ᠨᠡᠪᠲᠡᠷᠡᠨ ᠤᠷᠤᠬᠤ
ᠥᠨᠦᠴᠢᠨ ᠭᠦᠭᠡ ᠳᠠᠭ᠎ᠠ
᠊᠊᠊᠊᠊᠊᠊᠊᠊᠊᠊᠊᠊᠊᠊ ᠨᠤᠳᠤᠭ ᠤᠨ ᠳᠡᠭᠦᠤ ᠳᠠᠪᠬᠤᠷᠪᠠᠶᠠᠷ ᠤᠨ 《ᠦᠨᠦᠴᠢᠨ ᠭᠦᠭᠡ ᠳᠠᠭ᠎ᠠ》ᠨᠤᠮ ᠤᠨ ᠮᠢᠯᠢᠶᠠᠯᠠᠭ᠎ᠠ ᠳ᠋ᠤ


ᠰᠤᠷᠯᠠᠩᠬᠠᠨ ᠳᠠᠯ ᠡᠴᠠ ᠨᠢ ᠭᠠᠯ ᠴᠠᠭᠢᠵᠤ

ᠴᠤᠮᠪᠤᠨ ᠳᠤᠭᠤᠷᠠᠢ ᠡᠴᠠ ᠨᠢ ᠣᠴᠢ ᠭᠢᠯᠠᠰᠭᠢᠵᠤ

ᠴᠤᠯᠮᠤᠨ ᠨᠢᠳᠤᠨ ᠡᠴᠠ ᠨᠢ ᠭᠡᠷᠡᠯ ᠣᠢ᠌ᠵᠤ

ᠴᠢᠨ᠋ᠸ᠎ᠠ ᠶᠢᠨ ᠴᠢᠭᠢᠨ ᠡᠴᠠ ᠨᠢ ᠰᠠᠯᠭᠢ ᠱᠤᠤᠭᠢᠵᠤ

ᠰᠠᠢ᠌ᠨ ᠠᠭᠳᠠ ᠶᠢᠨ ᠰᠢᠠᠵᠢ ᠪᠦᠷᠢᠳᠦᠭ᠍ᠰᠡᠨ

ᠰᠠᠯᠭᠢᠴᠢ ᠭᠦᠯᠦᠭ᠌ ᠤᠨ ᠵᠢᠪᠬᠤᠭ᠎ᠠ ᠭᠠᠢ᠌ᠬᠠᠭᠤᠯᠤᠭᠰᠠᠨ

ᠪᠠᠶᠠᠠᠳᠠᠯ᠎ᠠ ᠶᠢᠨ ᠣᠨᠠᠭ᠎ᠠ

ᠪᠠᠶᠠᠭᠤᠳ ᠳᠠᠮᠠᠭ᠎ᠠ ᠲᠡᠶ ᠭᠦᠯᠦᠭ᠌


ᠬᠠᠵᠠᠭᠠᠷ ᠤᠨ ᠭᠢᠨᠢ ᠬᠠᠩᠭᠢᠨᠠᠭᠠᠨ ᠳ᠋ᠤ

ᠠᠢ᠌ᠷᠠᠭ ᠤᠨ ᠦᠨᠦᠷ ᠰᠠᠩᠭᠢᠰᠭᠢᠨ᠎ᠡ

ᠬᠠᠷ᠎ᠠ ᠣᠰᠤᠨ ᠭᠦᠶ‍ᠦᠳᠡᠯ ᠳᠤ ᠨᠢ

ᠨᠠᠢ᠌ᠷᠠᠭ ᠤᠨ ᠳᠠᠯᠪᠢ ᠵᠠᠳᠠᠷᠠᠰᠭᠢᠨ᠎ᠠ

ᠬᠤᠩᠭ᠋ᠤᠷ ᠣᠶᠠᠬᠠᠨ ᠢᠠᠴᠠᠭᠠᠨ ᠳᠤ ᠨᠢ

ᠢᠵᠢᠯᠢ ᠶᠢᠨ ᠳᠤᠤᠯᠢᠶᠠᠨ ᠠᠨᠢᠷᠠᠰᠭᠢᠨ᠎ᠠ

ᠬᠠᠰ ᠤᠨ ᠳᠤᠪᠣᠷᠤᠤᠳᠤ ᠪᠦᠭᠡᠷᠭᠡ ᠳᠤ ᠨᠢ

ᠬᠤᠷᠸ᠎ᠠ ᠳᠡᠯᠡᠭᠡᠢ ᠳᠦᠩᠭᠦᠰᠭᠢᠨ᠎ᠡ


ᠡᠷ᠎ᠡ ᠬᠤᠶᠠᠷ ᠵᠠᠭᠠᠯ ᠤᠨ ᠣᠳᠤᠮ

ᠣᠩᠭ᠋ᠤᠨ ᠰᠦᠷᠦᠭ᠌ ᠤᠨ ᠳᠠᠰᠤᠷᠬᠠᠢ

ᠦᠨᠦᠴᠢᠨ ᠭᠦᠭᠡ ᠳᠠᠭ᠎ᠠ ᠮᠢᠨᠤ︕

ᠦᠪᠡᠷᠴᠢᠯᠠᠵᠤ ᠴᠢᠮ᠎ᠠ ᠶᠢ ᠨᠢᠭᠡ ᠭᠤᠷᠣᠢ᠌ᠯᠠᠬᠤ ᠳ᠋ᠤ

《ᠦᠨᠢᠷ ᠴᠡᠴᠡᠭ᠌》 ᠊ᠤᠨ ᠭᠦᠷᠢᠶᠡᠯᠡᠩ ᠵᠢᠠᠷ

ᠤᠶᠠᠩ‍ᠭ᠎ᠠ ᠶᠢᠨ ᠳᠠᠭᠤᠨ ᠶᠢᠡᠷ ᠦᠣᠷᠰᠠᠨ᠎ᠡ

《ᠠᠯᠳᠠᠨ ᠭᠢᠩᠭ᠋ᠠᠨ》 ᠊ᠤ ᠡᠪᠦᠷ ᠳᠤ

ᠰᠢᠯᠦᠭ᠌ ᠪᠣᠯᠵᠤ ᠠᠷᠭᠤᠮᠠᠭᠨᠠᠨ᠎ᠠ

ᠥᠵᠡᠭ᠍ᠰᠡᠨ ᠪᠦᠭᠦᠨ ᠤ ᠨᠢᠳᠤ ᠶᠢ ᠬᠤᠵᠢᠷᠯᠠᠵᠤ

ᠬᠠᠷᠠᠭᠰᠠᠨ ᠪᠣᠯᠭᠠᠨ ᠤ ᠬᠠᠢ᠌ᠷ᠎ᠠ ᠶᠢ ᠳᠠᠳᠠᠨ᠎ᠠ


ᠤᠶᠠᠩ‍ᠭ᠎ᠠ ᠶᠢᠨ ᠨᠤᠭᠤᠭᠠᠨ ᠱᠤᠩ ᠳᠡᠭᠡᠷ᠎ᠡ

ᠡᠷ᠎ᠡ ᠭᠦᠯᠦᠭ᠌ ᠤᠨ ᠰᠣᠢ᠌ᠯᠠᠭ᠎ᠠ ᠠᠪᠤᠨ ᠰᠤᠷᠳᠤᠯᠵᠠᠭ᠎ᠠ

ᠦᠨᠦᠴᠢᠨ ᠭᠦᠭᠡ ᠳᠠᠭ᠎ᠠ ᠮᠢᠨᠤ︕

ᠦᠣᠷ ᠤᠨ ᠭᠡᠭᠡ ᠪᠠᠷ

ᠡᠷᠭᠡ ᠬᠤᠩᠭ᠋ᠤᠷ ᠳᠠᠭᠤᠨ ᠵᠢᠠᠷ

ᠢᠷᠭᠤᠢ ᠨᠢᠳᠤᠯᠠᠳᠠᠯ᠎ᠠ ᠦᠣᠷᠰᠠᠨ᠎ᠡ

ᠡᠵᠡᠨ ᠴᠢᠩᠭᠢᠰ ᠤᠨ ᠨᠢ᠋ᠮᠠᠨ ᠰᠢᠷᠭ᠎ᠠ ᠵᠢᠨ

ᠨᠢᠭᠡᠨ ᠪᠣᠯᠵᠤ ᠳᠠᠪᠭᠢᠨ᠎ᠠ ᠁


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12118
ᠴᠠᠭ᠄ 2011 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ