☆ ᠪᠦᠬᠡᠵᠢᠷᠭᠠᠯ
ᠣᠷᠴᠢᠯᠠᠩ ᠳᠤ ᠬᠤᠤᠰ ᠦᠭᠡᠶ ᠰᠢᠳᠢᠳᠤ ᠡᠭᠡᠰᠢᠭ᠌
ᠣᠯᠠᠨ ᠣᠯᠤᠰ ᠤᠨ ᠣᠷᠳᠤ ᠶᠢᠨ ᠳᠠᠭᠤᠨ ᠤ ᠣᠷᠤᠯᠳᠤᠭᠠᠨ ᠢ ᠥᠵᠡᠭᠡᠳ
ᠴᠤᠤᠷᠢᠶ᠎ᠠ ᠡᠭᠡᠰᠢᠭ᠌ ᠨᠢ
ᠰᠠᠠᠰᠠᠷ ᠤᠨ ᠠᠭᠤᠳᠠᠮ ᠢ ᠳᠡᠯᠡᠩᠭᠡᠨ
ᠴᠤᠭ ᠵᠢᠪᠬᠤᠭ᠎ᠠ ᠨᠢ
ᠳᠡᠭ᠍ᠷᠢᠯᠢᠭ᠌ ᠰᠦᠷ ᠶᠢᠡᠷ ᠪᠠᠳᠠᠷᠠᠩᠬᠠᠨ
ᠣᠷᠭᠢᠯ ᠰᠢᠷᠤᠩᠬᠠᠢ ᠨᠢ
ᠨᠠᠷᠠᠨ ᠶᠢᠡᠨ ᠣᠴᠢᠵᠤ ᠥᠨᠦᠰᠦᠩᠭᠡᠨ
ᠣᠠᠴᠠᠯᠢᠭ ᠨᠠᠮᠪᠠ ᠨᠢ
ᠰᠠᠷᠠᠨ ᠳᠠᠭᠢᠨᠢ ᠶᠢ ᠮᠥᠰᠢᠶᠡᠯᠭᠡᠩᠭᠡᠨ
ᠨᠤᠭᠤᠯᠤᠭ᠎ᠠ ᠬᠤᠪᠢᠷᠠᠯᠳᠠ ᠨᠢ
ᠣᠭᠠᠯᠵᠠ ᠬᠡ ᠵᠢᠷᠤᠭᠯᠠᠩᠬᠠᠨ
ᠨᠤᠲ᠋ ᠠᠶᠠᠰ ᠨᠢ
ᠣᠷᠭ᠎ᠠ ᠶᠢᠨ ᠥᠵᠦᠭᠦᠷ ᠨᠠᠭᠢᠯᠵᠠᠭᠤᠯᠤᠩᠬᠠᠨ
ᠣᠴᠢᠷ ᠰᠠᠳᠤᠪ ᠨᠢ
ᠠᠮᠢᠳᠤᠷᠠᠯ ᠠᠬᠤᠢ ᠶᠢ ᠳᠠᠭᠤᠯᠠᠩᠬᠠᠨ
ᠣᠤᠠᠬ᠎ᠠ ᠰᠠᠨᠠᠭ᠎ᠠ ᠨᠢ
ᠦᠨᠡᠨ ᠤ ᠵᠦᠢ᠌ ᠶᠢ ᠭᠦᠭᠡᠭᠡᠴᠡᠯᠳᠦᠩᠭᠡᠨ
ᠣᠯᠠᠨ ᠵᠠᠭᠤᠨ ᠤ ᠳᠡᠦᠭᠡ ᠶᠢ ᠳᠠᠮᠵᠢᠭᠰᠠᠨ
ᠣᠷᠴᠢᠯᠠᠩ ᠳᠤ ᠬᠤᠤᠰ ᠦᠭᠡᠶ ᠰᠢᠳᠢᠳᠤ ᠡᠭᠡᠰᠢᠭ᠌
ᠣᠳᠤᠮᠳᠤ ᠮᠤᠩᠭ᠋ᠤᠯ ᠤᠨ ᠮᠥᠩᠭᠡ ᠶᠢᠨ ᠡᠷᠳᠡᠨᠢ
ᠣᠷᠳᠤ ᠶᠢᠨ ᠳᠠᠭᠤᠤ ᠮᠢᠨᠢ ᠮᠠᠠᠳᠤᠳᠤᠭᠠᠢ᠂ ᠮᠠᠠᠳᠤᠳᠤᠭᠠᠢ︕
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ