ᠨᠡᠪᠲᠡᠷᠡᠨ ᠤᠷᠤᠬᠤ
ᠠᠳᠤᠭᠤ ᠮᠠᠨᠠᠭᠰᠠᠨ ᠰᠦᠨᠢ

ᠮᠥᠩᠭᠦᠨ ᠰᠠᠷᠠᠨ ᠤ ᠭᠡᠷᠡᠯ ᠭᠦᠭᠦᠭ᠍ᠰᠡᠨ

ᠨᠠᠮᠤᠷ ᠤᠨ ᠰᠦᠨᠢ ᠪᠠᠷ

ᠮᠦᠰᠢᠶᠠᠯ ᠤᠨ ᠰᠠᠴᠤᠷᠠᠯ ᠲᠡᠶ ᠬᠠᠢ᠌ᠷ᠎ᠠ ᠭᠦᠯᠭᠦᠭ᠍ᠰᠡᠨ

ᠬᠤᠤᠰ ᠵᠠᠯᠠᠭᠤ

ᠪᠣᠰᠤᠭ᠎ᠠ ᠥᠰᠦᠭ᠌ ᠢ ᠳᠦᠰᠢᠭᠦᠯᠦᠭᠡᠳ

ᠪᠣᠷᠤ ᠵᠢᠷᠦᠭᠡ ᠪᠠᠨ ᠴᠤ ᠢᠯᠡᠭᠡᠭ᠍ᠰᠡᠨ

ᠢᠨᠠᠭ ᠤᠨ ᠵᠠᠭᠢᠳᠠᠯ ᠰᠢᠭ ᠬᠠᠷᠠᠭᠳᠠᠬᠤ

ᠠᠳᠤᠭᠤᠨ ᠰᠥᠷᠦᠭ᠌ ᠶᠢᠡᠨ ᠪᠠᠷᠠᠳᠠᠨ

ᠣᠤᠳᠠ ᠬᠤᠯᠪᠤᠨ ᠬᠠᠳᠠᠷᠠᠭᠤᠯᠤᠨ᠎ᠠ᠃

ᠰᠡᠷᠢᠭᠦᠤ ᠳᠠᠳᠠᠭᠰᠠᠨ ᠴᠡᠭᠡᠨ ᠠᠭᠠᠷ

ᠰᠠᠷᠠᠭᠤᠯᠬᠠᠨ ᠳᠠᠯ᠎ᠠ ᠳᠡᠭᠡᠷ᠎ᠡ ᠠᠯᠢᠶᠠᠷᠬᠠᠨ ᠭᠦᠷᠪᠠᠵᠤ

ᠠᠨᠢᠷ ᠴᠢᠮᠡᠭᠡ ᠦᠭᠡᠶ᠂

ᠠᠨᠢᠷ ᠴᠢᠮᠡᠭᠡ ᠦᠭᠡᠶ ᠶᠢᠨ ᠳᠤᠳᠤᠷᠠᠭᠢ ᠠᠨᠢᠷ ᠴᠢᠮᠡᠭᠡ

ᠠᠮᠠᠷᠠᠭ ᠤᠨ ᠰᠢᠪᠠᠨᠡᠭᠡ

ᠠᠰᠠᠭᠤᠯᠳᠠ ᠶᠢᠨ ᠬᠠᠷᠢᠭᠤ ᠭᠦᠯᠢᠶᠡᠭᠦ ᠳᠠᠰᠢᠷᠠᠮ ᠰᠤᠨᠢᠷᠳᠠᠬᠤ

ᠠᠳᠤᠭᠤᠨ ᠰᠥᠷᠦᠭ᠌ ᠤᠨ ᠭᠦᠯ ᠤᠨ ᠳᠠᠭᠤ᠂

ᠰᠠᠷᠠ ᠲᠡᠶ ᠳᠡᠭ᠍ᠷᠢ ᠶᠢᠨ ᠳᠤᠤᠷᠠᠭᠢ

ᠰᠠᠢ᠌ᠬᠠᠨ ᠳᠤᠩᠭ᠋ᠠᠯᠠᠭ ᠰᠦᠨᠢ

ᠨᠢᠭᠤᠭᠰᠠᠨ ᠪᠦᠭᠦᠨ ᠵᠢᠠᠨ

ᠠᠭᠤᠳᠠᠯᠠᠨ ᠵᠤᠭᠤᠭᠳᠠᠮᠠᠷ

ᠣᠶᠠᠷᠠᠮ᠎ᠠ ᠰᠦᠨᠢ

ᠠᠮᠠᠷᠠᠭ ᠬᠤᠤᠰ ᠲᠤ ᠪᠡᠯᠡᠳᠭᠡᠭ᠍ᠰᠡᠨ

ᠷᠤᠮᠠᠠᠲ᠋ᠢᠭ ᠢᠨᠠᠭ ᠤᠨ ᠳᠢᠩᠭᠢᠮ ᠰᠢᠭ᠌

ᠵᠤᠭᠠᠴᠠᠯ ᠤᠨ ᠦᠵᠡᠮᠵᠢᠳᠤ

ᠵᠢᠶᠠᠩᠨᠠᠨ ᠣᠷᠤᠨ ᠳᠤ ᠪᠠᠢ᠌ᠭ᠎ᠠ ᠥᠭᠡᠢ

ᠠᠮᠸᠷᠢᠺᠠ᠂ ᠧᠥᠷᠦᠫᠡ ᠵᠢᠨ

ᠠᠯᠢᠨ ᠳ᠋ᠤᠨᠢ ᠴᠤ ᠪᠠᠢ᠌ᠭ᠎ᠠ ᠥᠭᠡᠢ

ᠡᠨᠡ ᠰᠦᠨᠢ

ᠵᠥᠪᠭᠡᠨ ᠮᠤᠩᠭ᠋ᠤᠯ ᠳᠤ ᠪᠠᠢ᠌ᠳᠠᠭ ᠰᠦᠨᠢ᠃

ᠠᠭᠤᠤ ᠳᠡᠭᠡᠳᠦᠰ ᠲᠡᠶ ᠨᠢ ᠬᠠᠮᠳᠤ

ᠠᠯᠳᠠᠨ ᠪᠦᠮᠪᠦᠷᠴᠡᠭ᠌ ᠢ ᠳᠤᠩᠭ᠋ᠤᠰᠤᠯᠤᠭᠰᠠᠨ

ᠠᠳᠤᠭᠤ ᠪᠠᠨ

ᠠᠳᠬᠤ ᠵᠢᠷᠦᠭᠡ ᠶᠢ ᠨᠢ ᠯᠤᠭᠰᠢᠭᠤᠯᠤᠨ ᠢᠷᠡᠳᠡᠭ᠌

ᠠᠮᠠᠷᠠᠭ ᠬᠠᠢ᠌ᠷ᠎ᠠ ᠲᠡᠶ ᠪᠠᠨ ᠬᠠᠮᠳᠤ ᠳ᠋ᠤᠨᠢ

ᠳᠦᠷᠪᠡᠨ ᠭᠦᠯ ᠲᠡᠶ ᠴᠢᠨ᠋ᠸ᠎ᠠ ᠡᠴᠡ

ᠬᠤᠶᠠᠷ ᠭᠦᠯ ᠲᠡᠶ ᠬᠤᠭᠢᠮᠢ ᠡᠴᠡ

ᠬᠠᠷᠠᠮᠨᠠᠨ ᠬᠠᠷᠠᠮᠨᠠᠨ ᠮᠠᠨᠠᠳᠠᠭ ᠶᠤᠮ

ᠬᠠᠪᠢᠳᠠᠬᠤ ᠦᠭᠡᠶ ᠪᠣᠯᠳᠠᠯ᠎ᠠ ᠨᠢ ᠰᠠᠭᠢᠳᠠᠭ ᠶᠤᠮ᠃

ᠠᠳᠤᠭᠤᠨ ᠰᠥᠷᠦᠭ᠌ ᠵᠢᠠᠨ

ᠢᠩᠭᠢᠵᠤ ᠬᠠᠮᠠᠭᠠᠯᠠᠳᠠᠭ ᠪᠣᠯᠬᠤᠷ

ᠳᠠᠯ᠎ᠠ ᠶᠢᠨ ᠮᠤᠩᠭ᠋ᠤᠯ ᠠᠢ᠌ᠯ ᠳ᠋ᠤ

ᠬᠤᠷᠳᠤᠨ ᠵᠢᠷᠤᠭ᠎ᠠ ᠳᠠᠰᠤᠷᠳᠠᠭ ᠦᠭᠡᠶ ᠶᠤᠮ

ᠠᠮᠠᠷᠠᠭ ᠳᠤᠷᠠᠯᠠᠯ ᠵᠢᠠᠨ

ᠢᠩᠭᠢᠵᠤ ᠨᠠᠠᠳᠢᠩᠨᠠᠳᠠᠭ ᠪᠣᠯᠬᠤᠷ

ᠮᠥᠩᠭᠦᠨ ᠭᠤᠤᠯ ᠲᠡᠶ ᠪᠦᠮᠪᠦᠷᠴᠡᠭ᠌ ᠳᠡᠭᠡᠷ᠎ᠡ

ᠮᠤᠩᠭ᠋ᠤᠯ ᠤᠨ ᠣᠳᠤᠮ ᠳᠠᠰᠤᠷᠳᠠᠭ ᠦᠭᠡᠶ ᠶᠤᠮ᠃


ᠬᠠᠶᠠᠭ᠄ ᠰᠢᠠᠵᠢᠶᠠᠩ ᠬᠤᠪᠣᠭᠰᠠᠢ᠌ᠷᠢ ᠮᠤᠩᠭ᠋ᠤᠯ ᠥᠪᠠᠷᠳᠡᠭᠡᠨ ᠵᠠᠰᠬᠤ ᠰᠢᠶᠠᠨ

ᠵᠤᠬᠢᠶᠠᠭᠴᠢ᠄ ᠰᠤ᠋·ᠰᠠᠠᠳᠠᠭᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2721
ᠴᠠᠭ᠄ 2009 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ