ᠨᠡᠪᠲᠡᠷᠡᠨ ᠤᠷᠤᠬᠤ
ᠰᠠᠨᠠᠭᠠᠨ ᠤ ᠭᠤᠷᠪᠠᠨ ᠠᠢ᠌ᠵᠠᠮ

ᠪᠦᠵᠢᠭ᠌


ᠣᠶᠠᠨ ᠠᠢ᠌ᠵᠠᠮᠯᠢᠭ ᠠᠶᠠᠰ ᠳᠠᠭᠠᠵᠤ

ᠣᠯᠠᠨ ᠪᠦᠭᠦᠳᠡ ᠠᠭᠤᠰᠤᠯᠳᠤᠵᠤ ᠭᠠᠷᠤᠯ᠎ᠠ

ᠣᠴᠠᠷᠠᠯ ᠨᠠᠠᠳᠢᠩᠨᠠᠮ᠎ᠠ ᠡᠨᠡᠦᠭᠡᠨ ᠬᠤᠷᠤᠮ ᠳᠤ

ᠣᠶᠤᠨ ᠪᠣᠳᠤᠯ ᠳᠠᠪᠠᠷᠢᠯᠳᠤᠵᠤ ᠭᠠᠷᠤᠯ᠎ᠠ

ᠣᠷᠢ ᠳᠡᠭ᠍ᠵᠢᠨ ᠭᠡᠦᠭᠡᠨ ᠨᠠᠰᠤ

ᠣᠠᠴᠠ ᠳᠠᠢ᠌ᠪᠣᠭᠤᠬᠠᠨ ᠭᠦᠳᠡᠯᠦᠯ ᠳᠤ ᠥᠶᠡᠷᠭᠡᠨ

ᠣᠯᠳᠠᠭᠰᠠᠨ ᠳᠡᠷᠡᠭᠦ ᠮᠢᠡᠴᠦᠭᠦᠷᠡᠯ ᠳᠤ

ᠣᠢ᠌ᠳᠤᠭᠰᠠᠨ ᠰᠡᠳᠭᠢᠯ ᠤᠳ ᠪᠠᠶᠠᠰᠴᠤ ᠵᠠᠪᠳᠤᠯ᠎ᠠ

ᠤᠷᠢᠳ ᠪᠠᠢ᠌ᠭ᠎ᠠ ᠦᠭᠡᠶ ᠳᠠᠢ᠌ᠪᠣᠰᠢᠷᠠᠯ

ᠣᠬᠠᠭᠠᠨ ᠤ ᠡᠮᠵᠡᠭᠯᠡᠯ ᠤᠳ ᠢ ᠳᠤᠮᠨᠠᠵᠤ

ᠣᠩᠰᠢᠵᠤ ᠪᠠᠷᠠᠮ᠎ᠠ ᠦᠭᠡᠶ ᠰᠡᠵᠢᠭ᠌ ᠤᠳ

ᠣᠭᠳᠠᠷᠭᠤᠢ ᠶᠢᠨ ᠭᠦᠨ ᠳᠤ ᠰᠤᠯᠢᠷᠠᠯ᠎ᠠ ᠁


ᠰᠡᠵᠢᠭ᠌


ᠴᠢᠷᠠᠢ ᠪᠠᠨ ᠪᠦᠦᠭᠡᠨ ᠪᠠᠷᠣᠢ᠌ᠭᠠᠤᠨ ᠪᠣᠢ᠂ ᠨᠠᠢ᠌ᠵᠠ ᠮᠢᠨᠢ

ᠴᠢᠮᠠᠳᠤ ᠣᠰᠤᠯᠳᠠᠭᠰᠠᠨ ᠵᠣᠢ᠌ᠯ ᠠᠯᠠᠭ᠎ᠠ ᠪᠢᠯᠠ

ᠴᠢᠭᠢᠨ ᠳᠤ ᠴᠢᠨᠢ ᠱᠤᠤᠭᠢᠬᠤ ᠣᠷᠠᠨ ᠥᠭᠡᠰ ᠢ ᠢᠳᠡᠭᠡᠨ

ᠴᠡᠭᠡᠵᠢᠨ ᠳᠡᠭᠡᠨ ᠪᠢᠳᠡᠭᠡᠢ ᠬᠠᠷ᠎ᠠ ᠪᠣᠳᠤᠭᠠᠷᠠᠢ

ᠴᠢᠭᠢᠷᠠᠭ ᠡᠷᠡᠭᠦᠯ ᠮᠠᠬᠠᠪᠣᠤᠨ ᠶᠠᠷᠤᠨᠢ

ᠴᠢᠩᠭ᠋ᠠᠬᠠᠨ ᠰᠡᠵᠢᠭ᠌ ᠲᠤ ᠢᠳᠡᠭ᠍ᠳᠡᠳᠡᠭ᠌ ᠶᠤᠮ

ᠴᠢᠮᠪᠠᠢ ᠢᠳᠡᠷᠡᠭᠦᠨ ᠨᠥᠭᠦᠷᠯᠡᠯ ᠶᠠᠷᠤᠨᠢ

ᠴᠢᠪᠢᠯᠳᠤ ᠳᠠᠭᠠᠪᠣᠷᠢ ᠳᠤ ᠴᠤᠴᠠᠷᠠᠳᠠᠭ ᠶᠤᠮ ᠡ ︕

ᠴᠢᠮᠢ᠋ᠢ ᠭᠡᠰᠡᠨ ᠨᠠᠢ᠌ᠵᠠ ᠶᠢᠨ ᠶᠢᠡᠨ ᠨᠢᠩᠵᠢᠨ ᠰᠡᠳᠭᠢᠯ ᠢ

ᠴᠢ ᠳᠡᠭᠡᠵᠤ ᠰᠡᠵᠢᠭ᠌ ᠶᠢᠡᠷ ᠴᠠᠪᠴᠢᠵᠤ ᠪᠣᠯᠤᠮ᠎ᠠ ᠦᠭᠡᠶ ᠪᠢᠯᠠ᠃


ᠴᠠᠯᠠᠭᠠᠢ᠌ᠳᠠᠯ


ᠣᠬᠤᠷᠬᠠᠨ ᠴᠠᠭ ᠤᠨ ᠡ᠊ᠨᠳᠡᠭᠦᠷᠡᠯ

ᠣᠤᠭᠠᠨ ᠬᠠᠢ᠌ᠷ᠎ᠠ ᠶᠢ ᠮᠢᠨᠢ ᠰᠢᠳᠠᠭᠠᠮ᠎ᠠ

ᠣᠷᠤᠭ᠎ᠠ ᠵᠠᠢ᠌ᠳᠠᠩ ᠪᠣᠳᠤᠯ ᠶᠢᠡᠷ

ᠣᠰᠤᠯ ᠭᠠᠯᠯᠠᠳᠠᠭ ᠪᠠᠢ᠌ᠨ᠎ᠠ ᠡ ︕

ᠵᠠᠯᠢᠷᠬᠠᠭ ᠡᠶᠡᠰᠢᠭᠦᠨ ᠠᠭᠠᠯᠢ ᠳ᠋ᠤᠨᠢ

ᠵᠠᠯᠠᠭᠤ ᠳᠠᠨᠢᠯᠳᠠ ᠮᠢᠨᠢ ᠰᠤᠭᠳᠤᠭᠤᠷᠠᠵᠤ

ᠵᠠᠰᠠᠬᠤ ᠶᠢᠨ ᠊ᠭ᠍ᠱᠡᠨ ᠳᠤ ᠬᠤᠪᠢᠷᠠᠴᠢᠬᠠᠳᠠᠭ

ᠵᠠᠩ ᠢ ᠴᠢᠨᠢ ᠬᠤᠵᠢᠮᠳᠠᠵᠤ ᠮᠠᠳᠠᠯ᠎ᠠ᠃

ᠦᠷᠦᠴᠠ ᠶᠢ ᠴᠤᠭᠤᠴᠢᠮ᠎ᠠ ᠴᠢᠨᠤ ᠬᠠᠷᠠᠴᠠ

ᠥᠶᠡᠷᠭᠡᠯ ᠪᠢᠰᠢ ᠮᠡᠭᠡᠯᠡᠯ ᠶᠤᠮ ᠬᠣᠢ᠌ᠨ᠎ᠠ

ᠦᠨᠡᠨ ᠵᠢᠷᠦᠭᠡᠨ ᠤ ᠥᠭᠡ ᠭᠡᠵᠤ

ᠦᠨᠡᠨ ᠳᠡᠭᠡᠨ ᠴᠢᠮᠠᠳᠤ ᠪᠠᠢ᠌ᠭ᠎ᠠ ᠦᠭᠡᠶ ᠪᠢᠯᠠ᠃

ᠴᠢᠮ᠎ᠠ ᠲᠡᠶ ᠶᠠᠪᠣᠯᠴᠠᠭᠰᠠᠨ ᠴᠠᠭ ᠶᠢᠡᠨ ᠪᠢ

ᠵᠡᠭᠦᠳᠤ ᠪᠠᠷ ᠪᠣᠳᠤᠵᠤ ᠮᠠᠷᠳᠠᠵᠤ ᠣᠷᠭᠢᠶ᠎ᠠ

ᠴᠢᠩ ᠰᠡᠳᠭᠢᠯ ᠤᠨ ᠶᠢᠡᠨ ᠬᠠᠪᠢ ᠡᠷᠭᠢᠨ ᠳᠤ

ᠴᠠᠯᠠᠭᠠᠢ᠌ᠳᠠᠯ ᠪᠣᠯᠭᠠᠵᠤ ᠨᠠᠭᠠᠵᠤ ᠣᠩᠰᠢᠶ᠎ᠠ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 03 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ