ᠨᠡᠪᠲᠡᠷᠡᠨ ᠤᠷᠤᠬᠤ
ᠨᠠᠢ᠌ᠷᠠᠯᠳᠤ ᠲᠦᠪ ᠬᠠᠭᠠᠨ ᠡᠴᠠ ᠳᠤᠷᠭᠤᠳ ᠤᠨ ᠬᠠᠭᠠᠨ ᠳᠤ ᠶᠠᠪᠣᠭᠤᠯᠤᠭᠰᠠᠨ ᠪᠢᠴᠢᠭ᠌

ᠮᠡᠲ᠋ᠸᠷᠢᠶᠡᠯ


    ᠲ᠋ᠡᠭ᠍ᠷᠢ ᠶᠢᠨ ᠪᠣᠱᠤᠭ ᠶᠢᠡᠷ ᠴᠠᠭ ᠢ ᠡᠵᠡᠯᠡᠭ᠍ᠰᠡᠨ ᠬᠤᠸᠠᠩᠳᠢ ᠶᠢᠨ ᠵᠠᠷᠯᠢᠭ᠂ ᠳᠤᠷᠭᠤᠳ ᠤᠨ ᠬᠠᠨ ᠮᠠᠠᠳᠤ ᠪᠣᠶᠤ︖

    ᠣᠷᠢᠳᠠ ᠠᠶᠤᠭᠢ ᠬᠠᠨ᠂ ᠮᠢᠨᠤ ᠱᠸᠩᠵᠤ ᠬᠠᠭᠠᠨ ᠡᠴᠢᠭᠡ ᠶᠢᠨ ᠦᠷᠤᠰᠢᠶᠠᠯ ᠰᠤᠶᠤᠯ ᠢ ᠭᠦᠰᠡᠵᠤ᠂ ᠴᠢᠩ ᠨᠤᠳᠠ ᠦᠨᠡᠨ ᠰᠠᠨᠠᠭ᠎ᠠ ᠪᠠᠷ ᠣᠷᠤᠰ ᠤᠨ ᠵᠠᠮ ᠶᠢᠡᠷ ᠡᠯᠴᠢ ᠵᠠᠷᠤᠵᠤ ᠪᠢᠴᠢᠭ᠌ ᠠᠢ᠌ᠯᠠᠳᠬᠠᠨ ᠠᠮᠤᠭᠤᠯᠠᠩ ᠢ ᠡᠷᠢᠨ᠂ ᠭᠠᠵᠠᠷ ᠡᠴᠡᠭᠡᠨ ᠭᠠᠷᠤᠭᠰᠠᠨ ᠶᠠᠭᠤᠮ᠎ᠠ ᠶᠢ ᠪᠠᠯᠡᠭ᠌ ᠪᠠᠷᠢᠷ᠎ᠠ ᠢᠯᠡᠭᠡᠭ᠍ᠰᠡᠨ ᠢ ᠱᠸᠩᠽᠤ ᠬᠠᠭᠠᠨ ᠡᠴᠢᠭᠡ ᠭᠡᠭᠡᠨ ᠳᠡᠭᠡᠨ ᠠᠢ᠌ᠯᠠᠳᠴᠤ ᠰᠠᠢ᠌ᠰᠢᠶᠠᠵᠤ᠂ ᠳᠤᠰᠠᠯᠠᠨ ᠡᠯᠴᠢ ᠵᠠᠷᠤᠵᠤ ᠭᠡᠰᠢᠭ᠌ ᠭᠦᠷᠳᠡᠭᠦᠯᠤᠨ ᠰᠠᠢ᠌ᠨ ᠢ ᠢᠨᠤ ᠠᠰᠠᠭᠤᠷ᠎ᠠ ᠢᠯᠡᠭᠡᠭ᠍ᠰᠡᠨ ᠶᠠᠪᠣᠳᠠᠯ ᠪᠣᠢ ᠠᠮᠤᠢ᠃ ᠳᠠᠷᠠ ᠴᠠᠭ ᠲᠤᠷ ᠠᠶᠤᠭᠢ ᠬᠠᠨ ᠣᠷᠤᠰ ᠡᠴᠠ ᠵᠠᠮ ᠡᠷᠢᠵᠤ᠂ ᠵᠢᠴᠢ ᠡᠯᠴᠢ ᠵᠠᠷᠤᠰᠤᠭᠠᠢ ᠭᠡᠮᠡᠭ᠍ᠰᠡᠨ ᠪᠦᠯᠦᠭᠡ᠃ ᠡᠰᠡᠪᠠᠰᠤ ᠵᠡᠭᠦᠨ ᠭᠠᠷ ᠲᠤᠷ ᠪᠣᠭᠤᠭᠳᠠᠵᠤ ᠵᠠᠮ ᠳᠤᠭᠤᠯᠬᠤ ᠦᠭᠡᠶ᠂ ᠡᠰᠡᠪᠠᠰᠤ ᠣᠷᠤᠰ ᠡᠴᠠ ᠵᠠᠮ ᠡᠷᠢᠵᠤ ᠡᠰᠡ ᠣᠯᠤᠭᠰᠠᠨ ᠢ ᠴᠦᠮ ᠪᠣᠯᠵᠢᠵᠤ ᠦᠯᠦ ᠪᠣᠯᠤᠮᠤᠢ᠃

    ᠲ᠋ᠠᠨ ᠤ ᠳᠤᠷᠭᠤᠳ ᠠᠢ᠌ᠮᠠᠭ ᠭᠡᠳᠦᠢ ᠦᠰᠦᠳ ᠬᠤᠯᠠ ᠵᠠᠬ᠎ᠠ ᠳᠤᠷ ᠰᠠᠭᠤᠪᠠᠴᠤ᠂ ᠢᠵᠠᠭᠤᠷ ᠡᠴᠠ ᠲᠦᠯᠢᠶᠠᠨ ᠨᠠᠢ᠌ᠷᠠᠯᠳᠤ ᠰᠠᠢ᠌ᠨ ᠭᠡᠷᠡᠭ᠌ ᠢ ᠶᠠᠪᠣᠬᠤᠢ ᠳᠤᠷ ᠳᠤᠷᠠᠳᠠᠢ ᠣᠯᠤᠰ᠂ ᠦᠨᠡᠨ ᠰᠠᠨᠠᠭᠠᠨ ᠢ ᠭᠠᠷᠭᠠᠵᠤ ᠬᠤᠯᠠ ᠭᠠᠵᠠᠷ ᠡᠴᠠ ᠴᠢᠩ ᠦᠨᠡᠨ ᠶᠢᠡᠷ ᠠᠮᠤᠭᠤᠯᠠᠩ ᠢ ᠡᠷᠢᠵᠤ ᠶᠠᠪᠣᠭᠰᠠᠨ ᠢ ᠢᠨᠤ ᠱᠸᠩᠽᠤ ᠬᠠᠭᠠᠨ ᠡᠴᠢᠭᠡ ᠠᠢ᠌ᠯᠠᠳᠴᠤ᠂ ᠳᠠᠨ ᠤ ᠠᠽᠠᠷ ᠮᠠᠮᠤᠳ ᠤᠨ ᠭᠦᠪᠠᠭᠦᠨ ᠠᠷᠠᠪᠵᠤᠷ ᠦᠪᠡᠷ ᠤᠨ ᠡᠭᠡ ᠯᠤᠭᠡ ᠬᠠᠮᠳᠤ ᠪᠠᠷᠠᠭᠤᠨ ᠲᠦᠪᠡᠳ ᠲᠤᠷ ᠮᠦᠷᠭᠦᠷ᠎ᠡ ᠢᠷᠠᠵᠤ ᠬᠠᠷᠢᠵᠤ ᠣᠳᠬᠤᠢ ᠳᠤᠷ᠂ ᠽᠸᠸᠠᠩ ᠷᠠᠪᠳᠠᠨ ᠳᠤᠷ ᠪᠣᠭᠤᠭᠳᠠᠵᠤ ᠣᠳᠴᠤ ᠪᠣᠯᠬᠤ ᠦᠭᠡᠶ ᠣᠴᠢᠷ ᠢ ᠨᠢᠭᠦᠯᠡᠰᠤᠨ ᠦᠷᠤᠰᠢᠶᠠᠵᠤ᠂ ᠥᠪᠠᠳᠡᠭ᠍ᠰᠢ ᠨᠢᠭᠤᠷᠳᠠᠢ ᠪᠣᠯᠭᠠᠨ ᠪᠠᠢ᠌ᠰᠠ ᠡᠷᠭᠦᠮᠵᠢᠯᠡᠵᠤ᠂ ᠦᠷᠭᠦᠯᠵᠢ ᠭᠡᠰᠢᠭ᠌ ᠭᠦᠷᠳᠡᠭᠦᠯᠤᠨ ᠭᠦᠮᠦᠵᠢᠭᠦᠯᠵᠤ ᠦᠪᠡᠷ᠎ᠠ ᠳᠡᠵᠢᠭᠡᠵᠤ ᠰᠠᠭᠤᠯᠭᠠᠵᠤᠬᠤᠢ᠃ ᠪᠠᠰᠠ ᠺᠦᠮᠠᠩ ᠪᠯᠠᠮ᠎ᠠ ᠶᠢᠨ ᠱᠠᠪᠢᠨᠠᠷ ᠳᠠᠩᠭ᠋ᠤᠳ ᠲᠤᠷ ᠡᠵᠡᠯᠡᠭ᠍ᠳᠡᠵᠤ ᠬᠣᠢ᠌ᠰᠢ ᠬᠠᠷᠢᠵᠤ ᠪᠣᠯᠬᠤ ᠦᠭᠡᠶ ᠶᠢᠨ ᠳᠤᠯᠠᠳᠠ᠂ ᠴᠦᠮ ᠬᠤᠷᠢᠶᠠᠭᠠᠤᠨ ᠭᠡᠰᠢᠭ᠌ ᠭᠦᠷᠳᠡᠭᠦᠯᠤᠨ ᠳᠡᠵᠢᠭᠡᠪᠠᠢ᠃ ᠵᠡᠭᠦᠨ ᠭᠠᠷ ᠡᠴᠠ ᠣᠯᠵᠠᠯᠠᠵᠤ ᠠᠪᠴᠤ ᠢᠷᠡᠭ᠍ᠰᠡᠨ ᠳᠤᠷᠭᠤᠳ ᠤᠨ ᠠᠷᠠᠤᠨ ᠢ ᠴᠦᠮ ᠦᠪᠡᠷ ᠤᠨ ᠠᠢ᠌ᠮᠠᠭ ᠲᠤᠷ ᠨᠡᠢ᠌ᠯᠡᠭᠦᠯᠵᠤ ᠭᠡᠰᠢᠭ᠌ ᠭᠦᠷᠳᠡᠭᠡᠨ ᠳᠡᠵᠢᠭᠡᠵᠦᠭᠦᠢ᠃

    ᠰᠤᠨᠤᠰᠪᠠᠰᠤ ᠠᠶᠤᠭᠢ ᠬᠠᠨ ᠥᠩᠭᠡᠷᠡᠪᠠᠢ ᠭᠡᠮᠡᠮᠦᠢ᠃ ᠮᠠᠨ ᠤ ᠳᠤᠮᠳᠠᠳᠤ ᠣᠯᠤᠰ ᠠᠯᠢᠪᠠ ᠣᠯᠤᠰ ᠭᠢᠴᠢᠶᠡᠩᠭᠦᠢ ᠠᠶ᠎ᠠ ᠪᠠᠷ ᠶᠠᠪᠣᠭᠴᠢᠳ ᠢ ᠰᠠᠢ᠌ᠰᠢᠶᠠᠵᠤ ᠦᠷᠤᠰᠢᠶᠠᠨ ᠦᠵᠡᠮᠤᠢ᠃ ᠡᠳᠦᠭᠡ ᠪᠢ ᠶᠡᠭᠡ ᠰᠠᠭᠤᠷᠢᠨ ᠳᠤᠷ ᠰᠠᠭᠤᠪᠠᠢ ᠢᠵᠠᠭᠤᠷ ᠡᠴᠠ ᠠᠶᠤᠭᠢ ᠬᠠᠨ ᠴᠢᠩ ᠨᠤᠳᠠ ᠦᠨᠡᠨ ᠰᠠᠨᠠᠭ᠎ᠠ ᠪᠠᠷ ᠮᠢᠨᠤ ᠱᠸᠩᠽᠤ ᠬᠠᠭᠠᠨ ᠡᠴᠢᠭᠡ ᠶᠢᠨ ᠠᠮᠤᠭᠤᠯᠠᠩ ᠢ ᠡᠷᠢᠵᠤ ᠶᠠᠪᠣᠭᠰᠠᠨ ᠶᠠᠪᠣᠳᠠᠯ ᠪᠦᠭᠦᠢ ᠶᠢᠨ ᠳᠤᠯᠠᠳᠠ᠂ ᠪᠢ ᠰᠠᠢ᠌ᠰᠢᠶᠠᠨ ᠰᠠᠨᠠᠵᠤ ᠳᠤᠷᠭᠤᠳ ᠤᠨ ᠬᠠᠨ ᠴᠢᠨᠤ ᠰᠠᠢ᠌ᠨ ᠢ ᠠᠰᠠᠭᠤᠶ᠎ᠠ᠂ ᠡᠯᠴᠢ ᠮᠠᠢ᠌ᠷᠠᠨ ᠢ ᠵᠠᠩᠭᠢ ᠠᠭᠰᠠᠨ ᠮᠠᠠᠳᠠᠢ᠂ ᠮᠠᠢ᠌ᠷᠠᠨ ᠤ ᠵᠠᠩᠭᠢ ᠠᠭᠰᠠᠨ ᠪᠣᠳᠠᠰᠢ᠂ ᠮᠠᠢ᠌ᠷᠠᠨ ᠤ ᠵᠠᠩᠭᠢ ᠠᠭᠰᠠᠨ ᠶᠢ ᠵᠠᠷᠤᠪᠠᠢ᠃ ᠪᠣᠰᠤ ᠥᠭᠡ ᠵᠠᠷᠤᠭᠰᠠᠨ ᠡᠯᠴᠢ ᠶᠢᠨ ᠠᠮᠠᠨ ᠳᠤᠷ ᠪᠣᠢ᠃

    ᠲ᠋ᠤᠰᠯᠠᠨ ᠪᠠᠭᠤᠯᠬᠠᠪᠠᠢ᠃

             ᠨᠠᠢ᠌ᠷᠠᠯᠳᠤ ᠲᠦᠪ ᠤᠨ ᠳᠤᠯᠤᠳᠤᠭᠠᠷ (1729) ᠣᠨ᠂ ᠵᠤᠨ ᠤ ᠳᠤᠮᠳᠠᠳᠤ ᠰᠠᠷ᠎ᠠ ᠶᠢᠨ ᠠᠷᠪᠠᠨ ᠨᠢ᠋ᠮᠠᠨ᠎ᠠ


ᠵᠤᠬᠢᠶᠠᠭᠴᠢ ᠶᠢᠨ ᠬᠠ‍‌ᠶᠢᠭ ᠄ ᠧᠡᠩᠭᠢ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7469
ᠴᠠᠭ᠄ 2011 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ