ᠨᠡᠪᠲᠡᠷᠡᠨ ᠤᠷᠤᠬᠤ
ᠬᠠᠢ᠌ᠷ᠎ᠠ ᠭᠦᠡᠳᠦᠳᠤ ᠪᠣ ᠪᠠᠭᠰᠢ ᠪᠠ ᠳᠤᠷᠠᠰᠤᠯ ᠳᠤ ᠮᠥᠩᠭᠡᠷᠡᠭᠦ ᠶᠠᠷᠡᠨ ᠳᠤᠯᠤᠭ᠎ᠠ ᠭᠤᠷᠪᠠ ᠮᠢᠨᠢ

ᠡᠷᠳᠡᠮ ᠤᠨ ᠠᠯᠳᠠᠨ ᠦᠯᠦᠭᠡᠢ ᠭᠡᠵᠤ ᠡᠭᠡ ᠰᠤᠷᠭᠠᠭᠤᠯᠢ ᠶᠢ ᠮᠢᠨᠢ ᠭᠡᠯᠡᠳᠡᠭ᠌ ᠪᠣᠯ ᠡᠷᠳᠡᠮᠳᠤ ᠣᠯᠠᠨ ᠪᠠᠭᠰᠢᠨᠠᠷ ᠮᠢᠨᠢ ᠡᠩᠭᠡ ᠶᠢᠨ ᠴᠠᠭᠠᠨ ᠳᠠᠭᠳᠠᠭ᠎ᠠ ᠰᠢᠤ᠂ ᠡᠩᠭᠦᠷᠡᠢ ᠬᠠᠢ᠌ᠷᠠᠳᠤ ᠳᠡᠭᠦᠤ ᠨᠡᠷ ᠮᠢᠨᠢ᠂ ᠡᠷᠢᠯ ᠤᠨ ᠵᠢᠭᠦᠷ ᠲᠡᠶ ᠳᠡᠭ᠍ᠳᠡᠭᠡᠭᠡᠢ ᠰᠢᠤ᠂ ᠡᠨᠡ ᠯᠠ ᠠᠷᠢᠭᠤᠨ ᠡᠷᠳᠡᠮ ᠤᠨ ᠳᠠᠯᠠᠢ ᠡᠴᠡ᠂ ᠡᠷᠳᠡᠨᠢ ᠡᠪᠦᠷᠯᠡᠵᠤ ᠦᠳᠦ ᠰᠦᠳᠤ ᠪᠦᠷᠢᠳᠤᠨ᠂ ᠦᠨᠳᠦᠷ ᠣᠭᠳᠠᠷᠭᠤᠢ ᠳᠤ ᠳᠡᠭᠦᠯᠢᠨ ᠨᠢᠰᠭᠦ ᠳᠤ ᠪᠠᠨ᠂ ᠠᠴᠢᠯᠠᠯᠳᠤ ᠰᠤᠷᠭᠠᠭᠤᠯᠢ ᠶᠢᠨ ᠶᠢᠡᠨ ᠨᠢᠭᠡ ᠡᠪᠠᠰᠤ᠂ ᠨᠢᠭᠡ ᠴᠢᠯᠠᠭᠤ ᠶᠢ ᠨᠢ ᠭᠦᠷᠳᠡᠯ᠎ᠡ ᠵᠡᠭᠦᠳᠦᠯᠡᠨ ᠮᠦᠷᠦᠭᠡᠳᠴᠤ᠂ ᠡᠩᠰᠡᠷᠡᠨ ᠳᠤᠷᠠᠰᠴᠤ᠂ ᠠᠯᠳᠠᠨ ᠡᠴᠡ ᠦᠨᠡᠳᠠᠢ ᠠᠷᠢᠭᠤᠬᠠᠨ ᠵᠠᠯᠠᠭᠤ ᠨᠠᠰᠤ᠂ ᠡᠷᠭᠢᠮ ᠨᠠᠠᠳᠢᠨ ᠨᠥᠭᠦᠷᠯᠡᠯ ᠶᠢᠡᠨ ᠡᠷᠭᠢᠴᠡᠭᠦᠯᠤᠨ ᠳᠤᠷᠠᠰᠬᠤ ᠡᠷᠡᠨ ᠳᠤ ᠪᠠᠨ ᠡᠵᠢ ᠶᠢᠨ ᠡᠨᠡᠷᠢᠯ᠂ ᠠᠪᠣ ᠶᠢᠨ ᠬᠠᠢ᠌ᠷ᠎ᠠ ᠲᠡᠶ ᠰᠤᠷᠭᠠᠭᠤᠯᠢ ᠳᠤ ᠪᠠᠨ ᠡᠷᠭᠡ ᠦᠭᠡᠶ ᠳᠠᠯᠠᠷᠬᠠᠨ ᠪᠠᠶᠠᠷᠯᠠᠨ᠎ᠠ ᠳ᠋ᠠ︕ ᠳᠤᠮᠤᠭ᠎ᠠ ᠦᠭᠡᠶ ᠳᠡᠷᠡᠭᠦ ᠵᠠᠯᠠᠭᠤ ᠬᠠᠯᠠᠭᠤᠨ ᠨᠠᠰᠤᠨ ᠳᠤ ᠪᠠᠨ ᠳᠤᠭ᠎ᠠ ᠦᠭᠡᠶ ᠣᠯᠠᠨ ᠳᠤᠷᠠᠰᠤᠮᠵᠢ ᠭᠡᠯᠭᠢᠭ᠍ᠰᠡᠨ ᠪᠠᠶᠠᠷ ᠭᠤᠨᠢᠭ ᠲᠡᠶ ᠡᠳᠦᠷ ᠤᠳ ᠮᠢᠨᠢ ᠥᠩᠭᠡᠷᠡᠨ ᠣᠳᠤᠭᠰᠠᠨ ᠴᠤ ᠥᠭᠡᠳᠡᠯᠡᠨ ᠮᠠᠠᠳᠤᠬᠤ ᠴᠢᠭᠯᠡᠯ ᠢ ᠵᠢᠭᠠᠭᠰᠠᠨ ᠰᠤᠷᠭᠠᠭᠤᠯᠢ ᠮᠢᠨᠢ ᠭᠦᠷᠭᠦ ᠢᠷᠡᠭᠡᠳᠦᠢ ᠳᠤ ᠭᠦᠰᠡᠯ ᠢᠳᠡᠭᠡᠯ ᠶᠢᠡᠷ ᠠᠮᠢᠳᠤᠷᠠᠨ ᠣᠷᠤᠰᠢᠬᠤ ᠶᠢ ᠮᠢᠨᠢ ᠵᠥᠩᠨᠡᠭ᠍ᠰᠡᠨ ᠶᠤᠮ᠃

ᠬᠠᠯᠠᠭᠤᠴᠠᠵᠤ ᠪᠠᠢ᠌ᠬᠤ ᠳᠤ ᠬᠠᠵᠠᠭᠤ ᠪᠠᠷ ᠮᠦᠰᠤ ᠵᠠᠢ᠌ᠷᠮᠠᠭᠯᠠᠭᠰᠠᠨ ᠭᠦᠢᠳᠡᠨ ᠣᠮᠳᠠᠭᠠᠨ ᠪᠠᠷᠢᠴᠢᠬᠠᠠᠰᠠᠨ ᠬᠤᠷᠤᠰᠬᠠᠬᠤ ᠰᠢᠤᠬᠠᠨ ᠢᠨᠢᠶᠡᠮᠰᠦᠭᠯᠡᠵᠤ ᠶᠠᠪᠣᠳᠠᠭ ᠴᠤ ᠡᠮᠨᠡᠯᠭᠡ ᠳᠤ ᠰᠠᠭᠤᠭᠰᠠᠨ ᠰᠤᠷᠤᠭᠴᠢ ᠪᠠᠨ ᠭᠡᠵᠤ ᠨᠣᠢ᠌ᠷ ᠬᠤᠭᠤᠯᠠ ᠦᠭᠡᠶ ᠭᠦᠶ‍ᠦᠭ᠍ᠰᠡᠨ ᠪᠠᠭᠰᠢ ᠮᠢᠨᠢ᠂ ᠡᠷᠳᠡ ᠶᠢᠨ ᠳᠠᠮᠢᠷ ᠲᠤ ᠭᠠᠷᠭᠠᠬᠤ ᠭᠡᠵᠤ ᠢᠷᠡᠭᠡᠳ᠄ 《ᠪᠠᠭᠠᠪᠠᠭᠠᠢ ᠠᠳᠠᠯᠢ ᠪᠠᠪᠠᠢ᠌ᠳᠠᠯ᠎ᠠ ᠡᠮᠦᠰᠴᠢᠭᠡᠭᠡᠳ᠂ ᠳᠠᠮᠢᠷ ᠭᠢᠭᠦ ᠦᠭᠡᠶ ᠪᠠᠢ᠌ᠵᠤ ᠳᠠᠷᠭᠤᠯᠠᠯ᠎ᠠ ᠭᠡᠵᠤ ᠣᠷᠤᠭᠤ ᠴᠢᠷᠠᠢ᠌ᠯᠠᠭᠠᠤᠨ᠁ ᠭᠡᠵᠤ ᠠᠭᠤᠷᠯᠠᠳᠠᠭ ᠪᠠᠭᠰᠢ ᠮᠢᠨᠢ᠂ 《ᠥᠰᠦᠭ᠌ ᠶᠢᠡᠨ ᠢᠳᠡᠭᠦ ᠭᠡᠵᠤ ᠪᠠᠢ᠌ᠬᠤ ᠰᠢᠭ ᠥᠩᠭᠡᠷᠡᠤ ᠤᠢ᠌ᠷ᠎ᠡ ᠡᠴᠠ ᠪᠢᠴᠢᠭᠡᠳ᠂ ᠦᠰᠦᠷᠴᠤ ᠳᠡᠭᠦᠯᠢᠭᠦ ᠡᠷᠳᠡᠮ ᠶᠢᠡᠷ ᠭᠡᠷᠡᠮ ᠳᠠᠪᠠᠵᠤ ᠪᠣᠤᠪᠣ ᠠᠪᠣᠭᠠᠤᠨ᠂ ᠨᠢᠭᠡᠳᠦᠯᠳᠡᠢ ᠬᠤᠪᠴᠠᠰᠤ ᠪᠠᠨ ᠡᠮᠦᠰ᠂ ᠨᠢᠳᠠᠷ ᠨᠠᠷ᠎ᠠ ᠪᠠᠨ ᠬᠠᠢ᠌ᠷᠠᠯᠠ᠂ ᠴᠡᠪᠠᠷᠭᠡᠨ ᠰᠠᠭᠤᠵᠤ ᠣᠷᠤ ᠪᠠᠨ ᠳᠡᠭ᠍ᠰᠢᠭᠡᠨ ᠬᠤᠷᠢᠶᠠ᠂ ᠴᠢᠭᠢᠨ ᠳᠤ ᠪᠠᠨ ᠪᠢᠳᠡᠭᠡᠢ ᠡᠯᠳᠡᠪ ᠵᠠᠰᠠᠯ ᠵᠡᠭᠦ ᠁》 ᠭᠡᠵᠤ ᠰᠤᠷᠭᠠᠳᠠᠭ ᠪᠠᠭᠰᠢ ᠮᠢᠨᠢ᠃ ᠭᠦᠮᠤᠨ ᠤ ᠨᠤᠳᠤᠭ ᠲᠤ ᠭᠦᠰᠡᠯ ᠡᠷᠭᠦᠨ ᠳᠠᠮᠠᠤᠯᠠᠵᠤ ᠶᠠᠪᠣᠬᠤ ᠳᠤ ᠪᠠᠨ ᠭᠦᠭᠡᠷᠦᠭᠦᠨ ᠰᠤᠷᠤᠭᠴᠢᠳ ᠶᠢᠡᠨ ᠳᠤᠷᠠᠰᠴᠤ ᠶᠠᠪᠣᠭ᠎ᠠ ᠪᠢᠵᠠ︕ ᠪᠠᠶᠠᠰᠤᠯ᠂ ᠭᠤᠨᠢᠭ ᠪᠦᠭᠦᠢ ᠳᠤᠷᠠᠰᠬᠠᠯᠳᠤ ᠮᠦᠴᠡ ᠶᠢ ᠮᠠᠨ ᠲᠡᠶ ᠪᠠᠨ ᠬᠠᠮᠳᠤ ᠥᠩᠭᠡᠷᠡᠭᠦᠯᠵᠤ ᠶᠠᠪᠣᠭᠰᠠᠨ ᠶᠤᠮ᠃ ᠨᠠᠭᠤᠷ ᠲᠤ ᠪᠠᠨ ᠬᠤᠷᠭᠤᠳᠠᠬᠤ ᠠᠶᠠᠨ ᠤ ᠰᠢᠪᠠᠭᠤ ᠰᠢᠭ ᠨᠢᠯᠪᠣᠰᠤ ᠮᠡᠯᠳᠡᠭᠡᠨᠡᠭᠦᠯᠤᠨ ᠬᠤᠴᠤᠷᠬᠤ ᠳᠤ ᠪᠠᠨ ᠢᠷᠡᠭᠡᠳᠦᠢ ᠶᠢᠨ ᠮᠢᠨᠢ ᠰᠠᠢ᠌ᠬᠠᠨ ᠢ ᠵᠦᠩᠨᠠᠵᠤ ᠢᠷᠡᠭᠦ ᠮᠠᠷᠭᠠᠰᠢ ᠪᠠᠨ ᠵᠤᠷᠢᠭᠳᠠᠢ ᠣᠭᠳᠤᠭᠠᠷᠠᠢ ᠭᠡᠵᠤ ᠰᠡᠳᠭᠢᠯ ᠤᠨ ᠰᠠᠴᠤᠯᠢ ᠪᠠᠨ ᠡᠷᠭᠦᠭ᠍ᠰᠡᠨ ᠶᠤᠮ᠃

ᠲ᠋ᠠᠯᠠᠢ ᠶᠡᠭᠡ ᠬᠠᠢ᠌ᠷ᠎ᠠ ᠶᠢ ᠴᠢᠨᠢ ᠳᠡᠯᠡᠭᠡᠢ ᠪᠠᠶᠠᠰᠳᠠᠯ᠎ᠠ ᠳᠠᠭᠤᠯᠠᠵᠤ

ᠲ᠋ᠡᠯᠭᠡᠷ ᠶᠡᠭᠡ ᠠᠴᠢ ᠶᠢ ᠴᠢᠨᠢ ᠳᠠᠠᠵᠢ ᠨᠤᠭᠤᠭᠠᠷᠠᠳᠠᠯ᠎ᠠ ᠣᠶᠠᠩᠭ᠋ᠠᠯᠠᠶ᠎ᠠ︕

ᠦᠨᠢᠳᠠ ᠶᠢᠨ ᠡᠭᠡᠰᠢᠭ᠌ ᠶᠢᠡᠷ ᠰᠡᠳᠭᠢᠯ ᠳᠤ ᠰᠢᠩᠭᠡᠭ᠍ᠰᠡᠨ 《ᠳᠦᠷᠦᠭᠡᠨ ᠳᠠᠭᠤᠨ》 ᠵᠢᠡᠨ ᠳᠠᠨ ᠳᠤ ᠪᠠᠨ ᠳᠠᠭᠤᠯᠠᠵᠤ

ᠦᠰᠪᠦᠷᠢ ᠨᠠᠰᠤᠨ ᠤ ᠰᠠᠢ᠌ᠬᠠᠨ ᠮᠦᠴᠡᠰ ᠶᠢᠡᠨ ᠬᠠᠮᠳᠤ ᠪᠠᠷ ᠳᠤᠷᠠᠰᠤᠶ᠎ᠠ︕

ᠲ᠋ᠡᠨᠡᠭ᠌ ᠵᠠᠩᠨᠠᠵᠤ ᠳᠠᠨ ᠳᠤ ᠪᠠᠨ ᠮᠠᠭᠤᠬᠠᠢ ᠥᠭᠡ ᠶᠠᠷᠢᠴᠢᠬᠠᠭᠠᠤᠨ ᠮᠡᠷᠭᠡᠨ ᠶᠠᠭᠤᠮ᠎ᠠ ᠭᠡᠯᠡᠵᠤ ᠮᠠᠯᠵᠢᠶᠠᠨ ᠳᠤ ᠪᠠᠨ ᠳᠡᠢ᠌ᠯᠴᠢᠭᠡᠭ᠍ᠰᠡᠨ ᠰᠢᠭ᠌ ᠳᠡᠭ᠍ᠷᠢ ᠬᠠᠷᠠᠨ ᠰᠡᠩᠭᠡᠯᠵᠡᠭᠦ ᠳᠤ ᠪᠠᠨ ᠣᠬᠠᠭᠠᠨ ᠦᠭᠡᠶ ᠰᠤᠷᠤᠭᠴᠢ ᠡᠴᠠ ᠪᠠᠨ ᠨᠢᠭᠤᠵᠤ ᠰᠡᠭᠦᠷᠡᠰᠦᠯᠡᠭ᠍ᠰᠡᠨ ᠭᠤᠨᠢᠭ ᠢ ᠴᠢᠨᠢ ᠶᠠᠭᠠᠭᠢᠭᠠᠤᠨ ᠣᠪᠠᠢ᠌ᠯᠠᠭ᠎ᠠ ᠦᠭᠡᠶ ᠪᠢᠯᠠ︖ ᠠᠩᠭᠢ ᠶᠢᠨ ᠭᠤᠳᠤᠮᠵᠢᠨ ᠤ ᠮᠤᠬᠤᠷ ᠲᠤ ᠣᠳᠠᠳᠠᠯ᠎ᠠ ᠳᠠᠮᠠᠭᠢ ᠳᠠᠳᠠᠬᠤ ᠳᠤ ᠪᠠᠨ ᠣᠴᠢᠷ ᠢ ᠬᠠᠷᠠᠬᠠᠨ ᠣᠢ᠌ᠯᠠᠭᠠᠭᠠᠳᠤᠢ ᠭᠡᠵᠤ ᠠᠭᠤᠴᠢᠯᠠᠵᠤ ᠮᠠᠨ ᠢ ᠪᠠᠨ ᠴᠠᠭᠠᠳᠭᠠᠭᠰᠠᠨ ᠪᠠᠢ᠌ᠵᠠᠢ᠂ ᠣᠨᠠᠨ ᠳᠤᠰᠤᠨ ᠪᠠᠢ᠌ᠵᠤ ᠭᠦᠮᠤᠨ ᠪᠣᠯᠳᠠᠭ ᠤᠨ ᠵᠢᠮ᠎ᠠ ᠶᠢ᠂ ᠣᠭᠢᠯᠠᠨ ᠬᠠᠢ᠌ᠯᠠᠨ ᠪᠠᠢ᠌ᠵᠤ ᠪᠢ ᠣᠳᠤ ᠯᠠ ᠣᠬᠠᠭᠠᠷᠠᠵᠠᠢ︕

ᠠᠷᠤ ᠶᠢᠨ ᠳᠠᠯᠠᠪᠠᠢ ᠳᠤ ᠠᠮᠠᠨ ᠳᠤᠭᠢᠶ᠎ᠠ ᠬᠠᠰᠭᠢᠷᠴᠤ ᠬᠠᠮᠤᠭ ᠣᠯᠠᠨ ᠢ ᠰᠤᠴᠢᠳᠠᠯ᠎ᠠ 《ᠨᠢᠭᠡ᠂   ᠬᠤᠶᠡᠷ᠂   ᠭᠤᠷᠪᠡ᠂   ᠳᠦᠷᠪᠡ᠁》 ᠭᠡᠵᠤ ᠳᠦᠷᠴᠢᠭᠢᠨᠠᠳᠠᠯ᠎ᠠ ᠭᠦᠶ‍ᠦᠵᠤ ᠥᠩᠭᠡᠷᠡᠭᠦ ᠳᠤ ᠬᠠᠭᠠᠷᠠᠵᠤ ᠴᠥᠮᠦᠷᠡᠭᠦ ᠰᠢᠭ᠌ ᠳᠠᠮᠢᠷ ᠤᠨ ᠳᠠᠯᠠᠪᠠᠢ ᠳᠤᠷᠭᠢᠵᠤ᠂   ᠬᠠᠢ᠌ᠯᠤᠰᠢ ᠦᠭᠡᠶ ᠪᠣᠯᠤᠳ ᠵᠤᠷᠢᠭ ᠮᠠᠨ ᠳᠤ ᠣᠷᠭᠤᠵᠤ᠂ ᠬᠠᠳᠠᠭᠤ ᠪᠦᠭᠦᠨ ᠢ ᠶᠡᠭᠦᠷᠡᠭᠦᠯᠵᠤ ᠬᠠᠶᠠᠬᠤ ᠰᠦᠰᠦ ᠵᠠᠩᠭᠢᠷᠠᠵᠤ ᠢᠷᠡᠳᠡᠭ᠌ ᠡ᠂ ᠪᠠᠭᠰᠢ ᠮᠢᠨᠢ ᠳᠡᠭᠡᠭᠦ ᠳᠤ ᠣᠮᠤᠭᠰᠢᠯ ᠲᠡᠶ ᠨᠢ ᠠᠷᠭ᠎ᠠ ᠦᠭᠡᠶ ᠳᠤᠯᠤᠭᠠᠢ ᠭᠡᠳᠡᠢ᠌ᠨ ᠵᠤᠭᠰᠤᠨ᠎ᠠ᠃ ᠠᠩᠭᠢ ᠶᠢᠨ ᠪᠠᠢ᠌ᠴᠠᠭᠠᠯᠳᠠ ᠳᠤ ᠠᠷᠪᠠᠨ ᠭᠠᠷᠠᠭ ᠳᠠᠷᠠᠭᠠᠯᠠᠨ ᠳᠡᠷᠢᠭᠦᠯᠡᠵᠤ ᠠᠯᠳᠠᠷ ᠨᠠᠷ᠎ᠠ ᠪᠠᠨ ᠮᠠᠠᠳᠤᠭᠤᠯᠬᠤ ᠳᠤ᠂ ᠣᠷᠤᠯᠳᠤᠭᠠᠨ ᠮᠦᠷᠥᠢᠴᠡᠭᠡᠨ ᠳᠤ ᠣᠢ ᠣᠬᠠᠭᠠᠨ ᠣᠷ᠎ᠠ ᠴᠢᠳᠠᠪᠣᠷᠢ ᠪᠠᠨ ᠭᠠᠢ᠌ᠬᠠᠭᠤᠯᠬᠤ ᠳᠤ᠂ ᠠᠳᠤᠷᠢᠶ᠎ᠠ ᠶᠠᠭᠤ ᠪᠣᠯᠬᠤ ᠶᠢ ᠳᠠᠨ ᠤ ᠪᠠᠨ ᠮᠠᠩᠨᠠᠢ ᠡᠴᠠ ᠬᠠᠷᠠᠭ᠎ᠠ ᠦᠭᠡᠶ᠂ ᠭᠤᠨᠢᠭ ᠶᠠᠭᠤ ᠪᠣᠯᠬᠤ ᠶᠢ ᠳᠠᠨ ᠤ ᠪᠠᠨ ᠴᠢᠷᠠᠢ ᠡᠴᠠ ᠥᠵᠡᠭᠡ ᠦᠭᠡᠶ ᠶᠠᠪᠣᠯ᠎ᠠ᠃ ᠭᠢᠯᠠᠷᠠᠭᠤᠯᠵᠤ ᠶᠠᠪᠣᠭᠰᠠᠨ ᠵᠠᠯᠠᠭᠤ ᠨᠠᠰᠤᠨ ᠤ ᠴᠢᠨᠢ ᠣᠢ᠌ᠯᠠᠰ ᠢ ᠭᠢᠯᠠᠷᠠᠵᠤ ᠶᠠᠪᠣᠭᠰᠠᠨ ᠶᠠᠷᠡᠨ ᠳᠤᠯᠤᠭ᠎ᠠ ᠭᠤᠷᠪᠠ ᠴᠢᠨᠢ ᠪᠠᠭᠰᠢ ᠶᠢᠨ ᠰᠤᠷᠭᠠᠭᠤᠯᠢ ᠶᠢᠨ ᠥᠡᠴᠦᠭ᠌ ᠪᠦᠭᠦᠨ ᠳᠤ ᠣᠴᠢᠯᠠᠭᠤᠯᠵᠤ ᠶᠠᠪᠣᠭᠰᠠᠨ᠂ ᠪᠠᠯᠠᠷᠠᠰᠢ ᠦᠭᠡᠶ ᠣᠢ᠌ᠯᠠᠰ ᠢ ᠴᠢᠨᠢ ᠪᠢᠳᠠ ᠵᠠᠭᠠᠮᠵᠢᠯᠠᠵᠤ ᠪᠠᠳᠠᠷᠠᠬᠤ ᠮᠤᠩᠭ᠋ᠤᠯ ᠤᠨ ᠶᠢᠡᠨ ᠮᠠᠷᠭᠠᠰᠢ ᠶᠢ ᠴᠤᠭᠴᠠᠯᠠᠵᠤ ᠮᠠᠷᠠᠢ᠌ᠨ᠎ᠡ ︕

ᠲ᠋ᠤᠷᠠᠰᠤᠨ ᠰᠠᠨᠠᠬᠤ ᠳᠤ ᠪᠠᠨ ᠳᠠᠭᠤ ᠶᠢ ᠮᠢᠨᠢ ᠰᠤᠨᠤᠰᠤᠭᠰᠠᠨ ᠰᠢᠭ ᠪᠠᠶᠠᠰᠤᠭᠠᠷᠠᠢ

ᠲ᠋ᠠᠭᠤᠯᠠᠨ ᠨᠠᠷᠭᠢᠵᠤ ᠶᠠᠪᠣᠭᠰᠠᠨ ᠮᠠᠨᠢ ᠦᠴᠦᠭᠡᠳᠦᠷ ᠶᠤᠮ ᠰᠢᠭ᠌ ᠰᠠᠨᠠᠭᠳᠠᠨ᠎ᠠ


ᠪᠦᠮᠪᠦᠭᠡᠨ ᠳᠠᠯᠠᠪᠣᠷ ᠲᠤ ᠪᠦᠮᠪᠦᠭᠡ ᠰᠢᠭ᠌ ᠳᠡᠭᠦᠯᠢᠭ᠍ᠰᠡᠨ ᠠᠯᠢᠶ᠎ᠠ ᠳᠡᠭ᠍ᠵᠢᠨ ᠭᠦᠦᠴᠦᠦᠯ

ᠪᠦᠵᠢᠭ᠌ ᠤᠨ ᠣᠷᠤᠯᠳᠤᠭᠠᠨ ᠳᠤ ᠳᠤᠭᠤᠰ ᠰᠢᠭ ᠨᠠᠭᠢᠯᠵᠠᠭᠰᠠᠨ 《ᠰᠤᠷᠭᠠᠭᠤᠯᠢ ᠶᠢᠨ ᠬᠤᠸᠠᠷ》

ᠪᠦᠷᠢᠶᠡᠨ ᠦᠮᠦᠳᠦ ᠲᠡᠶ ᠨᠢᠳᠤᠨ ᠰᠢᠯ ᠲᠡᠶ ᠦᠨᠳᠦᠷ ᠭᠤᠸᠠᠯᠢᠭ ᠭᠡᠦᠭᠡᠨ

ᠪᠦᠭᠡᠴᠢᠨ ᠰᠢᠭ᠌ ᠪᠦᠳᠦᠭᠦᠨ ᠪᠠᠶ᠎ᠠ ᠲᠡᠶ ᠪᠦᠷᠢᠨ ᠴᠢᠳᠠᠪᠣᠷᠢ ᠲᠡᠶ ᠵᠠᠯᠠᠭᠤ


ᠰᠢᠯᠦᠭ᠌ ᠨᠠᠢ᠌ᠷᠠᠭ ᠤᠨ ᠰᠤᠳᠤᠨ ᠣᠶᠠᠩᠭ᠋ᠠᠯᠠᠭᠴᠢ ᠰᠡᠷᠭᠦᠯᠡᠩ ᠣᠬᠠᠭᠠᠯᠢᠭ ᠭᠡᠦᠭᠡᠨ

ᠱᠤᠭ ᠵᠥᠴᠦᠭᠡ ᠶᠢᠨ ᠣᠳᠤᠨ ᠳᠤᠭᠯᠠᠭᠴᠢ ᠬᠠᠷ᠎ᠠ ᠭᠦᠤ᠂ ᠰᠢᠷ᠎ᠠ ᠦᠬᠢᠨ

ᠰᠠᠮᠪᠠᠷ᠎ᠠ ᠶᠢᠨ ᠪᠢᠴᠢᠯᠭᠡ᠂ ᠰᠠᠷ᠎ᠠ ᠶᠢᠨ ᠰᠢᠯᠭᠠᠯᠳᠠ ᠶᠢᠨ ᠳᠡᠷᠢᠭᠦᠨ ᠰᠤᠷᠤᠯᠭ᠎ᠠ ᠶᠢᠨ ᠭᠡᠰᠢᠭᠦᠨ

ᠰᠠᠢ᠌ᠬᠠᠨ ᠳᠠᠭᠤᠯᠠᠪᠠᠴᠤ ᠳᠦᠷᠭᠡᠨ ᠠᠭᠤᠷ ᠲᠡᠶ ᠭᠡᠷᠡᠯ ᠳᠠᠳᠠᠭᠰᠠᠨ ᠨᠢᠳᠤ ᠲᠡᠶ ᠵᠠᠯᠠᠭᠤ


ᠵᠢᠷᠤᠭ ᠢ ᠦᠨᠡᠨ ᠰᠢᠭ᠌ ᠵᠢᠷᠤᠵᠤ ᠴᠢᠳᠠᠳᠠᠭ ᠬᠠᠷ᠎ᠠ ᠭᠦᠤ

ᠨᠠᠢ᠌ᠷᠠᠭ ᠢ ᠨᠠᠷᠠ ᠰᠢᠭ ᠰᠠᠴᠤᠷᠠᠳᠠᠯ᠎ᠠ ᠪᠢᠴᠢᠳᠡᠭ᠌ ᠦᠨᠳᠦᠷ ᠵᠠᠯᠠᠭᠤ

ᠬᠠᠩᠭᠢᠨᠠᠳᠠᠯ᠎ᠠ ᠢᠨᠢᠶᠠᠵᠤ ᠳᠠᠩᠭᠢᠨᠠᠳᠠᠯ᠎ᠠ ᠶᠤᠰᠤ ᠶᠠᠷᠢᠳᠠᠭ ᠰᠠᠢ᠌ᠬᠠᠨ ᠨᠢᠳᠤ ᠲᠡᠶ ᠭᠡᠦᠭᠡᠨ

ᠬᠠᠢ᠌ᠯᠵᠤ ᠣᠷᠤᠰᠳᠠᠯ᠎ᠠ ᠢᠨᠠᠭ ᠤᠨ ᠳᠠᠭᠤᠤ ᠳᠠᠭᠤᠯᠠᠳᠠᠭ ᠪᠣᠳᠤᠯ ᠬᠠᠳᠠᠭᠤ ᠬᠠᠷ᠎ᠠ ᠭᠦᠤ


ᠬᠠᠢ᠌ᠷ᠎ᠠ ᠶᠢᠨ ᠳᠠᠭᠤᠤ ᠪᠠᠨ ᠳᠠᠭᠤᠯᠠᠵᠤ ᠭᠦᠵᠦᠷ ᠤᠨ ᠲᠦᠯᠭᠡ ᠪᠠᠨ ᠳᠠᠯᠪᠢᠳᠠᠭ ᠭᠦᠭᠡᠷᠦᠭᠦᠨ ᠭᠡᠦᠭᠡᠨ

ᠬᠠᠷᠠᠬᠠᠨ ᠨᠢᠳᠤ ᠲᠡᠶ ᠳᠤᠳᠤᠷ ᠳᠠᠮᠢᠷ ᠲᠡᠶ ᠳᠠᠭᠤᠴᠢᠨ ᠦᠬᠢᠨ

ᠬᠠᠢ᠌ᠷ᠎ᠠ ᠶᠢ ᠪᠣᠯᠢᠶᠠᠮ᠎ᠠ ᠭᠦᠭᠡᠷᠦᠭᠦᠨ ᠢᠨᠢᠶᠠᠳᠤ ᠲᠡᠶ ᠳᠡᠭ᠍ᠵᠢᠨ ᠭᠡᠦᠭᠡᠨ

ᠪᠠᠶ᠎ᠠ ᠪᠠᠭ᠎ᠠ ᠴᠤ ᠳᠠᠷᠢᠭᠢ ᠰᠡᠷᠭᠦᠯᠡᠩ ᠪᠢᠯᠢᠭ᠌ ᠰᠠᠢ᠌ᠳᠠᠢ ᠳᠦᠷᠭᠡᠨ ᠵᠠᠩ ᠲᠡᠶ ᠦᠬᠢᠨ


ᠨᠤᠮᠤᠬᠠᠨ ᠵᠠᠩ ᠲᠡᠶ ᠨᠤᠮᠣᠢ᠌ᠬᠠᠨ ᠳᠦᠷᠢ ᠲᠡᠶ ᠨᠤᠳᠤᠭ ᠤᠨ ᠮᠢᠨᠢ ᠳᠠᠩᠭᠢᠯ ᠦᠬᠢᠨ

ᠨᠠᠭᠤᠷ ᠤᠨ ᠬᠤᠨ ᠰᠢᠭ ᠨᠠᠮᠤᠭᠤᠬᠠᠨ ᠳᠦᠷᠦᠭ᠍ᠰᠡᠨ ᠨᠢᠳᠤᠨ ᠰᠢᠯ ᠲᠡᠶ ᠭᠡᠦᠭᠡᠨ

ᠢᠨᠢᠶᠡᠭᠦ ᠶᠢ ᠶᠠᠷᠤ ᠮᠡᠳᠡᠳᠡᠭ᠌ ᠦᠭᠡᠶ ᠴᠤ ᠡᠶᠡᠯᠳᠡᠭ᠌ ᠵᠠᠩ ᠲᠡᠶ ᠬᠠᠷ᠎ᠠ ᠭᠦᠤ

ᠶᠡᠭᠡ ᠶᠢ ᠶᠠᠷᠢᠵᠤ ᠶᠤᠰᠤ ᠶᠢ ᠪᠠᠷᠢᠳᠠᠭ ᠤᠢ᠌ᠷ᠎ᠡ ᠬᠠᠷᠠᠭ᠎ᠠ ᠲᠡᠶ ᠴᠤ ᠬᠤᠯᠠ ᠶᠢᠨ ᠬᠠᠷᠠᠴᠠ ᠲᠡᠶ 《ᠳᠠᠷᠤᠭ᠎ᠠ》


ᠲ᠋ᠠᠭᠳᠠᠭ᠎ᠠ ᠨᠤᠭᠤᠯᠵᠤ ᠵᠠᠭᠢᠳᠠᠯ ᠪᠢᠴᠢᠳᠡᠭ᠌ ᠷᠤᠮᠠᠠᠲ᠋ᠢᠭ ᠬᠤᠶᠠᠷ ᠵᠠᠯᠠᠭᠤ

ᠲ᠋ᠠᠯ᠎ᠠ ᠶᠢᠨ ᠵᠡᠭᠡᠷ᠎ᠡ ᠰᠢᠭ᠌ ᠬᠤᠷᠳᠤᠨ ᠭᠦᠶ‍ᠦᠳᠡᠭ᠌ ᠫᠢᠩᠫᠣᠩ ᠪᠦᠮᠪᠦᠭᠡᠨ ᠤ ᠬᠤᠷᠤᠬᠠᠢ

ᠭᠢᠲ᠋ᠠᠷ ᠭᠦᠭ᠍ᠵᠢᠮᠳᠡᠵᠤ ᠳᠠᠭᠤᠤ ᠳᠠᠭᠤᠯᠠᠳᠠᠭ ᠲᠦᠯᠭᠡᠨ ᠵᠠᠩ ᠲᠡᠶ ᠠᠬ᠎ᠠ

ᠺᠢᠨᠤ᠋ ᠦᠵᠡᠵᠤ ᠵᠡᠭᠦᠳᠤ ᠪᠠᠨ ᠮᠠᠨᠠᠳᠠᠭ ᠵᠥᠭᠡᠯᠡᠨ ᠠᠪᠣᠷᠢ ᠲᠡᠶ ᠭᠡᠦᠭᠡᠨ


ᠭᠦᠤ ᠭᠦᠮᠤᠨ ᠤ ᠨᠠᠷ᠎ᠠ ᠲᠡᠶ ᠴᠤ ᠭᠡᠦᠭᠡᠨ ᠭᠦᠮᠤᠨ ᠳᠤ ᠯᠠ ᠪᠠᠢ᠌ᠳᠠᠭ ᠣᠶᠠᠬᠠᠨ ᠵᠠᠩ ᠲᠡᠶ ᠭᠡᠦᠭᠡᠨ

ᠬᠤᠷᠴᠠ ᠱᠠᠯᠠᠮᠠᠭᠠᠢ ᠬᠦᠩᠭᠡᠨ ᠪᠣᠰᠢᠭᠤ ᠭᠦᠳᠡᠯᠳᠡᠭ᠌ ᠪᠦᠮᠪᠦᠭᠡᠨ ᠳᠠᠯᠠᠪᠣᠷ ᠤᠨ 《ᠨᠢᠰᠳᠡᠭ᠌ ᠬᠤᠯᠤᠭᠠᠨ᠎ᠠ》

ᠨᠠᠷ᠎ᠠ ᠪᠠᠨ ᠠᠳᠠᠯᠢ ᠰᠦᠷᠡᠭᠡᠢ ᠪᠠᠶ᠎ᠠ ᠲᠡᠶ ᠴᠤ ᠨᠢᠳᠤ ᠪᠠᠨ ᠠᠳᠠᠯᠢ ᠰᠠᠢ᠌ᠬᠠᠨ ᠰᠡᠳᠭᠢᠯ ᠲᠡᠶ ᠵᠠᠯᠠᠭᠤ

ᠨᠢᠭᠤᠷ ᠨᠢ ᠬᠠᠷ᠎ᠠ ᠴᠤ ᠵᠢᠷᠦᠭᠡ ᠨᠢ ᠴᠠᠭᠠᠨ ᠪᠣᠯᠪᠠᠰᠤᠨ ᠶ‍ᠥᠮᠦᠷᠯᠢᠭ᠌ ᠦᠬᠢᠨ


ᠥᠰᠦᠭ᠌ ᠢ ᠰᠠᠢ᠌ᠬᠠᠨ ᠪᠢᠴᠢᠳᠡᠭ᠌ ᠥᠭᠡ ᠶᠢ ᠡᠪᠯᠢᠭ‍ᠭᠡᠨ ᠭᠡᠯᠡᠳᠡᠭ᠌ ᠶᠤᠰᠤᠷᠬᠠᠭ ᠭᠡᠦᠭᠡᠨ

ᠣᠰᠤᠯ ᠠᠯᠳᠠᠭ᠎ᠠ ᠶᠢ ᠮᠢᠨᠢ ᠠᠭᠤᠴᠢᠯᠠᠳᠠᠭ ᠴᠤ ᠣᠬᠠᠭᠠᠨ ᠦᠭᠡᠶ ᠠᠭᠠᠰᠢᠯᠠᠪᠠᠯ ᠵᠠᠩᠨᠠᠳᠠᠭ ᠬᠤᠶᠠᠷ ᠡᠭᠡᠴᠢ

ᠣᠰᠬᠠᠯ ᠳᠤᠩᠭ᠋ᠠᠯᠠᠭ ᠨᠢᠳᠤ ᠲᠡᠶ ᠣᠷᠠᠨ ᠵᠤᠬᠢᠶᠠᠯ ᠳᠤ ᠪᠠᠬ᠎ᠠ ᠲᠡᠶ 《ᠳᠠᠪᠣᠳᠤᠭᠠᠷ ᠠᠬ᠎ᠠ》

ᠠᠭᠤᠷᠯᠠᠬᠤ ᠶᠢ ᠮᠡᠳᠡᠳᠡᠭ᠌ ᠦᠭᠡᠶ ᠣᠷᠤᠭᠰᠢ ᠳᠠᠪᠰᠢᠬᠤ ᠶᠢ ᠵᠤᠷᠢᠳᠠᠭ ᠢᠴᠢᠮᠡᠳᠡᠭᠡᠢ ᠵᠠᠯᠠᠭᠤ


ᠠᠬ᠎ᠠ ᠭᠦᠮᠤᠨ ᠤ ᠬᠠᠯᠠᠮᠵᠢ ᠲᠡᠶ ᠠᠶᠠᠯᠭᠤ ᠳᠠᠭᠤᠤ ᠨᠢ ᠣᠶᠠᠩᠭ᠋ᠠᠳᠠᠢ ᠨᠠᠷᠢᠨ ᠨᠢᠳᠤ ᠲᠡᠶ ᠵᠠᠯᠠᠭᠤ

ᠠᠵᠠ ᠭᠡᠢ᠌ᠮᠦᠷᠢ ᠲᠡᠶ ᠠᠷᠢᠭᠤᠬᠠᠨ ᠨᠥᠭᠦᠷᠯᠡᠯ ᠲᠡᠶ ᠠᠷᠪᠠᠨ ᠨᠢ᠋ᠮᠠᠨ ᠨᠠᠰᠤ

ᠠᠳᠠᠷ ᠡᠷᠭᠦᠮ᠎ᠡ ᠢᠨᠢᠶᠠᠵᠤ ᠡᠭᠦᠰᠭᠡᠳᠡᠭ᠌ ᠭᠡᠦᠭᠡᠡᠴᠦᠳ ᠤᠨ ᠪᠠᠢ᠌ᠷᠢ

ᠠᠶᠠᠯᠭᠤ ᠳᠠᠭᠤᠤ ᠲᠡᠶ ᠭᠦᠷ ᠨᠠᠢ᠌ᠷ ᠲᠡᠶ ᠭᠤᠷᠪᠠᠳᠤᠭᠠᠷ ᠠᠰᠠᠷ ᠤᠨ ᠠᠩᠭᠢ ᠶᠢᠨ ᠭᠡᠷ


ᠲ᠋ᠦᠷᠡᠰᠬᠤ ᠶᠠᠭᠤᠮ᠎ᠠ ᠲᠡᠶ ᠠᠮᠢᠳᠤᠷᠠᠯ ᠰᠠᠢ᠌ᠬᠠᠨ

ᠲ᠋ᠠᠭᠤᠨ ᠳᠤ ᠪᠠᠨ ᠣᠶᠠᠷᠠᠬᠤ ᠮᠦᠷᠦᠭᠡᠳᠦᠯ ᠰᠠᠢ᠌ᠬᠠᠨ︕


2010.8.5


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2010 ᠤᠨ ᠤ 08 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ