ᠨᠡᠪᠲᠡᠷᠡᠨ ᠤᠷᠤᠬᠤ
ᠰᠤᠷᠤᠭᠴᠢ ᠶᠢᠨ ᠰᠤᠷᠤᠯᠴᠠᠬᠤ ᠢᠳᠡᠪᠬᠢᠵᠢᠯ

ᠨᠢ᠍ᠭᠡ ᠂ ᠱᠠᠭᠠᠷᠳ᠋ᠠᠯᠭ᠎ᠠ ᠲᠤᠬᠢᠷᠠᠮᠵᠢ᠍ᠳ᠋ᠠᠢ ᠪᠠᠢ᠌ᠬᠤ ᠭᠡᠷᠡᠭ᠍ᠳ᠋ᠡᠢ᠃ ᠲᠠᠷᠤᠢ᠄

(1) ᠭᠡᠯᠡᠭᠦ ᠨᠢ ᠵᠠᠪᠠᠯ ᠶᠤᠰᠤᠲᠠᠢ ᠪᠠᠢ᠌ᠬᠤ ᠭᠡᠷᠡᠭ᠍ᠳ᠋ᠡᠢ᠃

(2) ᠰᠤᠷᠠᠬᠤ ᠨᠢ ᠵᠠᠪᠠᠯ ᠰᠤᠷᠤᠯᠭ᠎ᠠ ᠳᠤ ᠠᠰᠢ᠍ᠭᠳ᠋ᠠᠢ ᠪᠠᠢ᠌ᠬᠤ ᠭᠡᠷᠡᠭ᠍ᠳ᠋ᠡᠢ᠃

(3) ᠶᠠᠪᠤᠳ᠋ᠠᠯ ᠪᠦᠬᠦᠨ ᠳᠤ ᠪᠤᠳ᠋ᠠᠳ᠋ᠠᠢ ᠡᠴᠡ ᠡᠭᠦᠰᠭᠦ ᠭᠡᠷᠡᠭ᠍ᠳ᠋ᠡᠢ᠃

(4) ᠠᠵᠢ᠍ᠯ ᠰᠤᠷᠤᠯᠭ᠎ᠠ ᠶᠢᠨ ᠶᠠᠪᠤᠴᠠ ᠳᠤ ᠵᠠᠪᠠᠯ ᠢᠳ᠋ᠡᠭᠡᠯ ᠢ ᠨᠢ ᠨᠡᠮᠡᠭ᠍ᠳ᠋ᠡᠭᠦᠯᠭᠦ ᠬᠡᠷᠡᠭ᠍ᠳ᠋ᠡᠢ᠃

ᠬᠤᠶᠠᠷ ᠂ ᠰᠢ᠍ᠬᠦᠮᠵᠢ᠍ᠯᠡᠯ ᠤᠨ ᠲᠤᠮᠳ᠋ᠠ ᠮᠠᠭᠳ᠋ᠠᠭᠠᠯ ᠢ ᠵᠠᠪᠰᠠᠷᠯᠠᠨ ᠤᠷᠤᠭᠤᠯᠬᠤ ᠭᠡᠷᠡᠭ᠍ᠳ᠋ᠡᠢ᠃

(1) ᠦᠩᠭᠡᠷᠡᠭ᠍ᠰᠡᠨ ᠤ ᠠᠨᠠᠢ ᠲᠠᠳᠬᠠᠯ ᠢ ᠨᠢ ᠵᠠᠯᠠᠷᠠᠭᠤᠯᠬᠤ ᠶᠢ ᠠᠩᠬᠠᠷᠬᠤ ᠭᠡᠷᠡᠭ᠍ᠳ᠋ᠡᠢ᠃

(2) ᠵᠤᠷᠢ᠍ᠭᠤᠳ᠋ᠠ ᠪᠠᠷ ᠲᠡᠭᠦᠨ ᠤ ᠠᠮᠵᠢ᠍ᠯᠳ᠋ᠠ ᠶᠢ ᠨᠢ ᠨᠤᠳ᠋ᠠᠯᠠᠬᠤ ᠭᠡᠷᠡᠭ᠍ᠳ᠋ᠡᠢ᠃

(3) ᠵᠦ᠋ᠪᠭᠡᠨ ᠲᠡᠭᠦᠨ ᠤ ᠰᠢ᠍ᠯᠭᠠᠭᠰᠠᠨ ᠬᠤᠪᠢ ᠶᠢ ᠯᠡ ᠦᠵᠡᠭᠦ ᠪᠢᠰᠢ᠃

(4) ᠰᠠᠨᠠᠮᠰᠠᠷ ᠦᠭᠡᠶ ᠪᠡᠷ ᠲᠡᠭᠦᠨ ᠤ ᠬᠢᠯᠠᠰ ᠴᠢ᠍ᠭ᠌ ᠢ ᠤᠯᠠᠨ ᠤ ᠡᠮᠦᠨ᠎ᠠ ᠮᠠᠭᠳ᠋ᠠᠬᠤ᠃

ᠭᠤᠷᠪᠠ ᠂ ᠮᠠᠭᠳ᠋ᠠᠬᠤ ᠶᠢᠨ ᠬᠠᠮᠳ᠋ᠤ ᠵᠠᠪᠠᠯ ᠵᠤᠷᠢ᠍ᠭᠵᠢ᠍ᠭᠤᠯᠬᠤ ᠭᠡᠷᠡᠭ᠍ᠳ᠋ᠡᠢ᠃

(1) ᠲᠤᠷᠰᠢ᠍ᠯᠠᠭ᠎ᠠ ᠶᠢ ᠨᠢ ᠳ᠋ᠦ᠋ᠩᠨᠡᠭᠦ ᠶᠢ ᠤᠮᠳ᠋ᠠᠭᠠᠢ᠌ᠯᠠᠵᠤ ᠪᠤᠯᠬᠤ ᠦᠭᠡᠶ᠃

(2) ᠦᠷᠭᠦᠯᠵᠢ᠍ᠯᠡᠨ ᠴᠢ᠍ᠷᠮᠠᠢ᠌ᠬᠤ ᠶᠢ ᠪᠠᠳ᠋ᠤᠯᠠᠬᠤ ᠭᠡᠷᠡᠭ᠍ᠳ᠋ᠡᠢ᠃

(3) ᠠᠮᠵᠢ᠍ᠯᠳ᠋ᠠ ᠶᠢᠨ ᠡᠮᠦᠨ᠎ᠠ ᠲᠠᠷᠤᠥ ᠬᠢᠴᠢ᠍ᠶᠡᠩᠭᠦᠢ ᠪᠠᠢ᠌ᠬᠤ ᠶᠢ ᠠᠩᠬᠠᠷᠤᠨ᠎ᠠ᠃

(4) ᠰᠤᠷᠤᠯᠭ᠎ᠠ ᠶᠢᠨ ᠲᠠᠢ᠌ᠰᠤᠨ ᠪᠤᠯ ᠰᠡᠳᠭᠢᠯ ᠬᠠᠩᠬᠤ ᠶᠠᠪᠤᠳ᠋ᠠᠯ ᠭᠡᠳ᠋ᠡᠭ᠌ ᠢ ᠤᠢ᠌ᠯᠭᠠᠭᠤᠯᠤᠨ᠎ᠠ᠃

ᠲᠦ᠋ᠷᠪᠡ ᠂ ᠠᠭᠤᠴᠢ᠍ᠯᠠᠯ ᠤᠨ ᠲᠤᠮᠳ᠋ᠠ ᠴᠢ᠍ᠩᠭ᠋᠎ᠠ ᠨᠢ᠍ᠮᠪᠠᠢ ᠪᠠᠢ᠌ᠬᠤ ᠭᠡᠷᠡᠭ᠍ᠳ᠋ᠡᠢ᠃

(1) ᠶᠠᠪᠤᠳ᠋ᠠᠯ ᠪᠦᠬᠦᠨ ᠳᠤ ᠭᠡᠳ᠋ᠦᠷᠭᠡᠢ ᠬᠢᠵᠠᠭᠠᠷᠯᠠᠬᠤ ᠦᠭᠡᠶ᠃

(2) ᠨᠠᠭᠠᠳ᠋ᠤᠮ ᠡᠴᠡ ᠪᠤᠯᠵᠤ ᠰᠤᠷᠤᠯᠭ᠎ᠠ ᠪᠠᠨ ᠬᠠᠷᠰᠢ᠍ᠯᠠᠬᠤ ᠦᠭᠡᠶ᠃

(3) ᠦᠢ᠍ᠯᠡᠳ᠋ᠦᠯᠭᠡ ᠶᠢᠨ ᠲᠤᠮᠳ᠋ᠠ ᠠᠵᠢ᠍ᠭᠯᠠᠬᠤ ᠴᠢ᠍ᠳ᠋ᠠᠪᠤᠷᠢ ᠪᠠᠨ ᠲᠡᠭᠡᠭ᠍ᠰᠢ᠍ᠯᠡᠭᠦᠯᠦᠨ᠎ᠠ᠃

(4) ᠵᠦ᠋ᠢ ᠵᠤᠬᠢᠰᠳ᠋ᠠᠢ ᠨᠡᠢ᠌ᠭᠡᠮ ᠤᠨ ᠠᠰᠢ᠍ᠭᠳ᠋ᠠᠢ ᠠᠵᠢ᠍ᠯᠯᠠᠭ᠎ᠠ ᠳᠤ ᠤᠷᠤᠯᠴᠠᠬᠤ ᠭᠡᠷᠡᠭ᠍ᠳ᠋ᠡᠢ᠃

ᠲᠠᠪᠤ ᠂ ᠴᠢ᠍ᠳ᠋ᠠᠬᠤᠢ᠌ᠴᠠ ᠪᠦᠬᠦ ᠲᠠᠯ᠎ᠠ ᠶᠢ ᠨᠢ ᠬᠠᠷᠭᠠᠯᠵᠠᠬᠤ ᠭᠡᠷᠡᠭ᠍ᠳ᠋ᠡᠢ᠃

(1) ᠲᠤᠬᠢᠷᠠᠮᠵᠢ᠍ᠲᠠᠢ ᠰᠤᠷᠤᠯᠴᠠᠬᠤ ᠤᠷᠴᠢ᠍ᠨ ᠢ ᠪᠦᠷᠢ᠍ᠯᠳ᠋ᠦᠭᠦᠯᠬᠦ ᠭᠡᠷᠡᠭ᠍ᠳ᠋ᠡᠢ᠃

(2) ᠵᠦ᠋ᠢ ᠵᠤᠬᠢᠰᠳ᠋ᠠᠢ ᠠᠰᠢ᠍ᠭᠳ᠋ᠠᠢ ᠠᠵᠢ᠍ᠯᠯᠠᠭ᠎ᠠ ᠶᠢ ᠬᠢᠬᠦ ᠭᠡᠷᠡᠭ᠍ᠳ᠋ᠡᠢ᠃

(3) ᠨᠡᠢ᠌ᠭᠡᠮ ᠪᠠ ᠬᠠᠮᠳ᠋ᠤ ᠨᠦ᠋ᠬᠦᠳ ᠤᠨ ᠬᠠᠷᠢ᠍ᠴᠠᠭ᠎ᠠ ᠶᠢᠨ ᠲᠠᠯ᠎ᠠ ᠶᠢ ᠠᠩᠬᠠᠷᠬᠤ ᠭᠡᠷᠡᠭ᠍ᠳ᠋ᠡᠢ᠃

(4) ᠴᠢ᠍ᠬᠤᠯᠠ ᠲᠡᠶ ᠪᠢᠴᠢ᠍ᠭ᠌ ᠤᠨ ᠭᠡᠷᠡᠭ᠍ᠰᠡᠯ ᠵᠠᠷᠤᠳ᠋ᠠᠯ ᠢ ᠨᠢ ᠬᠠᠩᠭ᠋ᠠᠬᠤ ᠭᠡᠷᠡᠭ᠍ᠳ᠋ᠡᠢ᠃

ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 12055
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ