠷ ᠭᠠᠷ ᠪᠠᠶ᠎ᠠ ᠶᠢ ᠨᠢ ᠴᠠᠪᠠᠷ ᠰᠠᠢ᠌ᠬᠠᠨ ᠷᠠᠰᠢᠶᠠᠯᠠᠵᠤ᠂ ᠣᠷᠤᠢ ᠡᠴᠠ ᠨᠢ ᠣᠯᠠ ᠳ᠋ᠤᠨᠢ ᠭᠦᠷᠳᠡᠯ᠎ᠡ ᠰᠢᠨ᠎ᠠ ᠬᠤᠪᠴᠠᠰᠤ ᠡᠮᠦᠰᠭᠡᠵᠤ᠂ ᠤᠢ᠌ᠷ᠎ᠡ ᠰᠠᠳᠤᠨ ᠪᠦᠷᠢᠨ ᠴᠤᠭᠯᠠᠷᠠᠭᠰᠠᠨ ᠤ ᠳᠠᠷᠠᠭ᠎ᠠ ᠭᠤᠤᠯ ᠦᠳᠡ᠂ ᠮᠤᠷᠢᠨ ᠴᠠᠭ ᠤᠨ ᠡᠭᠢᠨ ᠳᠤ 《ᠣᠢ ᠶᠢᠨ ᠪᠠᠶᠠᠷ》 ᠡᠭᠢᠯᠡᠭᠦᠯᠳᠡᠭ᠌᠃ ᠡᠭᠦᠨ ᠳᠤ ᠬᠡᠦᠬᠡᠳ ᠤᠨ ᠭᠡᠷ ᠤᠨ ᠠᠬᠠᠮᠠᠤᠨ ᠡᠴᠠ ᠣᠷᠢᠳᠴᠢᠯᠠᠨ ᠪᠡᠯᠡᠳᠭᠡᠵᠤ ᠪᠠᠵᠠᠭᠠᠭᠰᠠᠨ ᠬᠡᠦᠬᠡᠳ ᠤᠨ ᠨᠢᠭᠡ ᠨᠠᠰᠤᠨ ᠤ ᠠᠵᠢᠯ ᠠᠮᠢᠳᠤᠷᠠᠯ ᠤᠨ (ᠳᠡᠩᠰᠡᠭᠦᠷ ᠤᠨ) ᠡᠳ᠋ ᠢ ᠰᠢᠷᠡᠭᠡᠨ ᠳᠡᠭᠡᠷ᠎ᠡ ᠳᠠᠰ ᠳᠠᠷᠠᠭ᠎ᠠ ᠲᠡᠶ ᠳᠡᠯᠭᠡᠨ ᠳᠠᠯᠪᠢᠨ᠎ᠠ᠂ ᠳᠡᠩᠰᠡᠭᠦᠷᠢ ᠳᠤ ᠊᠊᠊᠊᠊᠊᠊᠊᠊᠊᠊᠊᠊᠊᠊ ᠭᠦᠤ ᠭᠦᠮᠤᠨ ᠪᠣᠯᠪᠠᠯ ᠪᠢᠯᠠᠭᠤ᠂ ᠳᠠᠰᠢᠭᠤᠷ᠂ ᠵᠤᠭᠤᠰ᠂ ᠪᠢᠷ ᠳᠠᠪᠳᠠᠷ᠂ ᠦᠷᠤᠮ᠎ᠠ ᠲᠡᠶ ᠬᠤᠭᠤᠯᠠ ᠵᠡᠷᠭᠡ ᠶᠢ ᠪᠡᠯᠡᠳᠭᠡᠵᠤ ᠳᠠᠯᠪᠢᠨ᠎ᠠ᠃ ᠭᠡᠦᠭᠡᠨ ᠭᠦᠮᠤᠨ ᠪᠣᠯᠪᠠᠯ ᠬᠤᠷᠤᠪᠴᠢ᠂ ᠪᠢᠷ ᠳᠠᠪᠳᠠᠷ᠂ ᠵᠤᠭᠤᠰ ᠵᠡᠷᠭᠡ ᠶᠢ ᠪᠡᠯᠡᠳᠭᠡᠵᠤ ᠳᠠᠯᠪᠢᠨ᠎ᠠ᠃ ᠡᠳᠡᠭᠡᠷ ᠳᠡᠩᠰᠡᠭᠦᠷᠢ ᠡᠳ᠋ ᠶᠢᠡᠨ ᠰᠢᠷᠡᠭᠡᠨ ᠳᠡᠭᠡᠷ᠎ᠡ ᠳᠡᠯᠭᠡᠵᠤ ᠳᠠᠯᠪᠢᠭᠰᠠᠨ ᠤ ᠳᠠᠷᠠᠭ᠎ᠠ᠂ ᠣᠢ ᠭᠦᠷᠦᠭ᠍ᠰᠡᠨ ᠬᠡᠦᠬᠡᠳ ᠢ ᠰᠢᠷᠡᠭᠡᠨ ᠤ ᠡᠮᠤᠨ᠎ᠡ ᠰᠠᠭᠤᠯᠭᠠᠵᠤ᠂ ᠴᠤᠬᠤᠮ ᠶᠠᠮᠠᠷ ᠡᠳ᠋ ᠢ ᠣᠷᠢᠳᠠᠪᠠᠷ ᠠᠪᠬᠤ ᠶᠢ ᠣᠯᠠᠨ ᠶᠢᠡᠷ ᠶᠢᠡᠨ ᠰᠠᠨᠠᠭ᠎ᠠ ᠳᠠᠯᠪᠢᠨ ᠰᠢᠯᠭᠠᠵᠤ ᠪᠠᠢ᠌ᠴᠠᠭᠠᠨ᠎ᠠ᠃ ᠭᠡᠷᠪᠡ ᠭᠦᠤ ᠭᠦᠮᠤᠨ ᠳᠠᠰᠢᠭᠤᠷ ᠢ ᠨᠢ ᠣᠷᠢᠳᠠᠪᠠᠷ ᠠᠪᠣᠭᠰᠠᠨ ᠪᠠᠢ᠌ᠪᠠᠯ᠂ ᠪᠠᠶᠠᠨ ᠳᠠᠷᠭᠤᠨ ᠮᠠᠯᠴᠢᠨ ᠪᠣᠯᠤᠨ᠎ᠠ ᠭᠡᠳᠡᠭ᠌᠂ ᠭᠡᠷᠪᠡ ᠪᠢᠯᠠᠭᠤ ᠶᠢ ᠨᠢ ᠣᠷᠢᠳᠠᠪᠠᠷ ᠠᠪᠣᠭᠰᠠᠨ ᠪᠠᠢ᠌ᠪᠠᠯ᠂ ᠬᠤᠵᠢᠮ ᠯᠠᠪᠳᠠᠢ ᠨᠠᠷᠠᠳᠠᠢ ᠠᠩᠴᠢᠨ ᠪᠣᠯᠤᠨ᠎ᠠ ᠭᠡᠳᠡᠭ᠌᠂ ᠭᠡᠷᠪᠡ ᠪᠢᠷ ᠳᠠᠪᠳᠠᠷ (ᠠᠯᠢ ᠨᠢ ᠴᠤ ᠪᠣᠯᠤᠨ᠎ᠠ) ᠊ᠢ ᠣᠷᠢᠳᠠᠪᠠᠷ ᠠᠪᠣᠭᠰᠠᠨ ᠪᠠᠢ᠌ᠪᠠᠯ᠂ ᠪᠢᠴᠢᠭ᠌ ᠰᠤᠶᠤᠯ ᠲᠡᠶ ᠡᠷᠳᠡᠮᠳᠡᠨ ᠪᠣᠯᠤᠨ᠎ᠠ ᠭᠡᠳᠡᠭ᠌᠂ ᠭᠡᠷᠪᠡ ᠵᠤᠭᠤᠰ ᠮᠦᠩᠭᠦ ᠶᠢ ᠣᠷᠢᠳᠠᠪᠠᠷ ᠠᠪᠣᠭᠰᠠᠨ ᠪᠠᠢ᠌ᠪᠠᠯ᠂ ᠬᠤᠵᠢᠮ ᠯᠠᠪᠳᠠᠢ ᠡᠳ᠋ ᠮᠦᠩᠭᠦ ᠲᠡᠶ ᠡᠷᠭᠢᠮ ᠪᠠᠶᠠᠨ ᠭᠦᠮᠤᠨ ᠪᠣᠯᠵᠤ ᠶᠠᠪᠣᠨ᠎ᠠ ᠭᠡᠳᠡᠭ᠌᠂ ᠭᠡᠷᠪᠡ ᠦᠷᠤᠮ᠎ᠠ ᠲᠡᠶ ᠬᠤᠭᠤᠯᠠ ᠶᠢ ᠣᠷᠢᠳᠠᠪᠠᠷ ᠠᠪᠣᠭᠰᠠᠨ ᠪᠠᠢ᠌ᠪᠠᠯ᠂ ᠬᠤᠵᠢᠮ ᠠᠮᠠᠨ ᠭᠦᠨᠡᠰᠤ ᠲᠡᠶ ᠭᠦᠮᠤᠨ ᠪᠣᠯᠤᠨ᠎ᠠ ᠭᠡᠵᠤ ᠥᠵᠡᠳᠡᠭ᠌᠃ ᠭᠡᠦᠭᠡᠨ ᠭᠦᠮᠤᠨ ᠭᠡᠷᠪᠡ ᠬᠤᠷᠤᠪᠴᠢ ᠶᠢ ᠣᠷᠢᠳᠠᠪᠠᠷ ᠠᠪᠣᠪᠠᠯ᠂ ᠣᠬᠠᠭᠠᠨ ᠰᠠᠨᠠᠭ᠎ᠠ ᠲᠡᠶ᠂ ᠰᠠᠴᠠᠨ ᠰᠡᠷᠭᠦᠯᠡᠩ᠂ ᠣᠷᠠᠨ ᠣᠶᠤᠳᠠᠯ ᠲᠡᠶ ᠭᠦᠮᠤᠨ ᠪᠣᠯᠤᠨ᠎ᠠ ᠭᠡᠳᠡᠭ᠌᠂ ᠪᠣᠰᠤᠳ ᠨᠢ ᠪᠦᠷ ᠠᠳᠠᠯᠢᠬᠠᠨ ᠪᠠᠢ᠌ᠳᠠᠭ᠃ ᠳᠤᠮᠤᠴᠤᠤᠯ ᠤᠳ ᠬᠡᠦᠬᠡᠳ ᠤᠨ ᠳᠡᠩᠰᠡᠭᠦᠷᠢ ᠶᠢᠨ ᠡᠳ᠋ ᠶᠢ ᠠᠪᠣᠭᠰᠠᠨ ᠳᠠᠰ ᠳᠠᠷᠠᠭ᠎ᠠ ᠪᠠᠷ ᠨᠢ ᠳᠤᠰ ᠬᠡᠦᠬᠡᠳ ᠤᠨ ᠬᠤᠵᠢᠮ ᠤᠨ ᠢᠷᠡᠭᠡᠳᠦᠢ ᠶᠢ ᠬᠤᠯᠪᠤᠨ ᠪᠣᠳᠤᠵᠤ᠂ ᠭᠡᠯᠡᠯᠴᠡᠨ ᠶᠠᠷᠢᠯᠴᠠᠭᠠᠤᠨ 《ᠵᠠ ︕ ᠰᠠᠢ᠌ᠨ ᠬᠡᠦᠬᠡᠳ ᠪᠠᠢ᠌ᠨ᠎ᠠ᠂ ᠬᠤᠵᠢᠮ ᠯᠠᠪᠳᠠᠢ ᠰᠠᠢ᠌ᠨ ᠶᠠᠪᠣᠨ᠎ᠠ》 ᠭᠡᠵᠤ ᠨᠢᠭᠡᠨ ᠵᠡᠷᠭᠡ ᠰᠢᠭᠦᠮᠵᠢᠯᠡᠭ᠍ᠰᠡᠨ ᠤ ᠳᠠᠷᠠᠭ᠎ᠠ᠂ ᠪᠠᠶᠠᠷᠯᠠᠯᠳᠤᠨ ᠭᠦᠭᠡᠷᠡᠯᠳᠦᠵᠤ᠂ ᠬᠡᠦᠬᠡᠳ ᠤᠨ ᠠᠪᠣ ᠡᠵᠢ ᠨᠢ ᠢᠷᠡᠭ᠍ᠰᠡᠨ ᠤᠢ᠌ᠷ᠎ᠡ ᠰᠠᠳᠤᠨ ᠲᠡᠶ ᠪᠠᠨ ᠬᠠᠮᠳᠤ ᠣᠢ ᠶᠢᠨ ᠬᠤᠷᠢᠮ ᠶᠢᠡᠨ ᠡᠭᠢᠯᠡᠳᠡᠭ᠌᠃

6. ᠪᠠᠯᠴᠢᠷᠤᠳ ᠠᠢ᠌ᠮᠠᠭ ᠤᠨ ᠭᠠᠯ ᠳᠠᠭᠢᠬᠤ ᠶᠤᠰᠤᠨ

ᠮᠠᠨ ᠤ ᠮᠤᠩᠭ᠋ᠤᠯ ᠦᠨᠳᠦᠰᠦᠳᠠᠨ ᠤ ᠣᠯᠠᠨ ᠠᠢ᠌ᠮᠠᠭ ᠪᠦᠯᠦᠭ᠌ ᠨᠢ ᠡᠷᠳᠡ ᠳᠡᠭᠡᠳᠤ ᠡᠴᠠ ᠠᠪᠣᠭᠠᠤᠨ ᠡᠭᠡᠭᠡ ᠠᠳᠠᠯᠢᠬᠠᠨ ᠭᠠᠯ ᠳᠠᠭᠢᠬᠤ ᠶᠤᠰᠤᠨ ᠪᠠᠢ᠌ᠳᠠᠭ᠃ ᠡᠨᠡ ᠨᠢ ᠮᠠᠨ ᠤ ᠮᠤᠩᠭ᠋ᠤᠯ ᠦᠨᠳᠦᠰᠦᠳᠠᠨ ᠤ ᠡᠪᠦᠭᠡ ᠳᠡᠭᠡᠳᠦᠰ ᠤᠨ ᠦᠶ᠎ᠡ ᠡᠴᠠ ᠠᠪᠣᠭᠠᠤᠨ ᠳᠡᠭ᠍ᠷᠢ ᠭᠠᠵᠠᠷ᠂ ᠠᠭᠤᠯᠠ ᠣᠰᠤᠨ ᠤ ᠨᠠᠪᠳᠠᠭ ᠱᠠᠪᠳᠠᠭ᠂ ᠣᠪᠣᠭ᠎ᠠ ᠱᠠᠩᠳᠤ ᠶᠢ ᠳᠠᠭᠢᠵᠤ ᠰᠢᠳᠤᠵᠤ ᠪᠠᠢ᠌ᠭᠰᠠᠨ 《ᠪᠦᠭᠡ ᠮᠦᠷᠭᠦᠯ》 ᠊ᠤᠨ ᠴᠢᠬᠤᠯᠠ ᠨᠢᠭᠡᠨ ᠪᠦᠷᠢᠯᠳᠦᠭᠦᠨ ᠭᠡᠰᠡᠭ᠌ ᠪᠣᠯᠵᠤ ᠪᠦᠷᠢᠯᠳᠤᠨ ᠮᠠᠨ ᠤ ᠦᠨᠳᠦᠰᠦᠳᠠᠨ ᠤ ᠡᠷᠳᠡ ᠳᠡᠭᠡᠳᠦᠰ ᠡᠴᠠ ᠣᠯᠠᠮᠵᠢᠯᠠᠯ ᠲᠡᠶ ᠦᠪ ᠰᠤᠶᠤᠯ ᠳᠠᠷᠤᠢ ᠢᠵᠠᠭᠤᠷ ᠰᠤᠶᠤᠯ ᠤᠨ ᠨᠢᠭᠡᠨ ᠪᠦᠳᠦᠭᠡᠭ᠍ᠳᠡᠭᠦᠨ ᠪᠣᠯᠬᠤ ᠶᠤᠮ᠃ ᠮᠠᠨ ᠤ ᠮᠤᠩᠭ᠋ᠤᠯ ᠦᠨᠳᠦᠰᠦᠳᠠᠨ ᠤ ᠡᠪᠦᠭᠡ ᠳᠡᠭᠡᠳᠦᠰ ᠶᠠᠭᠤᠨ ᠳᠤ 《ᠭᠠᠯ》 ᠊ᠢ ᠳᠠᠷᠠ ᠮᠠᠳᠤ ᠪᠣᠷᠬᠠᠨ ᠰᠠᠭᠢᠭᠤᠯᠰᠤᠨ ᠠᠳᠠᠯᠢ ᠪᠠᠷ ᠰᠢᠳᠤᠨ ᠳᠠᠭᠢᠬᠤ ᠪᠣᠯᠤᠭᠰᠠᠨ ᠪᠣᠢ ᠭᠡᠪᠠᠯ ᠮᠤᠩᠭ᠋ᠤᠯ ᠦᠨᠳᠦᠰᠦᠳᠠᠨ ᠤ ᠦᠪᠡᠷ ᠤᠨ ᠭᠢᠨᠢ ᠠᠮᠢᠳᠤᠷᠠᠯ ᠤᠨ ᠭᠡᠪ ᠵᠤᠷᠰᠢᠯ ᠡᠴᠠ ᠰᠢᠯᠳᠠᠭᠠᠨ ᠲᠡᠶ᠂ ᠮᠤᠩᠭ᠋ᠤᠯ ᠦᠨᠳᠦᠰᠦᠳᠠᠨ ᠪᠣᠯ ᠡᠷᠳᠡ ᠳᠡᠭᠡᠳᠤ ᠶᠢᠨ ᠦᠶ᠎ᠡ ᠡᠴᠠ ᠣᠳᠤ ᠪᠣᠯᠳᠠᠯ᠎ᠠ ᠮᠠᠯ ᠮᠠᠯᠵᠢᠨ ᠨᠡᠭᠦᠳᠡᠯ ᠠᠮᠢᠳᠤᠷᠠᠯ ᠢ ᠭᠢᠵᠤ ᠢᠷᠡᠭ᠍ᠰᠡᠨ ᠳᠡᠦᠭᠡ ᠲᠡᠶ ᠶᠤᠮ᠃ 《ᠭᠠᠯ》 ᠊ᠢ ᠳᠠᠭᠢᠬᠤ ᠨᠢ ᠮᠠᠨ ᠤ ᠮᠤᠩᠭ᠋ᠤᠯ ᠦᠨᠳᠦᠰᠦᠳᠠᠨ ᠤ ᠳᠡᠷᠡᠭᠦ ᠦᠷᠭᠡᠨ ᠠᠭᠤᠳᠠᠮ ᠨᠤᠳᠤᠭ ᠳᠡᠪᠢᠰᠭᠡᠷ ᠲᠡᠶ᠂ ᠳᠠᠩᠰᠤᠭ ᠰᠠᠢ᠌ᠬᠠᠨ ᠡᠭᠡ ᠪᠠᠢ᠌ᠭᠠᠯᠢ ᠳᠡᠭᠡᠷ᠎ᠡ ᠪᠠᠨ ᠡᠷᠭᠡ ᠳᠠᠪᠠ ᠪᠠᠷ ᠶᠢᠡᠨ ᠣᠷᠤᠰᠢᠨ ᠠᠮᠢᠳᠤᠷᠠᠵᠤ᠂ ᠨᠡᠭᠦᠳᠡᠯᠡᠨ ᠮᠠᠯᠵᠢᠵᠤ ᠪᠠᠢ᠌ᠭᠰᠠᠨ ᠲᠡᠶ ᠰᠢᠭᠤᠳ ᠬᠠᠷᠢᠴᠠᠭ᠎ᠠ ᠬᠤᠯᠪᠣᠭ᠎ᠠ ᠲᠡᠶ ᠶᠤᠮ᠃ ᠡᠨᠡ ᠳᠡᠯᠡᠭᠡᠢ ᠳᠤ 《ᠭᠠᠯ》 ᠪᠣᠢ ᠪᠣᠯᠤᠭᠰᠠᠨ ᠡᠴᠠ ᠠᠪᠣᠭᠠᠤᠨ ᠭᠦᠮᠤᠨ ᠳᠦᠷᠤᠯᠭᠢᠳᠠᠨ ᠤ ᠠᠵᠤ ᠠᠮᠢᠳᠤᠷᠠᠯ ᠳᠤ ᠠᠵᠠ ᠳᠤᠰᠠ ᠰᠠᠢ᠌ᠨ ᠰᠠᠢ᠌ᠬᠠᠨ ᠢ ᠠᠪᠴᠢᠷᠠᠵᠤ ᠦᠭ‍ᠭᠦᠭ᠍ᠰᠡᠨ ᠪᠦᠭᠡᠳ ᠪᠠᠰᠠ ᠲᠤᠢ᠌ᠯ ᠤᠨ ᠮᠠᠭᠤ ᠮᠠᠭᠤᠬᠠᠢ ᠬᠤᠤᠷ ᠭᠦᠨᠦᠭᠡᠯ ᠭᠠᠢ ᠪᠠᠷᠴᠢᠳ ᠢ ᠴᠤ ᠪᠦᠷ ᠠᠪᠴᠢᠷᠠᠵᠤ ᠥᠭ᠍ᠳᠡᠭ᠌ ᠶᠤᠮ᠃ ᠳᠡᠷᠡᠭᠦ 《ᠭᠠᠯ》 ᠊ᠤᠨ ᠠᠰᠢᠭ ᠳᠤᠰᠠ ᠪᠠ ᠬᠤᠤᠷ ᠭᠦᠨᠦᠭᠡᠯ ᠢ ᠭᠦᠮᠦᠰ ᠠᠩᠬᠠᠨ ᠰᠠᠷᠠᠵᠤ ᠮᠡᠳᠡᠭ᠍ᠰᠡᠨ ᠳᠠᠷᠠ ᠴᠠᠭ ᠡᠴᠠ ᠡᠭᠢᠯᠡᠵᠤ ᠳᠡᠭᠦᠨ ᠤ ᠮᠦᠨ ᠴᠢᠨᠠᠷ ᠢ ᠨᠢ ᠨᠠᠪᠳᠠ ᠦᠵᠡᠵᠤ ᠭᠠᠷᠤᠭᠠᠤᠨ 《ᠭᠠᠯ》 ᠊ᠢ ᠶᠠᠭᠠᠭᠢᠨ ᠡᠵᠡᠮᠰᠢᠵᠤ᠂ ᠭᠡᠷᠭᠢᠨ ᠠᠰᠢᠭᠯᠠᠵᠤ᠂ ᠭᠦᠮᠤᠨ ᠳᠦᠷᠤᠯᠭᠢᠳᠠᠨ ᠤ ᠨᠡᠢ᠌ᠭᠡᠮ ᠳᠤ ᠵᠦᠪ ᠶᠢᠡᠷ ᠠᠶᠤᠯ ᠦᠭᠡᠶ ᠥᠢᠯᠡᠴᠢᠯᠡᠭᠦᠯᠭᠦ ᠶᠢ ᠵᠤᠷᠢᠵᠤ᠂ 《ᠭᠠᠯ》 ᠊ᠢ ᠳᠡᠭ᠍ᠷᠢ ᠭᠠᠵᠠᠷ ᠲᠡᠶ ᠠᠳᠠᠯᠢᠬᠠᠨ ᠪᠠᠷ ᠦᠵᠡᠵᠤ᠂ 《ᠭᠠᠯ》 ᠳ᠋ᠤ ᠰᠠᠭᠢᠭᠤᠯᠰᠤ ᠣᠷᠤᠰᠢᠭᠤᠯᠵᠤ᠂ ᠳᠤᠬᠠᠢ ᠶᠢᠨ ᠨᠢᠭᠡ ᠦᠶ᠎ᠡ ᠶᠢᠨ ᠭᠦᠮᠦᠰ ᠪᠠ ᠳᠤᠤᠷ᠎ᠠ ᠨᠢᠭᠡᠨ ᠦᠶ᠎ᠡ ᠶᠢᠨ ᠳᠡᠭᠡᠨ ᠦᠶ᠎ᠡ ᠣᠯᠠᠷᠢᠨ ᠭᠡᠷᠡᠭᠯᠡᠭᠦᠯᠭᠦ ᠶᠢᠨ ᠲᠦᠯᠦᠭᠡ ᠪᠣᠳᠤᠯᠭᠢᠯᠠᠵᠤ 《ᠭᠠᠯ》 ᠊ᠢ ᠰᠢᠳᠤᠵᠤ ᠡᠭᠢᠯᠡᠭ᠍ᠰᠡᠨ ᠶᠢᠡᠷ ᠪᠠᠷᠠᠬᠤ ᠦᠭᠡᠶ᠂ 《ᠭᠠᠯ》 ᠳᠠᠭᠢᠬᠤ ᠶᠤᠰᠤ ᠶᠢ ᠡᠭᠦᠳᠤᠨ ᠪᠦᠳᠦᠭᠡᠭ᠍ᠰᠡᠨ ᠪᠠᠢ᠌ᠵᠤ ᠮᠠᠳᠠᠨ᠎ᠡ᠃

ᠮᠤᠩᠭ᠋ᠤᠯᠴᠤᠳ ᠤᠨ ᠭᠠᠯ ᠳᠠᠭᠢᠬᠤ ᠵᠠᠩᠰᠢᠯ ᠨᠢ ᠠᠳᠠᠯᠢᠬᠠᠨ ᠪᠣᠯᠪᠠᠴᠤ ᠳᠡᠳᠡᠭᠡᠷ ᠠᠢ᠌ᠮᠠᠭ ᠪᠦᠯᠦᠭ᠌ ᠤᠨ ᠬᠤᠭᠤᠷᠤᠠᠳᠤ ᠪᠠᠨ ᠪᠠᠰᠠ ᠠᠳᠠᠯᠢ ᠦᠭᠡᠶ ᠳᠠᠯ᠎ᠠ ᠪᠠᠢ᠌ᠳᠠᠭ᠃ ᠵᠢᠰᠢᠶᠠᠯᠠᠪᠠᠯ᠄ ᠮᠤᠩᠭ᠋ᠤᠯᠴᠤᠳ ᠤᠨ ᠭᠠᠯ ᠳᠠᠭᠢᠬᠤ (ᠴᠠᠭ᠂ ᠥᠩᠭᠡ᠂ ᠡᠷᠭᠦᠯᠳᠡ᠂ ᠣᠷᠤᠯᠴᠠᠬᠤ ᠭᠦᠮᠤᠨ ᠵᠡᠷᠭᠡ) ᠨᠢ ᠴᠦᠮ ᠠᠳᠠᠯᠢ ᠦᠭᠡᠶ ᠪᠠᠢ᠌ᠳᠠᠭ᠂ ᠭᠡᠰᠡᠨ ᠴᠤ ᠳᠠᠳᠠᠨᠠᠷ ᠤᠨ ᠰᠠᠨᠠᠭ᠎ᠠ ᠵᠤᠷᠢᠯᠭ᠎ᠠ ᠨᠢ ᠡᠭᠡᠭᠡ ᠠᠳᠠᠯᠢᠬᠠᠨ ᠪᠠᠢ᠌ᠳᠠᠭ᠃

ᠮᠤᠩᠭ᠋ᠤᠯᠴᠤᠳ ᠤᠨ ᠭᠠᠯ ᠳᠠᠭᠢᠬᠤ ᠡᠳᠦᠷ ᠨᠢ ᠪᠦᠷ ᠯᠠ ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ᠤ ᠡᠳᠦᠷ ᠪᠠᠢ᠌ᠳᠠᠭ᠂ ᠮᠤᠩᠭ᠋ᠤᠯᠴᠤᠳ ᠤᠨ ᠣᠯᠠᠨ ᠠᠢ᠌ᠮᠠᠭ ᠪᠦᠯᠦᠭ᠌ ᠤᠨ ᠭᠠᠯ ᠳᠠᠭᠢᠬᠤ ᠶᠤᠰᠤᠨ ᠨᠢ ᠳᠠᠷᠠ ᠠᠢ᠌ᠮᠠᠭ ᠪᠦᠯᠦᠭ᠌ ᠤᠨ ᠭᠢᠨᠢ ᠡᠪᠦᠭᠡ ᠳᠡᠭᠡᠳᠦᠰ ᠡᠴᠠ ᠨᠢ ᠣᠯᠠᠮᠵᠢᠯᠠᠵᠤ ᠢᠷᠡᠭ᠍ᠰᠡᠨ ᠵᠠᠩ ᠳᠠᠳᠬᠠᠯ ᠲᠡᠶ ᠰᠢᠭᠤᠳ ᠬᠤᠯᠪᠣᠭ᠎ᠠ ᠲᠡᠶ ᠡᠴᠠ ᠪᠣᠯᠵᠤ ᠬᠤᠭᠤᠷᠤᠠᠳᠤ ᠪᠠᠨ ᠪᠦᠷ ᠴᠤ ᠠᠳᠠᠯᠢ ᠦᠭᠡᠶ ᠪᠠᠢ᠌ᠳᠠᠭ᠃ ᠵᠢᠰᠢᠶᠠᠯᠠᠪᠠᠯ᠄ 1. ᠴᠠᠭ ᠤᠨ ᠳᠠᠯ᠎ᠠ ᠪᠠᠷ ᠵᠠᠷᠢᠮ ᠠᠢ᠌ᠮᠠᠭ ᠪᠦᠯᠦᠭ᠌ ᠤᠨ ᠭᠢᠨᠢ ᠦᠷᠯᠦᠭᠡ ᠡᠷᠳᠡ ᠳᠠᠭᠢᠵᠤ᠂ ᠵᠠᠷᠢᠮ ᠨᠢ ᠭᠤᠤᠯ ᠦᠳᠡ ᠮᠤᠷᠢᠨ ᠴᠠᠭ ᠢ ᠰᠤᠩᠭ᠋ᠤᠵᠤ᠂ ᠪᠠᠰᠠ ᠵᠠᠷᠢᠮ ᠨᠢ ᠨᠠᠷᠠ ᠰᠢᠩᠭᠡᠭ᠍ᠰᠡᠨ ᠤ ᠳᠠᠷᠠᠭ᠎ᠠ ᠣᠳᠤᠳ ᠪᠠᠢ᠌ᠷᠢᠯᠠᠭᠰᠠᠨ ᠤ ᠬᠣᠢ᠌ᠨ᠎ᠠ ᠭᠠᠯ ᠶᠢᠡᠨ ᠳᠠᠭᠢᠳᠠᠭ ᠪᠠᠢ᠌ᠨ᠎ᠠ᠃ 2. ᠥᠩᠭᠡ ᠶᠢᠨ ᠳᠠᠯ᠎ᠠ ᠪᠠᠷ ᠵᠠᠷᠢᠮ ᠠᠢ᠌ᠮᠠᠭ ᠪᠦᠯᠦᠭ᠌ ᠤᠨ ᠭᠢᠨᠢ 《ᠣᠯᠠᠭᠠᠨ》 ᠶ᠋ᠢᠠᠷ ᠳᠠᠭᠢᠬᠤ᠂ ᠵᠠᠷᠢᠮ ᠨᠢ 《ᠴᠠᠭᠠᠨ》 ᠪᠠᠷ ᠳᠠᠭᠢᠬᠤ ᠭᠡᠭᠦ ᠮᠠᠳᠤ ᠶᠡᠭᠡ ᠲᠦᠯᠤᠪ ᠬᠤᠶᠠᠷ ᠵᠣᠢ᠌ᠯ ᠪᠠᠢ᠌ᠳᠠᠭ᠃ 《ᠣᠯᠠᠭᠠᠨ》 ᠶ᠋ᠢᠠᠷ ᠳᠠᠭᠢᠬᠤ ᠭᠡᠳᠡᠭ᠌ ᠨᠢ ᠡᠷᠭᠦᠯᠳᠡ ᠶᠢᠨ ᠵᠣᠢ᠌ᠯ ᠳᠡᠭᠡᠨ ᠭᠤᠤᠯᠳᠠᠭᠤ ᠮᠠᠯ ᠤᠨ ᠶᠠᠰᠤ ᠮᠢᠬ᠎ᠠ ᠶᠢᠨ ᠵᠣᠢ᠌ᠯ ᠣᠷᠤᠬᠤ ᠶᠢ ᠵᠢᠭᠠᠵᠤ᠂ 《ᠴᠠᠭᠠᠨ》 ᠶ᠋ᠢᠠᠷ ᠳᠠᠭᠢᠬᠤ ᠭᠡᠳᠡᠭ᠌ ᠨᠢ ᠡᠷᠭᠦᠯᠳᠡ ᠶᠢᠨ ᠵᠣᠢ᠌ᠯ ᠳᠡᠭᠡᠨ ᠭᠤᠤᠯᠳᠠᠭᠤ ᠮᠠᠯ ᠤᠨ ᠶᠠᠰᠤ ᠮᠢᠬ᠎ᠠ ᠶᠢᠨ ᠵᠣᠢ᠌ᠯ ᠢ ᠣᠷᠤᠭᠤᠯᠳᠠᠭ ᠦᠭᠡᠶ ᠬᠠᠷᠢᠨ ᠬᠤᠷᠤᠳ ᠳᠤᠰᠤ ᠮᠠᠳᠤ ᠶᠢᠨ ᠴᠠᠭᠠᠨ ᠢᠳᠡᠭᠡᠨ ᠤ ᠵᠣᠢ᠌ᠯᠠᠰ ᠣᠷᠤᠬᠤ ᠶᠢ ᠵᠢᠭᠠᠵᠤ ᠪᠠᠢ᠌ᠨ᠎ᠠ᠃ 3. ᠡᠷᠭᠦᠯᠳᠡ ᠶᠢᠨ ᠵᠣᠢ᠌ᠯ ᠳᠤ ᠠᠷᠢᠭᠢ᠂ ᠬᠠᠭᠤᠷᠠᠭᠰᠠᠨ ᠪᠣᠳᠠᠭ᠎ᠠ᠂ ᠪᠣᠤᠪᠣ ᠪᠣᠭᠤᠷᠰᠤᠭ᠂ ᠬᠤᠷᠤᠳ ᠳᠤᠰᠤ᠂ ᠴᠠᠢ᠂ ᠴᠢᠪᠠᠭ᠎ᠠ ᠰᠢᠭᠢᠷ᠂ ᠥᠭᠡᠭᠦ ᠮᠢᠬ᠎ᠠ ᠶᠢᠨ ᠵᠣᠢ᠌ᠯ᠂ ᠡᠯᠳᠡᠪ ᠥᠩᠭᠡ ᠶᠢᠨ ᠪᠦᠰ ᠳᠤᠷᠭ᠎ᠠ ᠶᠢᠨ ᠥᠭᠡᠳᠡᠰᠤ (ᠣᠯᠠᠭᠠᠨ ᠶᠢᠡᠷ ᠳᠠᠭᠢᠬᠤ ᠨᠢ ᠴᠠᠭᠠᠨ ᠥᠩᠭᠡ ᠶᠢᠨ ᠪᠦᠰ ᠳᠤᠷᠭ᠎ᠠ ᠭᠡᠷᠡᠭᠯᠡᠭᠦ ᠦᠭᠡᠶ᠂ ᠴᠠᠭᠠᠨ ᠶᠢᠡᠷ ᠳᠠᠭᠢᠬᠤ ᠨᠢ ᠣᠯᠠᠭᠠᠨ ᠥᠩᠭᠡ ᠶᠢᠨ ᠪᠦᠰ ᠳᠤᠷᠭ᠎ᠠ ᠭᠡᠷᠡᠭᠯᠡᠭᠦ ᠦᠭᠡᠶ)᠂ ᠳᠠᠷᠠᠰᠤ ᠬᠤᠯᠤᠰᠤᠨ ᠤ ᠳᠤᠯᠤᠭᠠᠢ᠂ ᠬᠠᠢ᠌ᠯᠠᠰᠤᠨ ᠮᠤᠳᠤᠨ ᠲᠦᠯᠡᠭᠡ ᠵᠡᠷᠭᠡ ᠶᠢ ᠵᠢᠭᠠᠵᠤ ᠪᠠᠢ᠌ᠨ᠎ᠠ᠃ 4. ᠣᠷᠤᠯᠴᠠᠬᠤ ᠭᠦᠮᠦᠰ ᠲᠤ ᠵᠠᠷᠢᠮ ᠠᠢ᠌ᠮᠠᠭ ᠪᠦᠯᠦᠭ᠌ ᠤᠨ ᠭᠢᠨᠢ ᠪᠦᠭᠦ ᠭᠡᠷ ᠤᠨ ᠭᠦᠮᠤᠨ ᠪᠦᠭᠦᠨ ᠣᠷᠤᠯᠴᠠᠬᠤ ᠡᠷᠭᠡ ᠲᠡᠶ᠂ ᠵᠠᠷᠢᠮ ᠠᠢ᠌ᠮᠠᠭ ᠪᠦᠯᠦᠭ᠌ ᠤᠨ ᠭᠢᠨᠢ ᠡᠷ᠎ᠡ ᠭᠦᠢᠰᠦᠳᠡᠨ ᠨᠢ ᠯᠠ ᠣᠷᠤᠯᠴᠠᠬᠤ ᠡᠷᠭᠡ ᠲᠡᠶ᠃ ᠡᠭᠦᠨ ᠳᠤ ᠳᠤᠳᠤᠷᠬᠠᠢ᠌ᠯᠠᠬᠤ ᠨᠢ᠄ ᠭᠡᠷ ᠤᠨ ᠡᠷᠡᠭ᠍ᠳᠡᠢ ᠨᠢ ᠭᠠᠳᠠᠭᠰᠢ ᠭᠠᠷᠤᠭᠰᠠᠨ ᠪᠣᠶᠤ ᠨᠠᠰᠤ ᠪᠠᠷᠠᠭᠰᠠᠨ ᠪᠠᠢ᠌ᠪᠠᠯ ᠭᠡᠷ ᠤᠨ ᠡᠮᠡᠭ᠍ᠳᠡᠢ ᠨᠢ ᠣᠷᠤᠯᠠᠵᠤ ᠳᠠᠭᠢᠳᠠᠭ ᠴᠤ ᠪᠠᠢ᠌ᠨ᠎ᠠ᠃ ᠮᠤᠩᠭ᠋ᠤᠯᠴᠤᠳ ᠭᠠᠯ ᠳᠠᠭᠢᠬᠤ ᠳᠠᠭᠠᠨ 《ᠭᠡᠷ ᠤᠨ ᠵᠢᠭᠡ》 ᠪᠠ ᠵᠢᠭᠡ ᠬᠡᠦᠬᠡᠳ ᠶᠢᠡᠨ ᠣᠷᠤᠴᠠᠭᠤᠯᠳᠠᠭ ᠦᠭᠡᠶ᠃

ᠪᠠᠯᠴᠢᠷᠤᠳ ᠠᠢ᠌ᠮᠠᠭ ᠤᠨ ᠭᠢᠨ ᠭᠠᠯ ᠶᠢᠡᠨ 《ᠴᠠᠭᠠᠨ》 ᠶ᠋ᠢᠡᠷ ᠳᠠᠭᠢᠳᠠᠭ᠂ ᠳᠠᠳᠠ ᠭᠠᠯ ᠭᠤᠯᠤᠮᠳᠠ ᠪᠠᠨ ᠳᠠᠭᠢᠬᠤ ᠳᠠᠭᠠᠨ ᠶᠠᠭᠤᠨ ᠤ ᠡᠮᠤᠨ᠎ᠡ ᠭᠡᠷ ᠦᠷᠦᠭᠡ ᠶᠢᠨ ᠣᠳᠤᠭ᠎ᠠ ᠳᠤᠭᠤᠰᠤ ᠪᠠᠨ ᠭᠦᠪᠢᠵᠤ ᠴᠠᠪᠠᠷᠯᠠᠵᠤ᠂ ᠳᠤᠯᠭ᠎ᠠ (ᠬᠤᠤᠪᠠᠩ ᠵᠤᠤᠬ᠎ᠠ) ᠪᠠᠨ ᠵᠠᠰᠠᠵᠤ ᠴᠡᠪᠠᠷᠯᠡᠭ᠍ᠰᠡᠨ ᠤ ᠳᠠᠷᠠᠭ᠎ᠠ ᠭᠡᠷ ᠤᠨ ᠭᠦᠮᠦᠰ ᠨᠢᠭᠤᠷ ᠭᠠᠷ ᠶᠢᠡᠨ ᠣᠭᠢᠶᠠᠨ᠂ ᠬᠤᠪᠴᠠᠰᠤ ᠬᠤᠨᠠᠷ ᠶᠢᠡᠨ ᠳᠠᠷᠢ ᠳᠡᠭ᠍ᠰᠢ ᠡᠮᠦᠰᠴᠤ᠂ ᠭᠡᠷ ᠤᠨ ᠡᠵᠡᠨ ᠵᠠᠪᠠᠯ ᠮᠠᠯᠠᠭᠠᠢ ᠪᠠᠨ ᠵᠡᠭᠦᠵᠤ᠂ ᠪᠡᠯᠡᠳᠭᠡᠵᠤ ᠳᠠᠯᠪᠢᠭᠰᠠᠨ ᠬᠠᠢ᠌ᠯᠠᠰᠤᠨ ᠮᠤᠳᠤᠨ ᠲᠦᠯᠡᠭᠡ ᠪᠠᠨ ᠬᠠᠭᠠᠯᠵᠤ᠂ ᠳᠤᠯᠭ᠎ᠠ (ᠬᠤᠤᠪᠠᠩ ᠵᠤᠤᠬ᠎ᠠ) ᠳ᠋ᠠᠭᠠᠨ ᠡᠪᠯᠢᠭ᠌ ᠰᠠᠢ᠌ᠬᠠᠨ ᠵᠡᠷᠭᠡᠯᠡᠵᠤ᠂ ᠭᠠᠯ ᠶᠢᠡᠨ ᠨᠤᠴᠤᠭᠠᠵᠤ ᠭᠦᠭ᠍ᠵᠢᠭᠡᠭ᠍ᠰᠡᠨ ᠤ ᠳᠠᠷᠠᠭ᠎ᠠ ᠳᠤᠯᠭ᠎ᠠ ᠶᠢᠨ ᠡᠮᠤᠨ᠎ᠡ ᠣᠯᠪᠠᠭ ᠪᠣᠶᠤ ᠰᠢᠨ᠎ᠠ ᠴᠠᠭᠠᠨ ᠢᠰᠡᠭᠡᠢ ᠳᠠᠪᠢᠰᠴᠤ᠂ ᠰᠢᠷᠡᠭᠡ ᠱᠠᠳᠤ ᠶᠢ ᠳᠡᠭ᠍ᠰᠢ ᠰᠠᠢ᠌ᠬᠠᠨ ᠳᠠᠯᠪᠢᠵᠤ᠂ ᠳᠡᠭᠡᠷ᠎ᠡ ᠨᠢ ᠡᠷᠭᠦᠯᠳᠡ ᠶᠢᠨ ᠡᠳ᠋ ᠢ ᠦᠷᠦᠭ᠍ᠰᠡᠨ ᠤ ᠳᠠᠷᠠᠭ᠎ᠠ ᠭᠡᠷ ᠤᠨ ᠡᠵᠡᠨ ᠡᠴᠠ ᠭᠠᠯ ᠳᠤ ᠡᠷᠭᠦᠯᠳᠡ ᠶᠢ ᠭᠤᠷᠪᠠ ᠭᠤᠷᠪᠠ ᠪᠠᠷ ᠭᠤᠷᠪᠠ ᠣᠳᠠᠭ᠎ᠠ ᠡᠷᠭᠦᠵᠤ᠂ ᠭᠤᠷᠪᠠ ᠣᠳᠠᠭ᠎ᠠ ᠰᠥᠭᠦᠳᠤᠨ ᠮᠦᠷᠭᠦᠳᠡᠭ᠌ ᠪᠠᠢ᠌ᠨ᠎ᠠ᠃ ᠭᠠᠯ ᠳᠠᠭᠠᠨ ᠮᠦᠷᠭᠦᠭᠦ ᠳᠡᠭᠡᠨ ᠭᠡᠷ ᠤᠨ ᠡᠵᠡᠨ 《ᠭᠠᠯ ᠤᠨ ᠪᠣᠷᠬᠠᠨ》 ᠡᠴᠠ ᠦᠷᠤᠰᠢᠶᠠᠯ ᠬᠠᠢ᠌ᠷᠠᠯᠠᠨᠠᠮ᠂ ᠢᠷᠡᠭᠦ ᠨᠢᠭᠡᠨ ᠵᠢᠯ ᠳᠤ ᠡᠷᠦᠭᠡ ᠭᠡᠷ ᠤᠨ ᠪᠦᠭᠦ ᠥᠳᠡᠯᠦᠭᠡ ᠨᠠᠰᠤᠳᠠᠨ ᠡᠴᠠ ᠠᠪᠣᠭᠠᠤᠨ ᠬᠡᠦᠬᠡᠳ ᠰᠢᠪᠠᠭᠤᠳ᠂ ᠠᠳᠤᠭᠤ ᠮᠠᠯ ᠭᠦᠷᠳᠡᠯ᠎ᠡ ᠡᠩᠭᠡ ᠠᠮᠤᠭᠤᠯᠠᠩ ᠡᠪᠡᠳᠴᠢᠨ ᠳᠠᠬᠤᠯ ᠦᠭᠡᠶ ᠪᠠᠢ᠌ᠬᠤ ᠶᠢ ᠰᠤᠶᠤᠷᠬᠠᠵᠤ᠂ ᠠᠵᠤ ᠠᠮᠢᠳᠤᠷᠠᠯ ᠢ ᠡᠯᠪᠠᠭ᠌ ᠪᠠᠶᠠᠨ ᠪᠣᠯᠭᠠᠵᠤ᠂ ᠥᠩᠭᠡ ᠲᠡᠶ ᠥᠭᠡᠳᠡ ᠲᠡᠶ ᠠᠵᠤ ᠳᠦᠷᠦᠭᠦ ᠶᠢ ᠰᠤᠶᠤᠷᠬᠠᠬᠤ ᠶᠢ 《ᠭᠠᠯ ᠤᠨ ᠪᠣᠷᠬᠠᠨ》 ᠳᠠᠨ ᠳᠠᠭᠠᠨ ᠳᠠᠭᠠᠳᠬᠠᠬᠤ ᠵᠡᠷᠭᠡ ᠪᠠᠷ ᠪᠠᠯᠭᠡ ᠳᠠᠮᠪᠠᠷᠢᠯ ᠢ ᠭᠦᠰᠡᠮᠵᠢᠯᠡᠵᠤ ᠮᠦᠷᠭᠦᠳᠡᠭ᠌ ᠪᠠᠢ᠌ᠨ᠎ᠠ᠃ ᠭᠠᠯ ᠶᠢᠡᠨ ᠳᠠᠭᠢᠵᠤ ᠪᠠᠷᠠᠭᠰᠠᠨ ᠤ ᠳᠠᠷᠠᠭ᠎ᠠ ᠭᠡᠷ ᠤᠨ ᠡᠵᠡᠨ ᠡᠴᠠ ᠥᠯᠡᠳᠡᠭ᠍ᠰᠡᠨ ᠡᠷᠭᠦᠯᠳᠡ ᠶᠢᠨ ᠡᠳ᠋ ᠢ ᠪᠣᠷᠬᠠᠨ ᠰᠢᠷᠡᠭᠡᠨ ᠤ ᠳᠡᠭᠡᠷ᠎ᠡ ᠬᠠᠳᠠᠭᠠᠯᠠᠵᠤ᠂ ᠵᠠᠯᠭᠠᠭᠠᠪᠠᠷ ᠭᠤᠷᠪᠠᠨ ᠡᠳᠦᠷ ᠳᠤᠭᠳᠠᠭᠰᠠᠨ ᠴᠠᠭ ᠳᠠᠭᠠᠨ ᠭᠠᠯ ᠳᠠᠭᠠᠨ ᠡᠷᠭᠦᠳᠡᠭ᠌ ᠪᠠᠢ᠌ᠨ᠎ᠠ᠃ ᠭᠠᠯ ᠳᠠᠭᠢᠭᠰᠠᠨ ᠡᠳᠦᠷ ᠲᠤ ᠮᠠᠯ ᠤᠨ ᠮᠢᠬ᠎ᠠ ᠢᠳᠡᠭᠦ ᠪᠠ ᠭᠠᠯ ᠤᠨ ᠪᠣᠳᠠᠭ᠎ᠠ ᠢᠳᠡᠭ᠍ᠰᠡᠨ ᠤ ᠳᠠᠷᠠᠭ᠎ᠠ᠂ ᠤᠢ᠌ᠷᠠᠯᠴᠠᠭ᠎ᠠ ᠤᠢ᠌ᠷ᠎ᠡ ᠰᠠᠳᠤᠨ ᠪᠣᠶᠤ ᠭᠦᠷᠰᠢ ᠵᠡᠷᠭᠡᠯᠳᠡᠭᠡ ᠶᠢᠨ ᠠᠬᠠᠰ ᠵᠠᠬᠠᠰ ᠳᠠᠭᠠᠨ 《ᠭᠠᠯ》 ᠊ᠤᠨ ᠠᠷᠢᠭᠢ᠂ ᠮᠢᠬ᠎ᠠ ᠪᠣᠳᠠᠭ᠎ᠠ ᠪᠠᠨ ᠬᠠᠷᠢᠯᠴᠠᠨ ᠭᠦᠷᠭᠡᠵᠤ᠂ ᠬᠠᠮᠳᠤᠪᠠᠷ ᠶᠢᠡᠨ ᠭᠠᠯ ᠭᠤᠯᠤᠮᠳᠠ ᠪᠠᠨ ᠳᠠᠭᠢᠵᠤ ᠪᠠᠢ᠌ᠬᠤ ᠪᠠᠨ ᠣᠢ᠌ᠯᠠᠭᠠᠯᠴᠠᠳᠠᠭ ᠣᠴᠢᠷ ᠲᠡᠶ᠃ ᠭᠠᠯ ᠤᠨ ᠪᠣᠳᠠᠭ᠎ᠠ ᠶᠢ ᠵᠠᠪᠠᠯ ᠮᠢᠬ᠎ᠠ ᠴᠢᠨᠠᠭᠰᠠᠨ ᠳᠤᠰᠤ ᠲᠡᠶ ᠱᠦᠯᠦᠨ ᠳᠤ ᠴᠢᠨᠠᠳᠠᠭ᠃ ᠭᠠᠯ ᠤᠨ ᠪᠣᠳᠠᠭ᠎ᠠ ᠳᠤ ᠰᠢᠷ᠎ᠠ ᠳᠤᠰᠤ᠂ ᠴᠢᠪᠠᠭ᠎ᠠ᠂ ᠴᠠᠭ᠎ᠠ ᠵᠡᠷᠭᠡ ᠶᠠᠭᠤᠮ᠎ᠠ ᠶᠢ ᠭᠢᠵᠤ ᠠᠭᠰᠢᠭᠠᠳᠠᠭ᠃ ᠭᠠᠯ ᠤᠨ ᠪᠣᠳᠠᠭ᠎ᠠ ᠶᠢ ᠪᠣᠰᠤᠳ ᠬᠤᠭᠤᠯᠠ (ᠪᠠᠩᠰᠢ᠂ ᠪᠣᠤᠵᠢ) ᠵᠡᠷᠭᠡ ᠪᠠᠷ ᠣᠷᠤᠯᠠᠭᠤᠯᠵᠤ ᠪᠣᠯᠳᠠᠭ ᠦᠭᠡᠶ᠃ ᠭᠠᠯ ᠤᠨ ᠮᠢᠬ᠎ᠠ ᠪᠣᠳᠠᠭ᠎ᠠ ᠶᠢ ᠡᠯᠪᠠᠭ᠌ ᠳᠠᠩᠰᠤᠭ ᠪᠡᠯᠡᠳᠭᠡᠵᠤ᠂ ᠭᠤᠷᠪᠠ ᠬᠤᠨᠤᠭ ᠢᠳᠡᠳᠡᠭ᠌ ᠪᠠᠢ᠌ᠨ᠎ᠠ᠃ ᠭᠠᠯ ᠤᠨ ᠭᠤᠷᠪᠠ ᠬᠤᠨᠤᠭ ᠲᠤ ᠭᠠᠳᠠᠭᠰᠢ ᠭᠠᠷᠬᠤ ᠦᠭᠡᠶ᠂ ᠪᠣᠰᠤᠳ ᠲᠤ ᠶᠠᠭᠤᠮ᠎ᠠ ᠦᠭ‍ᠭᠦ ᠦᠭᠡᠶ ᠪᠠᠢ᠌ᠳᠠᠭ᠃

7. ᠪᠠᠯᠴᠢᠷᠤᠳ ᠠᠢ᠌ᠮᠠᠭ ᠤᠨ ᠪᠢᠳᠡᠭᠦᠯᠡᠭᠦ ᠶᠤᠰᠤᠨ

ᠪᠢᠳᠡᠭᠦᠨ ᠤ ᠣᠷᠤᠢ ᠪᠣᠯ ᠪᠠᠯᠴᠢᠷᠤᠳ ᠠᠢ᠌ᠮᠠᠭ ᠤᠨ ᠭᠢᠨ ᠶᠠᠭᠤᠨ ᠤ ᠡᠮᠦᠨ᠎ᠡ ᠳᠡᠭᠡᠳᠦᠰ ᠲᠡᠭᠡᠨ 《ᠳᠤᠶᠤᠩ》 ᠰᠢᠳᠠᠭᠠᠬᠤ ᠶᠢ ᠴᠢᠬᠤᠯᠴᠢᠯᠠᠨ ᠥᠵᠡᠳᠡᠭ᠌᠂ 《ᠳᠤᠶᠤᠩ》 ᠰᠢᠳᠠᠭᠠᠬᠤ ᠵᠣᠢ᠌ᠯ ᠳᠤ ᠮᠠᠯ ᠤᠨ ᠰᠢᠭᠢᠷ᠎ᠠ ᠶᠢ ᠭᠡᠳᠤ ᠶᠢ ᠰᠤᠩᠭ᠋ᠤᠵᠤ ᠬᠣᠢ᠌ᠬᠠᠯᠠᠭᠰᠠᠨ ᠤ ᠳᠠᠷᠠᠭ᠎ᠠ ᠴᠢᠨᠠᠵᠤ ᠪᠡᠯᠡᠳᠭᠡᠨ᠎ᠡ᠃ ᠴᠢᠨᠠᠭᠰᠠᠨ ᠪᠠᠩᠰᠢ᠂ ᠪᠣᠤᠪᠣ ᠪᠣᠭᠤᠷᠰᠤᠭ᠂ ᠬᠤᠷᠤᠳ ᠳᠤᠰᠤ᠂ ᠬᠠᠭᠤᠷᠠᠭᠰᠠᠨ ᠪᠣᠳᠠᠭ᠎ᠠ᠂ ᠠᠷᠢᠭᠢ ᠴᠠᠢ᠂ ᠵᠤᠭᠤᠰ (ᠣᠷᠤᠯᠠᠭᠤᠯᠤᠭᠰᠠᠨ)᠂ ᠡᠯᠳᠡᠪ ᠥᠩᠭᠡ ᠶᠢᠨ ᠪᠦᠰ ᠳᠤᠷᠭ᠎ᠠ ᠶᠢᠨ ᠥᠭᠡᠳᠡᠰᠤ ᠵᠡᠷᠭᠡ ᠶᠢ ᠪᠡᠯᠡᠳᠭᠡᠨ᠎ᠡ᠃ 《ᠳᠤᠶᠤᠩ》 ᠰᠢᠳᠠᠭᠠᠬᠤ ᠳᠠᠭᠠᠨ ᠪᠢᠳᠡᠭᠦᠨ ᠤ ᠦᠳᠡᠰᠢ ᠶᠢᠨ ᠬᠠᠷ᠎ᠠ ᠪᠦᠷᠦᠢ᠂ ᠰᠢᠷ᠎ᠠ ᠪᠦᠷᠦᠢ ᠶᠢᠨ ᠵᠠᠭᠠᠭ ᠲᠤ ᠰᠢᠳᠠᠭᠠᠳᠠᠭ᠃ ᠪᠢᠳᠡᠭᠦᠨ ᠤ ᠡᠳᠦᠷ ᠪᠠᠰᠠ ᠨᠤᠬᠠᠢ ᠳᠠᠭᠠᠨ ᠳᠠᠪᠣᠰᠤ ᠦᠭᠡᠶ ᠮᠢᠬ᠎ᠠ ᠳᠤᠰᠤ ᠲᠡᠶ ᠴᠠᠭᠠᠨ ᠪᠣᠳᠠᠭ᠎ᠠ ᠴᠢᠨᠠᠵᠤ ᠢᠳᠡᠭᠦᠯᠳᠡᠭ᠌᠃ ᠳᠤᠰ ᠠᠢ᠌ᠮᠠᠭ ᠳᠤᠨᠢ ᠪᠢᠳᠡᠭᠦᠨ ᠤ ᠦᠳᠡᠰᠢ ᠳᠡᠭᠡᠨ ᠮᠠᠯ ᠤᠨ ᠮᠢᠬ᠎ᠠ ᠴᠢᠨᠠᠵᠤ ᠢᠳᠡᠭᠦ ᠡᠴᠠ ᠭᠠᠳᠠᠨ᠎ᠠ ᠪᠠᠩᠰᠢ ᠪᠠᠷᠢᠵᠤ ᠢᠳᠡᠳᠡᠭ᠌᠃ ᠮᠢᠬ᠎ᠠ ᠪᠠᠨ ᠢᠳᠡᠭᠦ ᠡᠴᠠ ᠡᠮᠤᠨ᠎ᠡ ᠴᠢᠨᠠᠭᠰᠠᠨ ᠥᠭᠡᠭᠦ ᠮᠢᠬᠠᠨ ᠡᠴᠠ ᠪᠠᠨ ᠳᠡᠭᠡᠵᠢᠯᠡᠵᠤ᠂ ᠳᠡᠭ᠍ᠷᠢ ᠪᠣᠷᠬᠠᠨ᠂ ᠠᠭᠤᠯᠠ ᠣᠰᠤᠨ ᠤ ᠨᠠᠪᠳᠠᠭ ᠱᠠᠪᠳᠠᠭ ᠵᠡᠷᠭᠡ ᠳᠡᠭᠡᠨ ᠡᠷᠭᠦᠳᠡᠭ᠌᠃ ᠪᠢᠳᠡᠭᠦᠨ ᠤ ᠪᠠᠩᠰᠢ ᠪᠠᠷᠢᠬᠤ ᠳᠠᠭᠠᠨ ᠵᠠᠪᠠᠯ ᠵᠢᠷᠭᠤᠭᠠᠨ ᠵᠣᠢ᠌ᠯ ᠤᠨ 《ᠳᠠᠩᠰᠠᠪᠣᠷᠢ ᠡᠳ᠋》 ᠭᠢᠳᠡᠭ᠌ ᠵᠠᠩᠰᠢᠯ ᠲᠡᠶ᠃ ᠡᠨᠡᠭᠦ 《ᠳᠠᠩᠰᠠᠪᠣᠷᠢ ᠡᠳ᠋》 ᠲᠤ ᠮᠠᠯ ᠤᠨ ᠱᠠᠭ᠎ᠠ᠂ ᠭᠤᠤᠯᠢᠨ ᠵᠤᠭᠤᠰ᠂ ᠴᠠᠭᠠᠨ ᠪᠣᠳᠠᠭ᠎ᠠ᠂ ᠭᠦᠪᠦᠩ᠂ ᠣᠳᠠᠰᠤ᠂ ᠮᠤᠳᠤᠨ ᠨᠡᠭᠦᠷᠡᠰᠤ ᠵᠡᠷᠭᠡ ᠶᠢ ᠭᠡᠷᠡᠭᠯᠡᠨ᠎ᠡ᠃ ᠪᠢᠳᠡᠭᠦᠨ ᠤ ᠪᠠᠩᠰᠢ ᠪᠠᠨ ᠢᠳᠡᠭᠦ ᠳᠡᠭᠡᠨ ᠳᠠᠳᠠ 《ᠳᠠᠩᠰᠠᠪᠣᠷᠢ》 ᠊ᠤᠨ ᠵᠣᠢ᠌ᠯ ᠡᠴᠠ ᠭᠡᠨ ᠤ ᠠᠶᠠᠭᠠᠨ ᠳᠤ ᠶᠠᠭᠤ ᠣᠷᠤᠬᠤ ᠶᠢ ᠣᠯᠠᠨ ᠶᠢᠡᠷ ᠶᠢᠡᠨ ᠰᠠᠨᠠᠭ᠎ᠠ ᠳᠠᠯᠪᠢᠳᠠᠭ ᠪᠠᠢ᠌ᠨ᠎ᠠ᠃ ᠭᠡᠷᠪᠡ ᠵᠤᠭᠤᠰ ᠣᠷᠤᠭᠰᠠᠨ ᠪᠠᠢ᠌ᠪᠠᠯ᠂ ᠡᠨᠡ ᠭᠦᠮᠤᠨ ᠢᠷᠡᠭᠦ ᠵᠢᠯ ᠪᠣᠶᠤ ᠬᠤᠵᠢᠮ ᠶᠡᠭᠡ ᠵᠤᠭᠤᠰ ᠮᠦᠩᠭᠦ ᠲᠡᠶ ᠭᠦᠮᠤᠨ ᠪᠣᠯᠤᠨ᠎ᠠ ᠭᠡᠳᠡᠭ᠌᠂ ᠭᠡᠷᠪᠡ ᠮᠠᠯ ᠤᠨ ᠱᠠᠭ᠎ᠠ ᠣᠷᠤᠭᠰᠠᠨ ᠪᠠᠢ᠌ᠪᠠᠯ᠂ ᠬᠤᠵᠢᠮ ᠮᠠᠯ ᠰᠦᠷᠦᠭ᠌ ᠨᠢ ᠦᠨᠢᠷ ᠥᠰᠦᠭ᠍ᠰᠡᠨ ᠪᠠᠶᠠᠨ ᠡᠷᠭᠢᠮ ᠭᠦᠮᠤᠨ ᠪᠣᠯᠤᠨ᠎ᠠ ᠭᠡᠳᠡᠭ᠌᠂ ᠭᠡᠷᠪᠡ ᠣᠳᠠᠰᠤ ᠣᠷᠤᠭᠰᠠᠨ ᠪᠠᠢ᠌ᠪᠠᠯ᠂ ᠣᠷᠳᠤ ᠨᠠᠰᠤᠯᠠᠨ᠎ᠠ ᠭᠡᠳᠡᠭ᠌᠂ ᠭᠡᠷᠪᠡ ᠭᠦᠪᠦᠩ ᠣᠷᠤᠭᠰᠠᠨ ᠪᠠᠢ᠌ᠪᠠᠯ᠂ ᠭᠦᠪᠦᠩ ᠰᠢᠭ ᠵᠥᠭᠡᠯᠡᠨ ᠴᠠᠭᠠᠪᠣᠷ ᠰᠡᠳᠭᠢᠯ ᠲᠡᠶ ᠭᠦᠮᠤᠨ ᠪᠣᠯᠤᠨ᠎ᠠ ᠭᠡᠳᠡᠭ᠌᠂ ᠭᠡᠷᠪᠡ ᠴᠠᠭᠠᠨ ᠪᠣᠳᠠᠭ᠎ᠠ ᠣᠷᠤᠭᠰᠠᠨ ᠪᠠᠢ᠌ᠪᠠᠯ᠂ ᠡᠨᠡ ᠭᠦᠮᠤᠨ ᠭᠡᠵᠢᠶᠡᠳᠡ ᠭᠦᠨᠡᠰᠤ ᠪᠣᠶᠠᠨ ᠲᠡᠶ ᠭᠡᠵᠤ ᠮᠠᠭᠳᠠᠭᠠᠤᠨ ᠭᠡᠷᠪᠡ ᠨᠡᠭᠦᠷᠡᠰᠤ ᠣᠷᠤᠭᠰᠠᠨ ᠪᠠᠢ᠌ᠪᠠᠯ᠂ ᠯᠠᠪᠳᠠᠢ ᠨᠡᠭᠦᠷᠡᠰᠤ ᠰᠢᠭ᠌ ᠬᠠᠷ᠎ᠠ ᠰᠡᠳᠭᠢᠯ ᠲᠡᠶ ᠬᠠᠷᠠᠳᠠᠭᠤᠨ ᠭᠦᠮᠤᠨ ᠪᠣᠯᠤᠨ᠎ᠠ ᠭᠡᠵᠤ ᠱᠤᠭᠯᠠᠳᠠᠭ ᠪᠠᠢ᠌ᠨ᠎ᠠ᠃

8 . ᠮᠠᠨ ᠤ ᠮᠤᠩᠭ᠋ᠤᠯ ᠦᠨᠳᠦᠰᠦᠳᠠᠨ ᠤ ᠲᠦᠯᠦᠪᠯᠡᠯᠭᠡ ᠲᠡᠶ ᠬᠡᠦᠬᠡᠳ ᠠᠪᠬᠤ 《ᠠᠷᠭ᠎ᠠ》 ᠶᠤᠰᠤᠨ

ᠮᠠᠨ ᠤ ᠮᠤᠩᠭ᠋ᠤᠯ ᠦᠨᠳᠦᠰᠦᠳᠠᠨ ᠡᠷᠳᠡ ᠳᠡᠭᠡᠳᠦᠰ ᠡᠴᠠ ᠪᠠᠨ ᠠᠪᠣᠭᠠᠤᠨ ᠲᠦᠯᠦᠪᠯᠡᠯᠭᠡ ᠲᠡᠶ ᠬᠡᠦᠬᠡᠳ ᠠᠪᠬᠤ ᠶᠢ ᠪᠠᠷᠢᠮᠳᠠᠯᠠᠭᠰᠠᠭᠠᠷ ᠢᠷᠡᠭ᠍ᠰᠡᠨ ᠪᠠᠢ᠌ᠳᠠᠭ᠃ ᠪᠣᠳᠠᠳᠠᠢ ᠪᠠᠷ ᠭᠡᠯᠡᠪᠠᠯ ᠮᠠᠨ ᠤ ᠮᠤᠩᠭ᠋ᠤᠯ ᠦᠨᠳᠦᠰᠦᠳᠠᠨ ᠡᠷᠳᠡ ᠢᠵᠠᠭᠤᠷ ᠡᠴᠠ ᠪᠠᠨ ᠠᠪᠣᠭᠠᠤᠨ ᠨᠡᠭᠦᠳᠡᠯᠡᠨ ᠮᠠᠯᠵᠢᠬᠤ ᠠᠮᠢᠳᠤᠷᠠᠯ ᠭᠢᠵᠤ ᠢᠷᠡᠭ᠍ᠰᠡᠨ ᠪᠣᠯᠬᠤᠷ ᠭᠦᠢᠳᠡᠨ ᠨᠣᠢ᠌ᠳᠠᠨ᠂ ᠪᠣᠷᠤᠭᠠᠨ ᠴᠠᠰᠤ᠂ ᠰᠠᠯᠭᠢ ᠱᠢᠭᠤᠷᠭᠠᠨ ᠳᠤ ᠳᠠᠭᠠᠷᠠᠵᠤ ᠪᠠᠭᠡᠷᠡᠨ᠂ ᠭᠦᠯᠳᠡᠭᠦᠤ ᠨᠣᠢ᠌ᠳᠠᠨ ᠭᠠᠵᠠᠷ ᠳᠡᠭᠡᠷ᠎ᠡ ᠭᠡᠪᠳᠡᠵᠤ ᠰᠠᠭᠤᠭᠠᠤᠨ ᠬᠤᠪᠢ ᠪᠠᠶ᠎ᠠ ᠶᠢᠨ ᠡᠷᠡᠭᠦᠯ ᠮᠠᠠᠳᠤ ᠶᠢ ᠦᠴᠦᠭᠡᠨ ᠴᠤ ᠠᠩᠬᠠᠷᠬᠤ ᠦᠭᠡᠶ᠃ ᠬᠠᠷᠢᠨ ᠠᠵᠤ ᠠᠮᠢᠳᠤᠷᠠᠯ ᠤᠨ ᠭᠢᠨᠢ ᠭᠤᠤᠯ ᠭᠦᠴᠤᠨ ᠪᠣᠯᠬᠤ ᠭᠠᠭᠴᠠᠬᠦ 《ᠮᠠᠯ ᠰᠦᠷᠦᠭ᠌ ᠶᠢᠡᠨ ᠦᠨᠢᠷ ᠥᠰᠭᠡᠭᠦ》 ᠳᠡᠭᠡᠷ᠎ᠡ ᠪᠦᠭᠦ ᠣᠶᠤᠨ ᠰᠠᠨᠠᠭ᠎ᠠ᠂ ᠭᠦᠴᠤᠨ ᠴᠢᠳᠠᠯ ᠶᠢᠠᠨ ᠰᠢᠪᠠᠬᠠᠵᠤ᠂ ᠭᠡᠭᠡᠷ᠎ᠡ ᠬᠤᠨᠤᠵᠤ ᠭᠡᠳᠡ ᠳᠠᠷᠠᠯᠠᠵᠤ ᠢᠷᠡᠭ᠍ᠰᠡᠨ ᠡᠴᠠ ᠡᠷᠡᠭ᠍ᠳᠡᠢ᠌ᠴᠦᠳ ᠨᠢ ᠬᠠᠷᠬᠠᠨ ᠪᠠᠭ᠎ᠠ ᠡᠴᠠ ᠪᠠᠨ ᠭᠦᠯ ᠨᠢᠷᠤᠭᠤ ᠨᠢ ᠮᠠᠭᠤᠳᠠᠵᠤ᠂ ᠳᠤᠳᠤᠷ ᠪᠦᠭᠡᠷ᠎ᠡ ᠶᠢᠨ ᠠᠵᠢᠯᠯᠠᠭ᠎ᠠ ᠨᠢ ᠰᠤᠯᠠᠷᠠᠵᠤ᠂ ᠦᠷᠠᠵᠢᠯ ᠤᠨ ᠡᠷᠭᠡᠳᠡᠨ ᠨᠢ ᠳᠤᠷᠣᠢ᠌ᠳᠠᠭᠰᠠᠨ ᠡᠴᠠ ᠦᠷ᠎ᠡ ᠪᠣᠢ᠌ᠵᠢᠭᠤᠯᠬᠤ ᠪᠠ ᠦᠷ᠎ᠡ ᠶᠢᠨ ᠠᠮᠢᠳᠤᠷᠠᠬᠤ ᠨᠤᠷᠮ᠎ᠠ ᠨᠢ ᠳᠤᠷᠤᠭᠰᠢᠯᠠᠭᠰᠠᠨ ᠪᠦᠭᠡᠳ ᠴᠢᠨᠠᠭᠰᠢᠯᠠᠭᠠᠤᠨ ᠪᠦᠷᠢᠮᠦᠰᠤᠨ ᠦᠷᠠᠵᠢᠯ ᠤᠨ ᠴᠢᠳᠠᠪᠣᠷᠢ ᠪᠠᠨ ᠠᠯᠳᠠᠵᠤ᠂ ᠡᠷᠳᠡ ᠦᠳᠡᠯᠵᠤ ᠥᠭᠦᠳᠡᠭ᠌ ᠪᠠᠢ᠌ᠭᠰᠠᠨ᠃ ᠡᠮᠡᠭ᠍ᠳᠡᠢ᠌ᠴᠦᠳ ᠨᠢ ᠬᠠᠷᠠᠬᠠᠨ ᠪᠠᠭ᠎ᠠ ᠡᠴᠠ ᠪᠠᠨ ᠭᠦᠯ ᠨᠢᠷᠤᠭᠤ ᠶᠢᠨ ᠡᠪᠡᠳᠴᠢᠨ ᠪᠠ ᠭᠦᠢᠳᠡᠨ ᠭᠡᠢ ᠶᠢᠨ ᠡᠪᠡᠳᠴᠢᠨ ᠳᠤ ᠨᠡᠷᠪᠠᠭ᠍ᠳᠡᠨ᠂ ᠦᠷᠠᠵᠢᠯ ᠤᠨ ᠡᠷᠭᠡᠳᠡᠨ ᠨᠢ ᠳᠤᠷᠣᠢ᠌ᠳᠠᠵᠤ ᠰᠠᠪᠠ ᠶᠢᠨ ᠬᠠᠯᠠᠭᠤᠨ ᠨᠢ ᠪᠠᠭᠤᠷᠠᠵᠤ ᠭᠦᠷᠦᠭᠡᠳ ᠰᠠᠪᠠ ᠶᠢᠨ ᠭᠦᠵᠦᠭᠦᠤ ᠶᠢᠨ ᠢᠯᠵᠢᠷᠠᠬᠤ ᠡᠪᠡᠳᠴᠢᠨ᠂ ᠥᠡᠳᠡᠭᠡᠪᠴᠢ ᠶᠢᠨ ᠦᠷᠪᠢᠰᠤᠯ ᠲᠡᠶ ᠪᠣᠯᠵᠤ᠂ ᠥᠡᠳᠡᠭᠡ ᠪᠣᠯᠪᠠᠰᠤᠷᠠᠭᠤᠯᠬᠤ ᠨᠤᠷᠮ᠎ᠠ ᠶᠢ ᠨᠢ ᠶᠡᠭᠡᠪᠠᠷ ᠳᠤᠷᠤᠭᠰᠢᠯᠠᠭᠤᠯᠵᠤ᠂ ᠴᠢᠨᠠᠭᠰᠢᠯᠠᠭᠠᠤᠨ ᠦᠷᠡᠵᠢᠭᠦ ᠴᠢᠳᠠᠪᠣᠷᠢ ᠪᠠᠨ ᠪᠦᠷᠢᠮᠦᠰᠤᠨ ᠠᠯᠳᠠᠭᠠᠤᠨ ᠡᠷᠳᠡ ᠦᠳᠡᠯᠵᠤ ᠡᠷᠳᠡ ᠥᠭᠦᠳᠡᠭ᠌ ᠪᠠᠢ᠌ᠨ᠎ᠠ᠃ ᠡᠭᠦᠨ ᠤ ᠣᠯᠠᠮ ᠡᠴᠠ ᠮᠠᠨ ᠤ ᠮᠤᠩᠭ᠋ᠤᠯ ᠦᠨᠳᠦᠰᠦᠳᠠᠨ ᠤ ᠭᠦᠮᠤᠨ ᠠᠮᠠ ᠡᠷᠳᠡ ᠳᠡᠭᠡᠳᠦᠰ ᠡᠴᠠ ᠪᠠᠨ ᠣᠳᠤ ᠪᠣᠯᠳᠠᠯ᠎ᠠ ᠴᠥᠭᠡᠨ ᠪᠠᠢ᠌ᠳᠠᠭ᠃ ᠡᠨᠡ ᠪᠣᠯ ᠨᠢᠭᠡᠨ ᠴᠢᠬᠤᠯᠠ ᠦᠨᠳᠦᠰᠦᠨ ᠰᠢᠯᠳᠠᠭᠠᠨ (ᠭᠡᠯᠡᠯᠭᠡᠨ ᠦᠭᠡᠶ ᠳᠡᠦᠭᠡ ᠶᠢᠨ ᠰᠢᠯᠳᠠᠭᠠᠨ ᠪᠠᠢ᠌ᠨ᠎ᠠ᠂ ᠡᠭᠦᠨ ᠢ ᠡ᠊ᠨᠳᠡ ᠳᠤᠷᠠᠳᠬᠤ ᠦᠭᠡᠶ) ᠪᠣᠯᠤᠨ᠎ᠠ᠃ ᠴᠢᠩᠭᠢᠪᠠᠯ ᠵᠠᠷᠢᠮ ᠪᠣᠰᠤᠳ ᠬᠠᠷᠢ ᠦᠨᠳᠦᠰᠦᠳᠠᠨ ᠤ ᠭᠦᠮᠤᠨ ᠠᠮᠠ ᠶᠠᠭᠠᠭᠢᠭᠠᠤᠨ ᠳᠠᠢ᠌ᠮᠤ ᠠᠷᠪᠢᠨ ᠪᠣᠯᠵᠤ ᠭᠦᠭ᠍ᠵᠢᠵᠤ ᠴᠢᠳᠠᠭᠰᠠᠨ ᠪᠣᠢ ︖ ᠵᠢᠱᠢᠶᠠᠯᠠᠪᠠᠯ᠄ ᠮᠠᠨ ᠤ ᠦᠪᠦᠷ ᠮᠤᠩᠭ᠋ᠤᠯ ᠣᠷᠤᠨ ᠳᠤ ᠳᠦᠴᠢᠭᠡᠳ ᠣᠨ ᠡᠴᠠ ᠡᠭᠢᠯᠡᠵᠤ ᠳᠠᠮᠨᠠᠭᠤᠷ ᠶᠢᠡᠷ ᠢᠷᠡᠭ᠍ᠰᠡᠨ ᠴᠥᠭᠡᠨ ᠭᠡᠳᠦᠭᠡᠨ ᠠᠬᠠᠮᠠᠤᠨ ᠦᠨᠳᠦᠰᠦᠳᠠᠨ ᠤ ᠭᠢᠨᠢ ᠶᠠᠭᠠᠭᠢᠭᠠᠤᠨ ᠡᠨᠡ ᠮᠠᠳᠤ ᠦᠣᠠᠳᠠᠷ ᠳᠦᠷᠭᠡᠨ ᠪᠠᠷ ᠠᠷᠪᠢᠨ ᠪᠣᠯᠵᠤ ᠦᠷᠡᠵᠢᠭ᠍ᠰᠡᠨ ᠪᠣᠢ ︖ ᠡᠭᠦᠨ ᠤ ᠭᠤᠤᠯ ᠰᠢᠯᠳᠠᠭᠠᠨ ᠨᠢ ᠬᠠᠮᠢᠭ᠎ᠠ ᠪᠠᠢ᠌ᠬᠤ ᠪᠣᠢ ︖ ᠭᠡᠪᠠᠯ ᠳᠠᠷᠤᠢ ᠳᠠᠳᠠ ᠨᠡᠷ ᠤᠨ ᠠᠮᠢᠳᠤᠷᠠᠯ ᠤᠨ ᠰᠤᠷᠳᠠᠯ ᠲᠡᠶ ᠰᠢᠭᠤᠳ ᠬᠤᠯᠪᠣᠭᠠᠳᠠᠢ ᠶᠤᠮ᠃ ᠳᠠᠳᠠ ᠬᠠᠪᠣᠷ᠂ ᠵᠤᠨ᠂ ᠨᠠᠮᠤᠷ ᠤᠨ ᠬᠠᠯᠠᠭᠤᠨ ᠳᠤᠯᠠᠭᠠᠨ ᠴᠠᠭ ᠲᠤ ᠠᠵᠢᠯ ᠭᠦᠳᠡᠯᠮᠦᠷᠢ ᠪᠠᠨ ᠭᠢᠵᠤ ᠠᠮᠤ ᠳᠠᠷᠢᠶ᠎ᠠ ᠪᠠᠨ ᠬᠤᠷᠢᠶᠠᠭᠠᠤᠨ ᠬᠠᠭᠢᠷ ᠡᠪᠦᠯ ᠤᠨ ᠣᠯᠠᠷᠢᠯ ᠳᠤ ᠳᠤᠯᠠᠭᠠᠨ ᠪᠠᠯᠡᠭᠡᠨ ᠭᠡᠷ ᠦᠷᠦᠭᠡᠨ ᠳᠡᠭᠡᠨ ᠠᠮᠢᠳᠤᠷᠠᠨ᠂ ᠭᠠᠯ ᠬᠠᠯᠠᠭᠤᠨ ᠬᠠᠠᠵᠤᠨ ᠳᠡᠭᠡᠷ᠎ᠡ ᠪᠠᠨ ᠭᠡᠪᠳᠡᠵᠤ ᠣᠠᠳᠠᠭᠰᠠᠨ ᠳᠤ ᠪᠠᠢ᠌ᠭ᠎ᠠ ᠶᠤᠮ᠃ ᠡᠭᠦᠨ ᠳᠤ ᠪᠢᠳᠠ ᠪᠦᠭᠦᠨ ᠬᠤᠪᠢ ᠪᠠᠶ᠎ᠠ ᠶᠢᠨ ᠡᠷᠡᠭᠦᠯ ᠬᠠᠮᠠᠭᠠᠯᠠᠯ ᠶᠢᠡᠨ ᠴᠢᠩᠭ᠋ᠠᠳᠬᠠᠬᠤ ᠶᠢᠨ ᠳᠠᠭᠠᠤ ᠳᠤᠯᠠᠭᠠᠨ ᠦᠷᠦᠭᠡ ᠬᠠᠯᠠᠭᠤᠨ ᠬᠠᠠᠵᠤ ᠶᠢ ᠡᠷᠭᠢᠮᠯᠡᠵᠤ ᠶᠠᠪᠣᠬᠤ ᠶᠢ ᠦᠷᠭᠡᠨ ᠣᠯᠠᠨ ᠮᠤᠩᠭ᠋ᠤᠯᠴᠤᠳ ᠲᠠᠭᠠᠨ ᠰᠠᠨᠠᠭᠤᠯᠤᠭᠠᠤᠨ ᠮᠠᠨ ᠤ ᠮᠤᠩᠭ᠋ᠤᠯ ᠦᠨᠳᠦᠰᠦᠳᠠᠨ ᠶᠠᠭᠠᠭᠢᠵᠤ ᠲᠦᠯᠦᠪᠯᠡᠯᠭᠡ ᠲᠡᠶ ᠪᠠᠷ ᠬᠡᠦᠬᠡᠳ ᠠᠪᠴᠤ ᠢᠷᠡᠭ᠍ᠰᠡᠨ ᠳᠤᠬᠠᠢ ᠪᠠᠨ ᠶᠠᠷᠢᠰᠤᠭᠠᠢ ︕

(ᠨᠢᠭᠡ) ᠮᠤᠩᠭ᠋ᠤᠯ ᠭᠦᠮᠤᠨ ᠥᠩᠭᠡᠷᠡᠭ᠍ᠰᠡᠨ ᠨᠡᠢ᠌ᠭᠡᠮ ᠳᠤ (ᠳᠡᠦᠭᠡᠨ ᠡᠴᠠ ᠠᠪᠣᠭᠠᠤᠨ 1949 ᠣᠨ ᠤ 10 ᠰᠠᠷ᠎ᠠ ᠶᠢᠨ 1 ᠊ᠤ ᠡᠳᠦᠷ ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠪᠠᠢ᠌ᠭᠤᠯᠤᠭᠳᠠᠭᠰᠠᠨ ᠡᠴᠠ ᠡᠮᠦᠨᠡᠭᠢ ᠪᠣᠯᠳᠠᠯ᠎ᠠ) ᠭᠦᠤ ᠳᠡᠭᠡᠨ ᠪᠠᠷᠢ ᠭᠤᠶᠤᠬᠤ (ᠠᠰᠠᠭᠤᠯᠭᠠᠬᠤ) ᠳ᠋ᠠᠭᠠᠨ ᠣᠴᠢᠬᠤ ᠠᠢ᠌ᠯ ᠤᠨ ᠶᠢᠡᠨ 《ᠭᠡᠷ ᠤᠨ ᠵᠢᠭᠡ》 ᠲᠡᠶ ᠡᠰᠡᠭᠦ ᠶᠢ ᠣᠠᠴᠠ ᠠᠩᠬᠠᠷᠳᠠᠭ ᠶᠤᠮ᠃ 《ᠭᠡᠷ ᠤᠨ ᠵᠢᠭᠡ》 ᠲᠡᠶ ᠠᠢ᠌ᠯ ᠡᠷᠦᠭᠡ ᠡᠴᠠ ᠭᠡᠦᠭᠡᠨ ᠢ ᠨᠢ ᠭᠤᠶᠤᠳᠠᠭ ᠪᠠᠢ᠌ᠨ᠎ᠠ᠃ 《ᠭᠡᠷ ᠤᠨ ᠵᠢᠭᠡ》 ᠦᠭᠡᠶ ᠠᠢ᠌ᠯ ᠡᠷᠦᠭᠡ ᠶᠢᠨ ᠭᠡᠦᠭᠡᠨ ᠨᠢ ᠭᠡᠳᠦᠢ ᠰᠠᠢ᠌ᠨ ᠰᠠᠢ᠌ᠬᠠᠨ ᠪᠠᠢ᠌ᠯ᠎ᠠ ᠴᠤ ᠭᠦᠤ ᠳᠡᠭᠡᠨ ᠪᠠᠷᠢ ᠪᠣᠯᠭᠠᠨ ᠪᠠᠭᠤᠯᠭᠠᠬᠤ ᠳᠤᠷ᠎ᠠ ᠦᠭᠡᠶ ᠪᠠᠢ᠌ᠳᠠᠭ ᠶᠤᠮ᠃ ᠣᠴᠢᠷ ᠨᠢ 《ᠭᠡᠷ ᠤᠨ ᠵᠢᠭᠡ》 ᠦᠭᠡᠶ ᠠᠢ᠌ᠯ ᠡᠷᠦᠭᠡ ᠶᠢᠨ ᠭᠡᠦᠭᠡᠨ ᠢ 《ᠳᠦᠷᠦᠭᠦ ᠴᠢᠳᠠᠪᠣᠷᠢ》 ᠦᠭᠡᠶ ᠭᠡᠵᠤ ᠥᠵᠡᠳᠡᠭ᠌᠃ ᠡᠢ᠌ᠮᠤ ᠡᠴᠠ ᠥᠩᠭᠡᠷᠡᠭ᠍ᠰᠡᠨ ᠨᠡᠢ᠌ᠭᠡᠮ ᠤᠨ ᠮᠤᠩᠭ᠋ᠤᠯᠴᠤᠳ 《ᠭᠡᠷ ᠤᠨ ᠵᠢᠭᠡ》 ᠠᠪᠳᠠᠭ ᠶᠤᠰᠤᠳᠠᠢ ᠪᠠᠢ᠌ᠳᠠᠭ᠃ ᠭᠡᠦᠭᠡᠨ ᠶᠢᠡᠨ ᠬᠠᠷᠢ ᠳᠤ ᠮᠤᠷᠳᠠᠭᠤᠯᠬᠤ ᠳᠠᠭᠠᠨ 《ᠭᠡᠷ ᠤᠨ ᠵᠢᠭᠡ》 ᠪᠠᠨ ᠳᠠᠭᠠᠭᠤᠯᠵᠤ ᠥᠭ᠍ᠳᠡᠭ᠌ ᠦᠭᠡᠶ᠃ ᠭᠡᠷ ᠲᠤ ᠪᠠᠨ ᠥᠯᠡᠳᠡᠭᠡᠨ ᠠᠪᠴᠤ ᠥᠰᠭᠡᠵᠤ ᠭᠦᠮᠦᠵᠢᠭᠦᠯᠦᠭᠡᠳ ᠠᠢ᠌ᠯ ᠡᠷᠦᠭᠡ ᠪᠣᠯᠭᠠᠳᠠᠭ ᠪᠠᠢ᠌ᠨ᠎ᠠ᠃ ᠭᠡᠪᠠᠴᠤ ᠭᠠᠯ ᠭᠤᠯᠤᠮᠳᠠ ᠪᠠᠨ ᠵᠠᠯᠭᠠᠮᠵᠢᠯᠠᠭᠤᠯᠬᠤ ᠦᠭᠡᠶ ᠪᠠᠢ᠌ᠳᠠᠭ᠃ ᠮᠤᠩᠭ᠋ᠤᠯ ᠥᠭᠡᠨ ᠳᠤ᠄ 《ᠵᠢᠭᠡ ᠪᠠᠷ ᠪᠢᠳᠡᠭᠡᠢ ᠦᠷ᠎ᠡ ᠪᠠᠨ ᠭᠢᠭᠡᠷᠡᠢ᠂ ᠵᠡᠭᠡᠷ᠎ᠡ ᠪᠠᠷ ᠪᠢᠳᠡᠭᠡᠢ ᠮᠠᠯ ᠶᠢᠡᠨ ᠭᠢᠭᠡᠷᠡᠢ》 ᠭᠡᠳᠡᠭ᠌ ᠪᠢᠰᠢᠤ᠃ ᠪᠠᠰᠠ 《ᠵᠢᠭᠡ ᠶᠢ ᠰᠠᠨᠠᠬᠤ ᠪᠠᠷ ᠵᠢᠮᠢᠰ ᠤᠨ ᠮᠤᠳᠤ ᠶᠢ ᠰᠠᠨᠠᠭᠠᠷᠠᠢ᠂ ᠵᠢᠭᠡ ᠭᠦᠮᠤᠨ ᠤ ᠵᠢᠷᠦᠭᠡᠨ ᠪᠣᠷᠤᠭᠤ》 ᠭᠡᠳᠡᠭ᠌ ᠶᠤᠮ᠃

(ᠬᠤᠶᠠᠷ) ᠮᠠᠨ ᠤ ᠮᠤᠩᠭ᠋ᠤᠯ ᠡᠪᠦᠭᠡ ᠳᠡᠭᠡᠳᠦᠰ ᠡᠴᠠ ᠠᠪᠣᠭᠠᠤᠨ ᠦᠷ᠎ᠡ ᠬᠡᠦᠬᠡᠳ ᠠᠪᠴᠤ ᠦᠨᠳᠦᠰᠦ ᠨᠠᠮᠠᠭ᠎ᠠ ᠪᠠᠨ ᠳᠡᠯᠭᠡᠷᠡᠭᠦᠯᠭᠦ ᠶᠢ ᠶᠡᠭᠡ ᠴᠢᠬᠤᠯᠴᠢᠯᠠᠭᠰᠠᠭᠠᠷ ᠢᠷᠡᠭ᠍ᠰᠡᠨ ᠶᠤᠮ᠃ ᠭᠡᠷᠪᠡ ᠪᠠᠷᠢᠶᠠᠤᠨ ᠬᠡᠦᠬᠡᠳ ᠨᠢ 《ᠦᠷ᠎ᠡ ᠬᠡᠦᠬᠡᠳ》 ᠵᠠᠶᠠᠭᠠᠬᠤ ᠦᠭᠡᠶ ᠪᠣᠯ᠂ ᠭᠠᠯ ᠪᠣᠷᠬᠠᠨ ᠳᠠᠭᠠᠨ ᠵᠠᠯᠪᠢᠷᠠᠨ᠂ ᠭᠠᠵᠠᠷ ᠳᠡᠭ᠍ᠷᠢ ᠳᠤ ᠳᠠᠭᠠᠳᠬᠠᠬᠤ ᠪᠣᠶᠤ ᠰᠦᠮ᠎ᠡ ᠭᠡᠢ᠌ᠤᠨ ᠲᠤ ᠮᠦᠷᠭᠦᠨ 《ᠦᠷ᠎ᠡ ᠶᠢᠨ ᠬᠤᠳᠤᠭ》 ᠭᠤᠶᠤᠳᠠᠭ ᠪᠠᠢ᠌ᠨ᠎ᠠ᠃

(ᠭᠤᠷᠪᠠ) ᠥᠩᠭᠡᠷᠡᠭ᠍ᠰᠡᠨ ᠨᠡᠢ᠌ᠭᠡᠮ ᠳᠤ ᠰᠤᠶᠤᠯ ᠰᠢᠡᠵᠢᠯᠡᠭᠦ ᠣᠬᠠᠭᠠᠨ ᠭᠦᠭ᠍ᠵᠢᠭᠡᠳᠦᠢ ᠴᠠᠭ ᠦᠶ᠎ᠡ ᠳᠤ ᠦᠷ᠎ᠡ ᠬᠡᠦᠬᠡᠳ ᠣᠯᠠᠨ ᠲᠡᠶ ᠠᠢ᠌ᠯ ᠡᠷᠦᠭᠡ ᠨᠢ ᠬᠡᠦᠬᠡᠳ ᠳᠦᠷᠦᠭᠦ ᠪᠠᠨ ᠵᠤᠭᠰᠤᠭᠠᠬᠤ ᠳᠠᠯ᠎ᠠ ᠳᠡᠭᠡᠷ᠎ᠡ ᠶᠡᠭᠡᠭᠡᠨ ᠣᠶᠤᠨ ᠰᠠᠨᠠᠭ᠎ᠠ ᠪᠠᠨ ᠰᠢᠪᠠᠬᠠᠵᠤ᠂ ᠡᠯᠳᠡᠪ ᠶᠠᠩᠵᠤ ᠶᠢᠨ ᠠᠷᠭ᠎ᠠ ᠠᠪᠴᠠᠯ ᠠᠪᠴᠤ ᠪᠠᠢ᠌ᠪᠠ᠃ ᠳᠠᠳᠠ ᠪᠠᠶ᠎ᠠ ᠪᠠᠶᠠᠷᠳᠠᠢ ᠪᠣᠯᠪᠠᠯ ᠭᠠᠴᠢᠭᠳᠠᠬᠤ ᠳᠠᠭᠠᠨ ᠭᠦᠡᠳᠤ ᠶᠠᠭᠤᠮ᠎ᠠ ᠡᠷᠭᠦᠭᠦ᠂ ᠭᠦᠢᠳᠡᠨ ᠨᠣᠢ᠌ᠳᠠᠨ ᠳᠤ ᠳᠠᠭᠠᠷᠠᠵᠤ ᠵᠢᠩᠨᠠᠵᠤ ᠶᠠᠪᠣᠬᠤ᠂ ᠡᠮᠨᠢᠭ᠌ ᠮᠤᠷᠢ ᠣᠨᠤᠬᠤ ᠵᠡᠷᠭᠡ ᠪᠠᠷ ᠬᠡᠦᠬᠡᠳ ᠶᠢᠡᠨ ᠣᠨᠠᠭᠠᠵᠤ ᠪᠠᠢ᠌ᠳᠠᠭ᠃ ᠢᠩᠭᠢᠭᠦ ᠨᠢ ᠠᠮᠢ ᠨᠠᠰᠤᠨ ᠳ᠋ᠤᠨᠢ ᠠᠶᠤᠯᠳᠠᠢ ᠪᠠᠢ᠌ᠳᠠᠭ᠃ ᠨᠥᠭᠦᠭᠡ ᠳᠠᠯ᠎ᠠ ᠪᠠᠷ ᠬᠡᠦᠬᠡᠳ ᠣᠯᠠᠨ ᠠᠢ᠌ᠯ ᠨᠢ᠄ ᠳᠡᠭᠦᠰᠭᠡᠷᠡᠯ᠂ ᠳᠡᠭᠦᠰᠪᠠᠶᠡᠷ᠂ ᠵᠢᠷᠭᠠᠯ᠂ ᠪᠦᠷᠢᠡᠳᠡᠭᠦᠰ᠂ ᠪᠦᠷᠢᠠᠵᠢᠷᠭᠠᠯ᠂ ᠤᠳᠬᠤᠠᠵᠢᠷᠭᠠᠯ᠂ ᠳᠡᠭᠦᠰᠵᠢᠷᠭᠠᠯ᠂ ᠡᠦᠳᠭᠤᠡᠴᠡᠴᠡᠭ᠌᠂ ᠡᠦᠳᠭᠤᠡᠰᠡᠭᠦᠯ᠂ ᠡᠦᠳᠭᠤᠡᠴᠢᠮᠡᠭ᠌᠂ ᠤᠳᠬᠤᠠᠪᠠᠶᠠᠷ᠂ ᠵᠤᠭᠰᠤᠭᠠᠯ᠂ ᠵᠤᠭᠰᠤᠯᠳᠤ᠂ ᠪᠦᠷᠢᠡᠪᠠᠶᠡᠷ᠁ ᠭᠡᠭᠦ ᠮᠠᠳᠤ ᠪᠠᠷ ᠨᠠᠷ᠎ᠠ ᠥᠭ᠍ᠴᠤ᠂ ᠭᠦᠤ ᠦᠭᠡᠶ ᠭᠡᠦᠭᠡᠨ ᠠᠷᠪᠢᠨ ᠠᠢ᠌ᠯ ᠨᠢ᠄ ᠭᠦᠦᠳᠡᠭᠤᠯ᠎᠂ ᠳᠡᠭᠦᠦᠳᠡᠭᠤᠯ᠎᠂ ᠭᠦᠦᠪᠦᠯᠠᠭ᠂ ᠭᠡᠦᠭᠡᠡᠰᠡᠭᠦᠯ᠂ ᠭᠡᠦᠭᠡᠡᠪᠠᠢ᠂ ᠳᠡᠷᠡᠭᠠᠭᠦ᠋ᠤ᠂ ᠵᠡᠯᠭᠠᠭᠦ᠋ᠤ᠂ ᠳᠡᠭᠦᠦᠳᠡᠢ᠌ᠮ᠎ᠡ᠂ ᠨᠤᠭᠤᠨᠳᠠᠭᠤᠯ᠎᠂ ᠨᠤᠭᠤᠨᠵᠠᠶᠠᠭ᠎ᠠ᠂ ᠭᠦᠦᠵᠠᠶᠠᠭ᠎ᠠ ᠭᠦᠥ᠊ᠢ᠋ᠷ᠎ᠡ᠂ ᠢᠷᠡᠭᠦ᠋ᠤ᠂ ᠤᠳᠦᠭᠦ᠋ᠤ᠁ ᠭᠡᠭᠦ ᠮᠠᠳᠤ ᠪᠠᠷ 《ᠲᠦᠯᠦᠪᠯᠡᠯᠭᠡᠳᠤ ᠦᠷᠠᠵᠢᠯ》 ᠊ᠤᠨ ᠨᠠᠷ᠎ᠠ ᠥᠭ᠍ᠳᠡᠭ᠌ ᠪᠠᠢ᠌ᠨ᠎ᠠ᠃

(ᠳᠦᠷᠪᠠ) ᠄ ᠣᠯᠤᠰ ᠪᠠᠢ᠌ᠭᠤᠯᠤᠭᠳᠠᠭᠰᠠᠨ ᠡᠴᠠ ᠨᠠᠰᠢ ᠰᠤᠶᠤᠯ ᠰᠢᠡᠵᠢᠯᠡᠭᠦ ᠣᠬᠠᠭᠠᠨ᠂ ᠡᠮ ᠡᠮᠨᠡᠯᠭᠡ ᠶᠡᠭᠡ ᠪᠠᠷ ᠭᠦᠭ᠍ᠵᠢᠵᠤ ᠪᠠᠢ᠌ᠬᠤ ᠠᠰᠠᠷᠤ ᠰᠠᠢ᠌ᠬᠠᠨ ᠴᠠᠭ ᠦᠶ᠎ᠡ ᠳᠤ ᠮᠠᠨ ᠤ ᠮᠤᠩᠭ᠋ᠤᠯᠴᠤᠳ ᠨᠡᠢ᠌ᠭᠡᠮ ᠤᠨ ᠭᠦᠭ᠍ᠵᠢᠯᠳᠡ ᠶᠢᠨ ᠱᠠᠭᠠᠷᠳᠠᠯᠭ᠎ᠠ ᠪᠠ ᠴᠠᠭ ᠦᠶ᠎ᠡ ᠶᠢᠨ ᠭᠡᠪ ᠪᠣᠯᠪᠠᠰᠤᠨ ᠢ ᠵᠤᠷᠢᠭᠳᠠᠢ ᠪᠠᠷ ᠭᠦᠯᠢᠶᠡᠨ ᠠᠪᠴᠤ᠂ ᠰᠢᠡᠵᠢᠯᠡᠭᠦ ᠣᠬᠠᠭᠠᠨ ᠢ ᠰᠤᠷᠴᠤ ᠡᠵᠡᠮᠰᠢᠨ᠂ ᠰᠢᠡᠵᠢᠯᠡᠭᠦ ᠣᠬᠠᠭᠠᠠᠴᠢ ᠪᠠᠷ ᠠᠵᠤ ᠳᠦᠷᠤᠵᠤ ᠴᠢᠳᠠᠬᠤ ᠪᠣᠯᠤᠭᠰᠠᠨ ᠦᠨᠦᠳᠤᠷ ᠲᠦᠯᠦᠪᠯᠡᠯᠭᠡ ᠲᠡᠶ ᠪᠠᠷ ᠴᠥᠭᠡᠨ᠂ ᠰᠢᠯᠢᠳᠡᠭ᠌ ᠬᠡᠦᠬᠡᠳ ᠠᠪᠴᠤ ᠪᠠᠢ᠌ᠨ᠎ᠠ᠃

9. ᠰᠠᠢ᠌ᠨ ᠮᠠᠭᠤ ᠢᠷᠸ᠎ᠠ ᠶᠢ ᠳᠭᠠᠮᠠᠭᠯᠠᠬᠤ ᠶᠤᠰᠤ

ᠮᠤᠩᠭ᠋ᠤᠯ ᠭᠦᠮᠤᠨ ᠨᠠᠷᠠ᠂ ᠰᠠᠷᠠ᠂ ᠣᠳᠤᠨ᠂ ᠪᠠᠢ᠌ᠭᠠᠯᠢ ᠶ‍ᠢᠷᠳᠢᠠᠴᠤ ᠶᠢᠨ ᠡᠯᠳᠡᠪ ᠵᠣᠢ᠌ᠯ ᠤᠨ ᠬᠠᠴᠢᠨ ᠰᠤᠨᠢᠨ ᠥᠵᠡᠭ᠍ᠳᠡᠯ ᠨᠤᠭᠦᠳ ᠢ ᠠᠵᠢᠭᠯᠠᠨ ᠰᠢᠡᠵᠢᠯᠡᠳᠡᠭ᠌ ᠡᠴᠠ ᠭᠠᠳᠠᠨ᠎ᠠ᠂ ᠳᠠᠳᠠ ᠠᠮᠢᠳᠠᠨ ᠠᠷᠢᠶᠠᠳᠠᠨ ᠤ ᠠᠭᠠᠰᠢ ᠵᠠᠩ ᠭᠢᠭᠡᠳ ᠬᠡᠦᠬᠡᠳ ᠰᠢᠪᠠᠭᠤᠳ ᠤᠨ ᠶᠢᠡᠨ ᠭᠦᠳᠡᠯᠦᠯ ᠪᠠᠷᠢᠯ ᠢ ᠨᠠᠷᠢᠨ ᠠᠵᠢᠭᠯᠠᠬᠤ᠂ ᠦᠪᠡᠷ ᠪᠣᠰᠤᠳ ᠤᠨ ᠪᠠᠶ᠎ᠠ ᠮᠠᠬᠠᠪᠣᠤᠨ ᠲᠤ ᠢᠯᠡᠷᠡᠭ᠍ᠰᠡᠨ (ᠭᠦᠮᠦᠰᠦᠭᠡ ᠨᠢᠳᠤ᠂ ᠨᠢᠭᠤᠷ ᠴᠢᠷᠠᠢ ᠳᠠᠳᠠᠬᠤ᠂ ᠴᠢᠭᠢ ᠬᠠᠩᠭᠢᠨᠠᠬᠤ᠂ ᠨᠢᠳᠠᠭᠠᠬᠤ᠂ ᠭᠦᠯ ᠭᠠᠷ ᠵᠠᠳᠤᠭᠠᠨᠠᠬᠤ) ᠵᠣᠢ᠌ᠯ ᠵᠡᠷᠭᠡ ᠪᠠᠷ ᠶᠠᠮᠠᠷ ᠨᠢᠭᠡᠨ ᠪᠠᠶᠠᠷ ᠭᠤᠮᠤᠳᠠᠯ ᠤᠨ ᠰᠠᠢ᠌ᠨ ᠮᠠᠭᠤ ᠢᠷᠸ᠎ᠠ᠂ ᠰᠤᠪᠢᠴᠠᠭ᠎ᠠ ᠰᠤᠪᠢᠩ ᠢᠷᠡᠭᠦ ᠶᠢ ᠳᠠᠭᠠᠮᠠᠭᠯᠠᠵᠤ ᠪᠠᠢ᠌ᠳᠠᠭ᠃

(1) ᠨᠠᠷᠠ ᠰᠠᠷᠠ ᠭᠦᠷᠢᠶᠡᠯᠡᠭᠦ᠂ ᠣᠳᠤᠳ ᠭᠢᠯᠠᠯᠵᠠᠬᠤ᠂ ᠡᠭᠦᠯᠡ ᠨᠠᠷᠠ ᠶᠢ ᠳᠤᠰᠬᠤ ᠵᠡᠷᠭᠡ ᠶᠢ ᠳᠡᠭ᠍ᠷᠢ ᠭᠦᠢᠳᠡᠷᠡᠭᠦ᠂ ᠪᠣᠷᠤᠭᠠᠨ ᠴᠠᠰᠤ ᠣᠷᠤᠵᠤ ᠵᠤᠳ ᠱᠢᠭᠤᠷᠭᠠᠨ ᠪᠣᠯᠬᠤ ᠭᠡᠳᠡᠭ᠌᠃

(2) ᠣᠰᠤᠨ ᠰᠠᠭᠤᠯᠠᠭ᠎ᠠ ᠡᠴᠠ ᠭᠦᠯᠦᠰᠤ ᠭᠠᠷᠴᠤ᠂ ᠠᠭᠤᠯᠠ ᠡᠭᠦᠯᠡᠨ ᠮᠠᠯᠠᠭᠠᠢ ᠵᠡᠭᠦᠪᠠᠯ ᠣᠳᠠᠯ ᠦᠭᠡᠶ ᠪᠣᠷᠤᠭᠠᠨ ᠣᠷᠤᠨ᠎ᠠ ᠭᠡᠳᠡᠭ᠌᠂ ᠨᠤᠬᠠᠢ ᠦᠨᠳᠦᠷ ᠭᠠᠵᠠᠷ ᠭᠡᠪᠳᠡᠭᠦ ᠪᠠ ᠭᠡᠷ ᠭᠡᠷᠡᠮ ᠤᠨ ᠣᠷᠤᠢ ᠳᠡᠭᠡᠷ᠎ᠡ ᠭᠠᠷᠬᠤ᠂ ᠱᠤᠬ᠎ᠠ ᠮᠤᠳᠤ ᠴᠡᠴᠡᠭᠯᠡᠭᠦ᠂ ᠱᠢᠷᠭᠤᠯᠵᠢ ᠨᠡᠭᠦᠳᠡᠯᠯᠡᠵᠤ᠂ ᠮᠡᠯᠡᠭᠡᠢ ᠭᠤᠸᠠᠭᠯᠠᠪᠠᠯ ᠳᠤᠮᠳᠠ ᠵᠡᠷᠭᠡ ᠶᠢᠨ ᠪᠣᠷᠤᠭᠠᠨ ᠣᠷᠤᠬᠤ᠂ ᠬᠠᠷᠢᠶᠠᠴᠠᠢ ᠦᠨᠳᠦᠷ ᠲᠤ ᠨᠢᠰᠭᠦ᠂ ᠮᠤᠭᠠᠢ ᠵᠠᠮ ᠭᠡᠳᠦᠯᠪᠠᠯ ᠶᠡᠭᠡ ᠪᠣᠷᠤᠭᠠᠨ ᠣᠷᠤᠨ᠎ᠠ ᠭᠡᠳᠡᠭ᠌ ᠪᠠᠢ᠌ᠨ᠎ᠠ᠃

(3) ᠰᠤᠯᠤᠩᠭ᠎ᠠ ᠭᠠᠷᠪᠠᠯ ᠪᠣᠷᠤᠭᠠᠨ ᠵᠤᠭᠰᠤᠨ᠎ᠠ ᠭᠡᠳᠡᠭ᠌᠃ ᠭᠡᠷᠪᠡ ᠡᠭᠦᠯᠡ ᠰᠤᠯᠤᠩᠭ᠎ᠠ ᠪᠠᠨ ᠢᠳᠠᠪᠠᠯ ᠦᠷᠭᠦᠯᠵᠢᠯᠡᠨ ᠪᠣᠷᠤᠭᠠᠯᠠᠨ᠎ᠠ ᠭᠡᠳᠡᠭ᠌᠃ ᠡᠯᠵᠢᠭᠡ ᠠᠭᠠᠭᠯᠠᠵᠤ᠂ ᠳᠠᠭᠢᠶ᠎ᠠ ᠳᠤᠤᠭᠠᠷᠪᠠᠯ ᠪᠣᠷᠤᠭᠠᠨ ᠵᠤᠭᠰᠤᠨ᠎ᠠ ᠭᠡᠳᠡᠭ᠌᠃

(4) ᠦᠳᠡᠰᠢ ᠣᠷᠤᠢ ᠬᠡᠦᠬᠡᠳ ᠭᠠᠳᠠᠨ᠎ᠠ ᠳᠤᠭᠯᠠᠵᠤ ᠨᠠᠭᠠᠳᠤᠬᠤ ᠳᠤᠷ᠎ᠠ ᠲᠡᠶ ᠪᠣᠯᠪᠠᠯ ᠵᠤᠳ ᠰᠢᠭᠤᠷᠭᠠᠨ ᠠᠷᠢᠯᠵᠤ ᠡᠳᠦᠷ ᠳᠤᠯᠠᠭᠠᠷᠠᠨ᠎ᠠ ᠭᠡᠳᠡᠭ᠌᠃

(5) ᠨᠤᠬᠠᠢ ᠦᠳᠡᠰᠢ ᠣᠷᠤᠢ ᠣᠭᠢᠯᠠᠵᠤ ᠬᠤᠴᠠᠪᠠᠯ ᠮᠠᠭᠤ ᠢᠷᠸ᠎ᠠ ᠪᠣᠯᠤᠨ᠎ᠠ ᠭᠡᠳᠡᠭ᠌᠃

(6) ᠱᠠᠭᠠᠵᠠᠭᠠᠢ ᠱᠠᠭᠰᠢᠬᠤ᠂ ᠭᠡᠷ ᠲᠤ ᠠᠭᠠᠯᠵᠢ ᠪᠠᠭᠤᠬᠤ᠂ ᠮᠤᠤᠷ ᠨᠢᠭᠤᠷ ᠪᠠᠨ ᠣᠭᠢᠶᠠᠬᠤ᠂ ᠴᠠᠢ ᠶᠢᠨ ᠰᠢᠭᠠᠷᠠᠭ ᠪᠣᠰᠬᠤ᠂ ᠠᠶᠠᠭ᠎ᠠ ᠰᠠᠪᠬ᠎ᠠ ᠪᠠᠨ ᠠᠯᠳᠠᠬᠤ ᠵᠡᠷᠭᠡ ᠪᠠᠢ᠌ᠳᠠᠯ ᠭᠠᠷᠪᠠᠯ ᠵᠤᠴᠢᠨ ᠢᠷᠡᠭᠦ ᠪᠠ ᠬᠤᠯᠠ ᠶᠢᠨ ᠰᠠᠳᠤᠨ ᠢᠷᠠᠨ᠎ᠡ ᠭᠡᠳᠡᠭ᠌᠃

(6) ᠡᠩ ᠤᠨ ᠪᠠᠢ᠌ᠳᠠᠯ ᠳᠤᠤᠷ᠎ᠠ ᠨᠢᠳᠠᠭᠠᠪᠠᠯ ᠬᠤᠯᠠ ᠶᠢᠨ ᠰᠠᠳᠤᠨ ᠳᠤᠷᠠᠰᠴᠤ ᠪᠠᠢ᠌ᠨ᠎ᠠ ᠭᠡᠳᠡᠭ᠌᠃

(7) ᠴᠢᠭᠢ ᠬᠠᠩᠭᠢᠨᠠᠪᠠᠯ ᠪᠣᠰᠤᠳ ᠪᠠᠷ ᠳᠠᠭᠠᠭᠠᠯᠭᠠᠵᠤ᠂ ᠠᠯᠢ ᠴᠢᠭᠢ ᠬᠠᠩᠭᠢᠨᠠᠭᠰᠠᠨ ᠢ ᠳᠠᠭᠠᠭᠠᠵᠤ ᠳᠠᠢ᠌ᠯᠪᠠᠯ ᠰᠠᠳᠤᠨ ᠳᠦᠷᠤᠯ ᠳᠤᠷᠠᠰᠴᠤ ᠪᠠᠢ᠌ᠨ᠎ᠠ ᠭᠡᠵᠤ᠂ ᠳᠠᠭᠠᠭᠠᠵᠤ ᠳᠡᠢ᠌ᠯᠭᠦ ᠦᠭᠡᠶ ᠪᠣᠯ ᠶᠠᠮᠠᠷ ᠨᠢᠭᠡᠨ ᠭᠦᠮᠤᠨ ᠬᠠᠷᠢᠶᠠᠵᠤ ᠪᠠᠢ᠌ᠨ᠎ᠠ ᠭᠡᠳᠡᠭ᠌᠃

(8) ᠦᠷᠯᠦᠭᠡ ᠡᠷᠳᠡ ᠡᠮᠡᠭ᠍ᠳᠡᠢ ᠭᠦᠮᠤᠨ ᠢᠷᠠᠪᠠᠯ ᠳᠤᠰ ᠡᠳᠦᠷ ᠵᠤᠴᠢᠨ ᠠᠷᠪᠢᠨ ᠢᠷᠠᠨ᠎ᠠ ᠭᠡᠳᠡᠭ᠌᠃

(9) ᠡᠷᠡᠭ᠍ᠳᠡᠢ ᠭᠦᠮᠤᠨ ᠤ ᠪᠠᠷᠠᠭᠤᠨ ᠭᠦᠮᠦᠰᠦᠭᠡ ᠨᠢᠳᠤ ᠳᠠᠳᠠᠪᠠᠯ ᠪᠠᠶᠠᠷᠯᠠᠵᠤ᠂ ᠵᠡᠭᠦᠨ ᠭᠦᠮᠦᠰᠦᠭᠡ ᠨᠢᠳᠤ ᠳᠠᠳᠠᠪᠠᠯ ᠣᠭᠢᠯᠠᠨ᠎ᠠ ᠭᠡᠳᠡᠭ᠌᠃ (ᠡᠮᠡᠭ᠍ᠳᠡᠢ ᠭᠦᠮᠤᠨ ᠡᠭᠦᠨ ᠤ ᠡᠰᠡᠷᠭᠦ) ᠪᠣᠯᠤᠨ᠎ᠠ᠃

(10) ᠡᠷᠡᠭ᠍ᠳᠡᠢ ᠭᠦᠮᠤᠨ ᠤ ᠵᠡᠭᠦᠨ ᠭᠠᠷ ᠤᠨ ᠠᠯᠠᠭ᠎ᠠ ᠵᠠᠭᠠᠳᠤᠨᠠᠪᠠᠯ ᠣᠯᠵᠠ ᠣᠯᠤᠨ᠎ᠠ ᠭᠡᠵᠤ᠂ ᠪᠠᠷᠠᠭᠤᠨ ᠭᠠᠷ ᠤᠨ ᠠᠯᠠᠭ᠎ᠠ ᠵᠠᠭᠠᠳᠤᠨᠠᠪᠠᠯ ᠭᠠᠷᠤᠵᠠ ᠭᠠᠷᠤᠨ᠎ᠠ ᠭᠡᠳᠡᠭ᠌᠃ (ᠡᠮᠡᠭ᠍ᠳᠡᠢ ᠭᠦᠮᠤᠨ ᠡᠭᠦᠨ ᠤ ᠡᠰᠡᠷᠭᠦ)᠃

(11) ᠭᠦᠯ ᠤᠨ ᠠᠯᠠᠭ᠎ᠠ ᠵᠠᠭᠠᠳᠤᠨᠠᠪᠠᠯ ᠶᠠᠪᠣᠵᠤ ᠭᠦᠶ‍ᠦᠭᠦ ᠶᠠᠪᠣᠳᠠᠯ ᠭᠠᠷᠤᠨ᠎ᠠ ᠭᠡᠳᠡᠭ᠌᠃

(12) ᠡᠮᠡᠭ᠍ᠳᠡᠢ ᠭᠦᠮᠤᠨ ᠭᠡᠵᠢᠭᠡ ᠦᠰᠦ ᠪᠠᠨ ᠪᠣᠭᠤᠬᠤ ᠳᠠᠭᠠᠨ ᠭᠦᠵᠦᠭᠦᠤ ᠰᠢᠯᠢ ᠳᠡᠭᠡᠷ᠎ᠡ ᠪᠠᠨ ᠨᠢᠭᠡ ᠪᠣᠷᠴᠠ ᠭᠡᠵᠢᠭᠡ ᠥᠯᠡᠳᠡᠭ᠍ᠰᠡᠨ ᠪᠠᠢ᠌ᠪᠠᠯ ᠪᠠᠶᠠᠷᠯᠠᠨ᠎ᠠ ᠭᠡᠳᠡᠭ᠌᠃

(13) 《ᠨᠠᠷᠠ ᠭᠠᠷᠴᠤ ᠪᠠᠢ᠌ᠨ᠎ᠠ᠂ ᠯᠤᠤ ᠡᠷᠭᠦᠵᠤ ᠪᠠᠢ᠌ᠨ᠎ᠠ᠂ ᠭᠤᠤᠯ ᠦᠶᠡᠷᠯᠠᠵᠤ ᠪᠠᠢ᠌ᠨ᠎ᠠ᠂ ᠴᠡᠴᠡᠭ᠌ ᠮᠤᠳᠤ ᠳᠡᠯᠭᠡᠷᠡᠵᠤ ᠪᠠᠢ᠌ᠨ᠎ᠠ᠂ ᠮᠤᠷᠢ ᠣᠨᠤᠵᠤ ᠪᠠᠢ᠌ᠨ᠎ᠠ᠂ ᠦᠰᠦ ᠴᠠᠢ᠌ᠵᠤ ᠪᠠᠢ᠌ᠨ᠎ᠠ᠂ ᠠᠯᠠᠭᠳᠠᠵᠤ ᠪᠠᠢ᠌ᠨ᠎ᠠ᠂ ᠴᠢᠰᠤ ᠭᠠᠷᠴᠤ ᠪᠠᠢ᠌ᠨ᠎ᠠ᠁》 ᠭᠡᠭᠦ ᠰᠠᠢ᠌ᠨ ᠰᠠᠢ᠌ᠬᠠᠨ ᠵᠡᠭᠦᠳᠤ ᠪᠠᠢ᠌ᠳᠠᠭ ᠡᠴᠠ ᠭᠠᠳᠠᠨ᠎ᠠ᠄ 《ᠭᠠᠯ ᠭᠠᠷᠴᠤ ᠪᠠᠢ᠌ᠨ᠎ᠠ᠂ ᠨᠤᠬᠠᠢ ᠳᠤ ᠬᠠᠵᠠᠭᠳᠠᠵᠤ ᠪᠠᠢ᠌ᠨ᠎ᠠ᠂ ᠰᠢᠳᠤ ᠣᠨᠠᠵᠤ ᠪᠠᠢ᠌ᠨ᠎ᠠ᠂ ᠭᠡᠷ ᠨᠤᠷᠠᠵᠤ ᠪᠠᠢ᠌ᠨ᠎ᠠ᠂ ᠪᠠᠭᠠᠵᠤ ᠰᠢᠭᠡᠵᠤ ᠪᠠᠢ᠌ᠨ᠎ᠠ᠂ ᠪᠦᠭᠡ ᠪᠠᠷᠢᠯᠳᠤᠭᠠᠤᠨ ᠬᠠᠶᠠᠭᠳᠠᠵᠤ ᠪᠠᠢ᠌ᠨ᠎ᠠ᠂ ᠡᠯᠵᠢᠭᠡ ᠣᠨᠤᠵᠤ ᠪᠠᠢ᠌ᠨ᠎ᠠ᠁》 ᠭᠡᠭᠦ ᠮᠠᠭᠤ ᠮᠠᠭᠤᠬᠠᠢ ᠵᠡᠭᠦᠳᠤ ᠪᠠᠢ᠌ᠳᠠᠭ᠃ ᠵᠡᠭᠦᠳᠤ ᠪᠠᠨ ᠳᠭᠠᠭᠠᠵᠤ ᠰᠠᠢ᠌ᠨ ᠮᠠᠭᠤ ᠢᠷᠸ᠎ᠠ ᠪᠣᠯᠬᠤ ᠶᠢ ᠰᠤᠪᠢᠵᠤ ᠰᠡᠷᠭᠡᠢ᠌ᠯᠡᠵᠤ ᠰᠠᠭᠤᠳᠠᠭ ᠪᠠᠢ᠌ᠨ᠎ᠠ᠃

(14) ᠬᠡᠦᠬᠡᠳ ᠤᠨ ᠳᠤᠯᠤᠭᠠᠢ ᠶᠢ ᠮᠠᠭᠠᠵᠢᠭᠤᠯᠵᠤ ᠬᠤᠯᠠ ᠶᠠᠪᠣᠭᠰᠠᠨ ᠭᠦᠮᠤᠨ ᠤ ᠢᠷᠡᠭᠦ ᠴᠠᠭ ᠢ ᠳᠠᠭᠠᠭᠠᠵᠤ ᠪᠠᠢ᠌ᠳᠠᠭ᠂ ᠭᠡᠷᠪᠡ ᠮᠠᠩᠨᠠᠢ ᠳᠡᠭᠡᠷ᠎ᠡ ᠪᠠᠨ ᠪᠣᠯ ᠣᠳᠠᠬᠤ ᠦᠭᠡᠶ ᠢᠷᠠᠨ᠎ᠡ ᠭᠡᠵᠤ᠂ ᠳᠤᠬᠤᠨ ᠳᠡᠭᠡᠷ᠎ᠡ ᠪᠠᠨ ᠪᠣᠯ ᠨᠠᠯᠢᠶᠠᠤᠨ ᠭᠡᠳᠤᠨ ᠡᠳᠦᠷ ᠪᠣᠯᠤᠨ᠎ᠠ ᠭᠡᠳᠡᠭ᠌ ᠪᠠᠢ᠌ᠨ᠎ᠠ᠃

(ᠦᠷᠭᠦᠯᠵᠢᠯᠡᠯ ᠪᠣᠢ ︕)


ᠵᠤᠬᠢᠶᠠᠭᠴᠢ ᠶᠢᠨ ᠬᠠ‍‌ᠶᠢᠭ ᠄ ᠬᠦᠬᠡᠬᠤᠲᠠ (ᠣᠭ ᠨᠤᠳᠠᠭ ᠠᠷᠤ ᠬᠤᠷᠴᠢᠨ)

ᠵᠤᠬᠢᠶᠠᠭᠴᠢ᠄ ᠬᠠᠰᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 10766
ᠴᠠᠭ᠄ 2012 ᠤᠨ ᠤ 01 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ