ᠨᠡᠪᠲᠡᠷᠡᠨ ᠤᠷᠤᠬᠤ
ᠪᠢ ᠳᠠᠨᠤᠰ ᠶᠢᠡᠨ ᠰᠠᠨᠠᠵᠤ ᠶᠠᠪᠣᠯ᠎ᠠ

ᠪᠢ ᠳᠠᠨᠤᠰ ᠶᠢᠡᠨ ᠰᠠᠨᠠᠵᠤ ᠶᠠᠪᠣᠯ᠎ᠠ

ᠪᠢᠯᠢᠭ᠌ ᠤᠨ ᠳᠠᠩᠭᠢᠰ ᠳᠠᠯᠠᠢ ᠳᠡᠭᠡᠭᠦᠷ

ᠵᠢᠭᠦᠷ ᠪᠣᠯᠵᠤ ᠨᠢᠰᠭᠦ ᠶᠢ ᠰᠠᠨᠠᠵᠤ

ᠪᠢᠯᠳᠠᠤᠴᠢ ᠵᠢᠰᠤᠷ ᠬᠤᠶᠠᠷ ᠢ

ᠪᠢᠷ ᠤᠨ ᠰᠢᠳᠢ ᠪᠠᠷ ᠭᠠᠯᠳᠠᠬᠤ ᠭᠡᠮᠡᠨ

ᠪᠢᠳᠠᠷᠢᠶᠠᠨ ᠣᠭᠳᠠᠷᠭᠤᠢ ᠶᠢ ᠳᠠᠩᠳᠠ ᠪᠠᠷᠠᠯᠠᠵᠤ

ᠪᠢᠯᠢᠭ᠌ ᠤᠨ ᠰᠠᠯᠠᠮ᠎ᠠ ᠪᠠᠨ ᠪᠠᠵᠠᠭᠳᠠᠵᠤ ᠣᠳᠠᠯ᠎ᠠ


ᠰᠡᠩᠭᠡᠷᠢᠡᠴᠢᠨ ᠤ ᠳ᠋ᠡᠭᠦ ᠭᠠᠷᠠᠮ

ᠰᠡᠳᠭᠢᠯ ᠤᠨ ᠭᠦᠨ ᠳᠤ ᠴᠡᠩᠭᠡᠷᠯᠡᠭᠦ ᠮᠦᠴᠡ ᠡᠴᠡ

ᠵᠤᠷᠢᠭᠳᠤ ᠳᠤᠭᠳᠠᠬᠤ ᠶᠢᠨ ᠮᠤᠷᠢᠨ ᠤ ᠳᠤᠭᠤᠷᠠᠢ

ᠵᠤᠨ ᠤ ᠳᠠᠯ᠎ᠠ ᠶᠢ ᠵᠥᠰᠦᠭᠦ ᠬᠤᠷᠤᠮ ᠵᠢᠠᠷ  

ᠳᠡᠭ᠍ᠷᠢ ᠶᠢᠨ ᠭᠠᠯᠠᠭᠤ ᠭᠠᠳᠠ ᠮᠠᠢ᠌ᠷᠠᠨ ᠢ

ᠳᠡᠯᠭᠡᠭ᠍ᠰᠡᠨ ᠬᠠᠳᠠᠭ ᠪᠠᠷ ᠭᠦᠰᠡᠭᠦ ᠶᠢᠨ ᠳᠠᠪᠢᠯᠠᠩ ᠵᠢᠠᠷ  

ᠪᠢ ᠳᠠᠨᠤᠰ ᠶᠢᠡᠨ ᠰᠠᠨᠠᠵᠤ ᠶᠠᠪᠣᠯ᠎ᠠ


ᠦᠨᠳᠦᠷ ᠦᠨᠳᠦᠷ ᠠᠰᠠᠷ ᠤᠨ ᠭᠤᠳᠤᠮᠵᠢ ᠪᠠᠷ

ᠮᠤᠩᠭ᠋ᠤᠯ ᠮᠤᠷᠢ ᠪᠠᠨ ᠰᠤᠷᠠᠭᠯᠠᠵᠤ ᠶᠠᠪᠣᠯ᠎ᠠ

ᠥᠭᠡ ᠳᠠᠭᠤᠤ ᠦᠭᠡᠶ ᠦᠷᠭᠡᠨ ᠵᠡᠭᠡᠯᠢ ᠡᠴᠡ

ᠦᠨᠢᠳᠠ ᠶᠢᠨ ᠳᠦᠷᠦᠭᠡ ᠪᠠᠨ ᠵᠥᠯᠭᠦᠵᠤ ᠰᠠᠭᠤᠯ᠎ᠠ

ᠭᠡᠯᠡᠭᠡ ᠦᠭᠡᠶ ᠥᠭᠡ ᠮᠢᠨᠢ ᠠᠶᠠᠰ ᠶᠢᠡᠨ ᠠᠯᠳᠠᠭᠰᠠᠨ ᠴᠤ

ᠭᠢᠭᠡ ᠦᠭᠡᠶ ᠠᠵᠠ ᠮᠢᠨᠢ ᠵᠤᠳᠤᠭ ᠶᠢᠡᠨ ᠬᠠᠶᠠᠭᠰᠠᠨ ᠴᠤ

ᠪᠢ ᠳᠠᠨᠤᠰ ᠶᠢᠡᠨ ᠰᠠᠨᠠᠵᠤ ᠶᠠᠪᠣᠯ᠎ᠠ

ᠵᠠᠯᠠᠭᠤ ᠶᠢᠨ ᠵᠠᠮ ᠳᠡᠭᠡᠷ᠎ᠡ ᠪᠢ ᠪᠦᠳᠦᠷᠢᠵᠤ

ᠵᠠᠰᠠᠭ ᠤᠨ ᠬᠤᠳᠤᠭᠤᠷ ᠲᠤ ᠪᠢ ᠳᠠᠮᠳᠠᠷᠢᠵᠤ

ᠵᠠᠪᠠᠯ ᠢᠯᠠᠶ᠎ᠠ ᠭᠡᠰᠡᠨ ᠵᠠᠮᠤᠬ᠎ᠠ ᠶᠢᠨ ᠰᠠᠨᠠᠯ ᠲᠡᠶ

ᠵᠠᠭᠠᠯ ᠣᠯᠠᠭᠠᠨ ᠴᠢᠩᠭᠢᠰ ᠶᠢᠡᠨ ᠳᠠᠨᠢᠯ᠎ᠠ


ᠪᠢ ᠳᠠᠨᠤᠰ ᠶᠢᠡᠨ ᠰᠠᠨᠠᠵᠤ ᠶᠠᠪᠣᠯ᠎ᠠ

ᠦᠨᠦᠴᠢᠷᠠᠯ ᠭᠡᠭ᠍ᠴᠢ ᠶᠠᠭᠤ ᠭᠡᠮᠡᠨ

ᠡᠭᠦᠯᠡᠨ ᠳᠡᠭ᠍ᠷᠢ ᠶᠢ ᠣᠳᠠᠳᠠᠯ᠎ᠠ ᠰᠢᠷᠳᠠᠯ᠎ᠠ

ᠥᠭᠡ ᠭᠡᠯᠡ ᠬᠠᠢ᠌ᠯᠤᠯ᠎ᠠ ᠭᠡᠮᠡᠨ

ᠦᠷᠤᠴᠠᠨ ᠳᠡᠭᠡᠨ ᠭᠠᠯ ᠲᠡᠶ ᠦᠳᠡᠰᠢ ᠪᠠᠷ ᠪᠣᠰᠤᠯ᠎ᠠ

ᠦᠨᠳᠦᠷ ᠳᠡᠭ᠍ᠷᠢ ᠶᠢᠨ ᠣᠳᠤᠳ ᠶᠢᠡᠨ ᠰᠠᠨᠠᠵᠤ

ᠦᠨᠳᠦᠰᠦᠳᠠᠨ ᠶᠠᠰᠤᠳᠠᠨ ᠤ ᠨᠠᠷᠠ ᠪᠠᠨ ᠵᠢᠭᠠᠵᠤ

ᠪᠢ ᠳᠠᠨᠤᠰ ᠢ ᠪᠠᠨ ᠰᠠᠨᠠᠵᠤ ᠣᠳᠠᠯ᠎ᠠ


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ