☆ ᠳ·ᠮᠥᠩᠭᠡ
ᠴᠢ ᠮᠢᠨᠤᠭᠢ ᠪᠢᠰᠢ ᠪᠣᠯ ᠪᠢ ᠁
᠊᠊᠊᠊᠊᠊᠊᠊᠊᠊᠊᠊᠊᠊᠊ ᠨᠢᠭᠡᠨ ᠨᠠᠢ᠌ᠵᠢ ᠶᠢᠨ ᠥᠭᠡᠨ ᠡᠴᠡ ᠡᠰᠢᠯᠡᠪᠡ
ᠳᠠᠩᠭᠢᠯ ᠰᠠᠢ᠌ᠬᠠᠨ ᠢᠨᠢᠶᠠᠳᠤ ᠴᠢᠨᠢ ᠮᠢᠨᠤᠭᠢ ᠪᠢᠰᠢ ᠪᠣᠯ
ᠳᠠᠩᠰᠤᠭ ᠡᠨᠡ ᠣᠷᠴᠢᠯᠠᠩ ᠴᠤ ᠮᠢᠨᠤᠭᠢ ᠪᠢᠰᠢ
ᠳᠠᠪᠢᠯᠠᠩ ᠳᠤᠩᠭ᠋ᠤᠷᠠᠭᠰᠠᠨ ᠶᠢᠷᠳᠢᠠᠴᠤ ᠶᠢᠨ ᠪᠣᠭᠤᠮᠢ ᠶᠢ ᠳᠠᠰᠤ ᠳᠠᠰᠤ ᠳᠠᠰᠤᠯᠵᠤ
ᠳᠠᠮᠤ ᠳ᠋ᠸᠪᠠᠵᠠᠨ ᠤ ᠣᠷᠳᠤᠨ ᠳᠤ ᠪᠢ ᠵᠠᠷᠭᠤ ᠭᠦᠭᠡᠭᠡᠭᠦ ᠪᠠᠷ ᠣᠴᠢᠨ᠎ᠠ
ᠠᠩᠭᠢᠷ ᠴᠢ ᠮᠢᠨᠢ ᠮᠢᠨᠤᠭᠢ ᠪᠢᠰᠢ ᠪᠣᠯ
ᠠᠯᠳᠠᠨ ᠳᠡᠯᠡᠭᠡᠢ ᠴᠤ ᠮᠢᠨᠤᠭᠢ ᠪᠢᠰᠢ
ᠳᠠᠷᠢ ᠪᠠᠭᠯᠠᠭᠰᠠᠨ ᠵᠢᠷᠦᠭᠡ ᠪᠠᠨ ᠳᠠᠢ᠌ᠨ ᠤ ᠴᠢᠰᠤ ᠪᠠᠷ ᠠᠭᠰᠢᠭᠠᠵᠤ
ᠳᠠᠢ᠌ᠰᠤᠨ ᠡᠷᠯᠢᠭ᠌ ᠤᠨ ᠡᠭᠦᠳᠡᠨ ᠳᠤ ᠪᠢ ᠳᠠᠩᠰᠠ ᠣᠷᠪᠠᠭᠤᠯᠬᠤ ᠪᠠᠷ ᠣᠴᠢᠨ᠎ᠠ
ᠡᠩᠭᠦᠷᠡᠢ ᠴᠢ ᠮᠢᠨᠢ ᠮᠢᠨᠤᠭᠢ ᠪᠢᠰᠢ ᠪᠣᠯ
ᠡᠨᠡ ᠬᠤᠷᠸ᠎ᠠ ᠴᠤ ᠮᠢᠨᠤᠭᠢ ᠪᠢᠰᠢ
ᠡᠪᠴᠢᠭᠦᠤ ᠶᠢ ᠪᠣᠭᠤᠭᠰᠠᠨ ᠵᠠᠶᠠᠭᠠᠨ ᠤ ᠳᠤᠤᠷ ᠢ ᠭᠡᠭ᠍ᠵᠡ ᠭᠡᠭ᠍ᠵᠡ ᠭᠡᠷᠴᠢᠵᠤ
ᠡᠷᠯᠢᠭ᠌ ᠪᠣᠰᠬᠠᠭᠤᠯ ᠤᠨ ᠣᠷᠤᠨ ᠳᠤ ᠪᠢ ᠡᠭᠦᠳᠡ ᠶᠢ ᠨᠢ ᠪᠠᠯᠪᠠᠴᠢᠵᠤ ᠭᠦᠷᠦᠨ᠎ᠡ
ᠴᠢ ᠮᠢᠨᠤᠭᠢ ᠪᠢᠰᠢ ᠪᠣᠯ ᠪᠢ ᠪᠠᠶ᠎ᠠ ᠪᠠᠨ ᠬᠤᠤᠷᠯᠠᠨ᠎ᠠ
ᠴᠡᠴᠡᠭ᠌ ᠨᠠᠳᠠ ᠭᠡᠷᠡᠭ᠌ ᠦᠭᠡᠶ᠂ ᠬᠤᠸᠠᠷ ᠴᠤ ᠨᠠᠳᠠ ᠭᠡᠷᠡᠭ᠌ ᠥᠭᠡᠢ
ᠴᠢᠩ ᠰᠡᠳᠭᠢᠯ ᠤᠨ ᠨᠢᠯᠪᠣᠰᠤ ᠪᠠᠷ ᠪᠦᠳᠦᠭ᠍ᠰᠡᠨ ᠳᠠᠯᠠᠢ ᠯᠠ ᠭᠡᠷᠡᠭ᠍ᠳᠡᠢ
ᠳᠠᠷᠠ ᠳᠠᠯᠠᠢ ᠶᠢ ᠭᠠᠳᠤᠯᠤᠭᠠᠤᠨ ᠪᠢ
ᠳᠡᠭ᠍ᠷᠢ ᠶᠢᠨ ᠣᠷᠳᠤᠨ ᠳᠤ ᠣᠴᠢᠨ᠎ᠠ
ᠳᠠᠭᠢᠨᠢ ᠶᠢᠨ ᠣᠯᠠᠨ ᠰᠥᠷᠦᠭ᠌ ᠡᠴᠡ
ᠳᠠᠩᠴᠤ ᠴᠢᠮ᠎ᠠ ᠲᠡᠶ ᠪᠠᠨ ᠠᠳᠠᠯᠢ ᠶᠢ ᠯᠠ ᠡᠷᠢᠨ᠎ᠡ
ᠴᠢ ᠮᠢᠨᠤᠭᠢ ᠪᠢᠰᠢ ᠪᠣᠯ ᠪᠢ ᠪᠠᠶ᠎ᠠ ᠪᠠᠨ ᠬᠤᠤᠷᠯᠠᠨ᠎ᠠ
ᠪᠣᠳᠤᠯ ᠨᠠᠳᠠ ᠭᠡᠷᠡᠭ᠌ ᠦᠭᠡᠶ᠂ ᠪᠣᠯᠭᠢᠶᠠ ᠴᠤ ᠭᠡᠷᠡᠭ᠌ ᠥᠭᠡᠢ
ᠪᠣᠷᠤ ᠵᠢᠷᠦᠭᠡᠨ ᠤ ᠶᠠᠳᠠᠷᠠᠯ ᠶᠢᠡᠷ ᠪᠦᠳᠦᠭ᠍ᠰᠡᠨ
ᠪᠣᠰᠬᠤ ᠶᠢ ᠮᠡᠳᠡᠳᠡᠭ᠌ ᠦᠭᠡᠶ ᠨᠣᠢ᠌ᠷ ᠯᠠ ᠭᠡᠷᠡᠭ᠍ᠳᠡᠢ
ᠵᠡᠭᠦᠳᠤᠨ ᠤ ᠶᠡᠭᠡ ᠭᠤᠪᠢ ᠶᠢ ᠳᠤᠭᠤᠯᠤᠭᠠᠤᠨ ᠪᠢ
ᠵᠢᠰᠤᠳᠤ ᠳᠠᠭᠢᠨᠢ ᠶᠢᠨ ᠣᠷᠳᠤᠨ ᠳᠤ ᠭᠦᠷᠦᠨ᠎ᠡ
ᠵᠣᠢ᠌ᠯ ᠤᠨ ᠰᠠᠢ᠌ᠬᠠᠨ ᠦᠬᠢᠳ ᠤᠨ ᠳᠤᠮᠳᠠ ᠡᠴᠡ
ᠵᠥᠪᠭᠡᠨ ᠴᠢᠮ᠎ᠠ ᠲᠡᠶ ᠪᠠᠨ ᠠᠳᠠᠯᠢ ᠶᠢ ᠯᠠ ᠡᠷᠢᠨ᠎ᠡ᠃
ᠵᠤᠬᠢᠶᠠᠭᠴᠢ᠄ ᠳ·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2009 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ